1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠬᠣᠷᠢᠨ ᠨᠠᠢ᠌ᠮᠠ
 ᠰᠠᠦ᠋ᠯ ᠰᠦᠨᠡᠰᠦ ᠳᠠᠭᠤᠳᠠᠭᠴᠢ ᠡᠮ᠎ᠡ ᠶᠢᠨ ᠳᠤ

1 ᠲᠡᠷᠡ ᠦᠶ᠎ᠡ ᠳᠦ ᠹᠢᠯᠢᠰᠲ᠋ᠴᠦᠳ ᠢᠰᠷᠧᠯ ᠲᠠᠢ ᠲᠤᠯᠤᠯᠳᠤᠬᠤ ᠪᠠᠷ ᠴᠡᠷᠢᠭ ᠢᠶᠠᠨ ᠴᠤᠭᠯᠠᠭᠤᠯᠪᠠ᠃ ᠠᠺᠢᠱ ᠳ᠋ᠠᠸᠢᠳ᠋ ᠲᠤ᠄ 《ᠴᠢ ᠪᠣᠯᠣᠨ ᠴᠢᠨᠦ ᠬᠥᠮᠦᠰ ᠨᠠᠳᠠ ᠲᠠᠢ ᠬᠠᠮᠲᠤ ᠲᠤᠯᠤᠯᠳᠤᠭᠠᠨ ᠳᠤ ᠶᠠᠪᠤᠨ᠎ᠠ ᠭᠡᠳᠡᠭ ᠢ ᠮᠡᠳᠡᠵᠦ ᠠᠪ︕》 ᠭᠡᠵᠦ ᠬᠡᠯᠡᠪᠡ᠃ 2 ᠳ᠋ᠠᠸᠢᠳ᠋ ᠠᠺᠢᠱ ᠲᠤ᠄ 《ᠵᠠ᠂ ᠶᠠᠭᠠᠬᠢᠬᠤ ᠪᠤᠢ᠃ ᠪᠣᠭᠣᠯ ᠤᠨ ᠢᠶᠠᠨ ᠶᠠᠭᠤ ᠬᠢᠵᠦ ᠴᠢᠳᠠᠬᠤ ᠶᠢ ᠲᠠ ᠮᠡᠳᠡᠬᠦ ᠪᠣᠯᠣᠨ᠎ᠠ》 ᠭᠡᠰᠡᠨ ᠳᠦ᠂ ᠠᠺᠢᠱ ᠳ᠋ᠠᠸᠢᠳ᠋ ᠲᠤ᠄ 《ᠵᠠ᠂ ᠵᠠ᠂ ᠪᠢ ᠴᠢᠮᠠᠶᠢ ᠨᠠᠰᠤᠨ ᠲᠤᠷᠰᠢ ᠳᠠᠭᠠᠨ ᠥᠪᠡᠷ ᠦᠨ ᠢᠶᠠᠨ ᠰᠢᠳᠠᠷ ᠬᠠᠮᠠᠭᠠᠯᠠᠭᠴᠢ ᠪᠣᠯᠭᠠᠶ᠎ᠠ》 ᠭᠡᠪᠡ᠃

3 ᠡᠨᠡ ᠬᠣᠭᠣᠷᠣᠨᠳᠣ ᠰᠠᠮᠦ᠋ᠶᠧᠯ ᠥᠭᠡᠳᠡ ᠪᠣᠯᠪᠠ᠃ ᠪᠦᠬᠦ ᠢᠰᠷᠧᠯ ᠲᠡᠭᠦᠨ ᠦ ᠲᠥᠯᠥᠭᠡ ᠭᠠᠰᠢᠭᠤᠳᠠᠵᠤ᠂ ᠲᠡᠭᠦᠨ ᠢ ᠥᠪᠡᠷ ᠦᠨ ᠬᠢᠨᠢ ᠬᠣᠲᠠ ᠷᠠᠮᠠ ᠳᠤ ᠣᠷᠣᠰᠢᠭᠤᠯᠪᠠ᠃ ᠰᠠᠦ᠋ᠯ ᠴᠤ ᠰᠦᠨᠡᠰᠦ ᠳᠠᠭᠤᠳᠠᠭᠴᠢᠳ ᠪᠠ ᠮᠡᠷᠭᠡᠴᠢ ᠲᠥᠯᠭᠡᠴᠢᠳ ᠢ ᠤᠯᠤᠰ ᠣᠷᠣᠨ ᠠᠴᠠ ᠪᠠᠨ ᠬᠥᠭᠡᠭᠡᠭᠰᠡᠨ ᠪᠠᠢᠯ᠎ᠠ᠃ 4 ᠹᠢᠯᠢᠰᠲ᠋ᠴᠦᠳ ᠴᠤᠭᠯᠠᠨ ᠢᠷᠡᠵᠦ ᠱᠦᠨᠧᠮ ᠳᠤ ᠬᠤᠸᠠᠷᠠᠩᠨᠠᠬᠤ ᠳᠤ᠂ ᠰᠠᠦ᠋ᠯ ᠪᠦᠬᠦ ᠢᠰᠷᠧᠯ ᠢ ᠴᠤᠭᠯᠠᠭᠤᠯᠤᠨ ᠭᠢᠯᠪᠣᠶ᠎ᠠ ᠳᠤ ᠬᠤᠸᠠᠷᠠᠩᠨᠠᠨ ᠪᠠᠭᠤᠪᠠ᠃ 5 ᠰᠠᠦ᠋ᠯ ᠹᠢᠯᠢᠰᠲ᠋ᠴᠦᠳ ᠦᠨ ᠬᠤᠸᠠᠷᠠᠨ ᠢ ᠦᠵᠡᠭᠡᠳ ᠠᠢᠳᠠᠰ ᠲᠤ ᠠᠪᠲᠠᠨ ᠵᠢᠷᠦᠬᠡ ᠨᠢ ᠴᠡᠴᠡᠷᠡᠪᠡ᠃ 6 ᠰᠠᠦ᠋ᠯ ᠶᠣᠬᠣᠸᠠ ᠠᠴᠠ ᠠᠰᠠᠭᠤᠭᠰᠠᠨ ᠳᠤ᠂ ᠶᠣᠬᠣᠸᠠ ᠲᠡᠭᠦᠨ ᠳᠦ ᠵᠡᠭᠦᠳᠦ ᠪᠡᠷ ᠴᠤ᠂ ᠦᠷᠢᠮ 21  ᠢᠶᠠᠷ ᠴᠤ᠂ ᠡᠰᠢ ᠦᠵᠡᠭᠦᠯᠦᠭᠴᠢᠳ ᠢᠶᠠᠷ ᠴᠤ ᠬᠠᠷᠢᠭᠤ ᠥᠭᠭᠥᠭᠰᠡᠨ ᠦᠭᠡᠢ᠃ 7 ᠰᠠᠦ᠋ᠯ ᠵᠠᠷᠤᠴᠠ ᠨᠠᠷ ᠲᠠᠭᠠᠨ᠄ 《ᠨᠠᠳᠠ ᠳᠤ ᠰᠦᠨᠡᠰᠦ ᠳᠠᠭᠤᠳᠠᠭᠴᠢ ᠡᠮ᠎ᠡ ᠡᠷᠢᠵᠦ ᠥᠭ᠃ ᠪᠢ ᠣᠴᠢᠵᠤ ᠲᠡᠷᠡ ᠡᠮ᠎ᠡ ᠡᠴᠡ ᠠᠰᠠᠭᠤᠶ᠎ᠠ》 ᠭᠡᠬᠦ ᠳᠦ᠂ ᠵᠠᠷᠤᠴᠠ ᠨᠠᠷ ᠨᠢ ᠰᠠᠦ᠋ᠯ ᠳᠤ᠄ 《ᠧᠨ ᠳ᠋ᠣᠷ ᠲᠤ ᠨᠢᠭᠡᠨ ᠰᠦᠨᠡᠰᠦ ᠳᠠᠭᠤᠳᠠᠭᠴᠢ ᠡᠮ᠎ᠡ ᠪᠤᠢ》 ᠭᠡᠯ᠎ᠡ᠃

8 ᠰᠠᠦ᠋ᠯ ᠬᠤᠪᠴᠠᠰᠤ ᠪᠠᠨ ᠰᠣᠯᠢᠵᠤ ᠵᠢᠰᠦ ᠪᠤᠷᠤᠭᠤᠯᠠᠨ᠂ ᠬᠣᠶᠠᠷ ᠬᠥᠮᠦᠨ ᠳᠠᠭᠠᠭᠤᠯᠵᠤ᠂ ᠰᠥᠨᠢ ᠪᠠᠷ ᠲᠡᠷᠡ ᠡᠮ᠎ᠡ ᠳᠡᠭᠡᠷ᠎ᠡ ᠬᠦᠷᠪᠡ᠃ ᠰᠠᠦ᠋ᠯ᠄ 《ᠴᠢ ᠤᠪᠠᠳᠢᠰ ᠭᠠᠷᠭᠠᠵᠤ᠂ ᠮᠢᠨᠦ ᠨᠡᠷᠡᠯᠡᠬᠦ ᠬᠥᠮᠦᠨ ᠢ ᠨᠠᠳᠠ ᠳᠤ ᠳᠠᠭᠤᠳᠠᠵᠤ ᠢᠯᠡᠷᠡᠭᠦᠯᠦᠭᠡᠴᠢ》 ᠭᠡᠬᠦ ᠳᠦ᠂ 9 ᠲᠡᠷᠡ ᠡᠮ᠎ᠡ ᠲᠡᠭᠦᠨ ᠳᠦ᠄ 《ᠰᠠᠦ᠋ᠯ ᠤᠨ ᠶᠠᠭᠤ ᠬᠢᠭᠰᠡᠨ ᠢ ᠲᠠ ᠴᠤ ᠯᠠᠪ ᠮᠡᠳᠡᠨ᠎ᠡ ᠰᠢᠦ ᠳᠠ᠂ ᠲᠡᠷᠡ ᠡᠨᠡ ᠨᠤᠲᠤᠭ ᠠᠴᠠ ᠰᠦᠨᠡᠰᠦ ᠳᠠᠭᠤᠳᠠᠭᠴᠢᠳ᠂ ᠮᠡᠷᠭᠡᠴᠢ ᠲᠥᠯᠭᠡᠴᠢᠳ ᠢ ᠤᠰᠠᠳᠬᠠᠭᠰᠠᠨ ᠠᠲᠠᠯ᠎ᠠ ᠲᠠ ᠶᠠᠭᠤᠨ ᠳᠤ ᠨᠠᠮᠠᠶᠢ ᠤᠷᠠᠬᠠᠨ ᠳᠤ ᠣᠷᠣᠭᠤᠯᠤᠨ ᠠᠮᠢ ᠶᠢ ᠮᠢᠨᠢ ᠠᠪᠬᠤ ᠭᠡᠵᠦ ᠪᠠᠢᠨ᠎ᠠ ᠪᠤᠢ︖》 ᠭᠡᠯ᠎ᠡ᠃ 10 ᠰᠠᠦ᠋ᠯ ᠲᠡᠷᠡ ᠡᠮ᠎ᠡ ᠳᠦ ᠶᠣᠬᠣᠸᠠ ᠶᠢᠨ ᠨᠡᠷ᠎ᠡ ᠪᠡᠷ ᠲᠠᠩ᠋ᠭᠠᠷᠢᠭᠯᠠᠨ᠄ 《ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠲᠠ ᠡᠭᠦᠨ ᠦ ᠤᠯᠠᠮ ᠢᠶᠠᠷ ᠶᠠᠯ᠎ᠠ ᠳᠤ ᠤᠨᠠᠬᠤ ᠦᠭᠡᠢ ᠶᠤᠮ》 ᠭᠡᠵᠦ ᠬᠡᠯᠡᠪᠡ᠃ 11 ᠲᠡᠭᠡᠬᠦ ᠳᠦ ᠲᠡᠷᠡ ᠡᠮ᠎ᠡ᠄ 《ᠪᠢ ᠬᠡᠨ ᠢ ᠳᠠᠭᠤᠳᠠᠵᠤ ᠢᠯᠡᠷᠡᠭᠦᠯᠬᠦ ᠪᠤᠢ︖》 ᠭᠡᠰᠡᠨ ᠳᠦ᠂ ᠰᠠᠦ᠋ᠯ᠄ 《ᠨᠠᠳᠠ ᠳᠤ ᠰᠠᠮᠦ᠋ᠶᠧᠯ ᠢ ᠳᠠᠭᠤᠳᠠᠵᠤ ᠢᠯᠡᠷᠡᠭᠦᠯᠦᠭᠡᠴᠢ》 ᠭᠡᠪᠡ᠃ 12 ᠲᠡᠷᠡ ᠡᠮ᠎ᠡ ᠰᠠᠮᠦ᠋ᠶᠧᠯ ᠢ ᠦᠵᠡᠩᠭᠦᠲᠡ ᠪᠡᠨ ᠴᠢᠩᠭ᠍᠎ᠠ ᠳᠠᠭᠤ ᠪᠠᠷ ᠬᠠᠰᠬᠢᠷᠪᠠ᠃ ᠲᠡᠭᠡᠭᠡᠳ ᠲᠡᠷᠡ ᠡᠮ᠎ᠡ ᠰᠠᠦ᠋ᠯ ᠳᠤ᠄ 《ᠲᠠ ᠶᠠᠭᠤᠨ ᠳᠤ ᠨᠠᠮᠠᠶᠢ ᠮᠡᠬᠡᠯᠡᠪᠡ︖ ᠲᠠ ᠴᠢᠨᠢ ᠰᠠᠦ᠋ᠯ ᠪᠠᠢᠨ᠎ᠠ》 ᠭᠡᠪᠡ᠃ 13 ᠬᠠᠭᠠᠨ ᠲᠡᠷᠡ ᠡᠮ᠎ᠡ ᠳᠦ᠄ 《ᠪᠦᠦ ᠠᠶᠤ᠂ ᠬᠠᠷᠢᠨ ᠴᠢ ᠶᠠᠭᠤ ᠬᠠᠷᠠᠵᠤ ᠪᠠᠢᠨ᠎ᠠ ᠪᠤᠢ︖》 ᠭᠡᠪᠡ᠃ ᠲᠡᠷᠡ ᠡᠮ᠎ᠡ ᠰᠠᠦ᠋ᠯ ᠳᠤ᠄ 《ᠭᠠᠵᠠᠷ ᠠᠴᠠ ᠰᠦᠨᠡᠰᠦ 22 ᠭᠠᠷᠴᠤ ᠢᠷᠡᠬᠦ ᠶᠢ ᠪᠢ ᠬᠠᠷᠠᠵᠤ ᠪᠠᠢᠨ᠎ᠠ》 ᠭᠡᠪᠡ᠃ 14 ᠰᠠᠦ᠋ᠯ ᠲᠡᠷᠡ ᠡᠮ᠎ᠡ ᠡᠴᠡ᠄ 《ᠶᠠᠮᠠᠷ ᠲᠥᠷᠬᠥ ᠲᠠᠢ ᠪᠠᠢᠨ᠎ᠠ ᠪᠤᠢ︖》 ᠭᠡᠰᠡᠨ ᠳᠦ᠂ ᠲᠡᠷᠡ ᠡᠮ᠎ᠡ᠄ 《ᠨᠠᠰᠤᠲᠠᠢ ᠬᠥᠮᠦᠨ ᠭᠠᠷᠴᠤ ᠢᠷᠡᠵᠦ ᠪᠠᠢᠨ᠎ᠠ᠂ ᠳᠡᠪᠡᠯ ᠡᠮᠦᠰᠦᠭᠰᠡᠨ ᠪᠠᠢᠨ᠎ᠠ》 ᠭᠡᠪᠡ᠃ ᠲᠡᠷᠡ ᠨᠢ ᠰᠠᠮᠦ᠋ᠶᠧᠯ ᠪᠣᠯᠬᠤ ᠶᠢ ᠰᠠᠦ᠋ᠯ ᠮᠡᠳᠡᠭᠡᠳ ᠬᠠᠮᠠᠷ ᠢᠶᠠᠨ ᠭᠠᠵᠠᠷ ᠲᠤ ᠬᠦᠷᠭᠡᠨ ᠮᠥᠷᠭᠥᠪᠡ᠃

15 ᠰᠠᠮᠦ᠋ᠶᠧᠯ ᠰᠠᠦ᠋ᠯ ᠳᠤ᠄ 《ᠲᠠ ᠶᠠᠭᠤᠨ ᠳᠤ ᠨᠠᠮᠠᠶᠢ ᠭᠠᠷᠭᠠᠵᠤ ᠶᠠᠷᠰᠢᠭᠯᠠᠵᠤ ᠪᠠᠢᠬᠤ ᠪᠤᠢ︖》 ᠭᠡᠬᠦ ᠳᠦ᠂ ᠰᠠᠦ᠋ᠯ ᠬᠠᠷᠢᠭᠤᠯᠤᠨ᠄ 《ᠪᠢ ᠰᠦᠷᠡᠬᠡᠢ ᠪᠠᠴᠢᠮᠳᠠᠵᠤ ᠪᠠᠢᠨ᠎ᠠ᠃ ᠹᠢᠯᠢᠰᠲ᠋ᠴᠦᠳ ᠨᠠᠮᠠᠶᠢ ᠳᠠᠭᠠᠷᠢᠬᠤ ᠪᠠᠷ ᠢᠷᠡᠵᠦ ᠪᠠᠢᠬᠤ ᠳᠤ᠂ ᠪᠤᠷᠬᠠᠨ ᠨᠠᠳᠠ ᠠᠴᠠ ᠰᠠᠯᠤᠭᠰᠠᠨ ᠪᠥᠭᠡᠳ ᠡᠰᠢ ᠦᠵᠡᠭᠦᠯᠦᠭᠴᠢᠳ ᠢᠶᠠᠷ ᠴᠤ᠂ ᠵᠡᠭᠦᠳᠦ ᠪᠡᠷ ᠴᠤ ᠨᠠᠳᠠ ᠳᠤ ᠬᠠᠷᠢᠭᠤ ᠥᠭᠬᠦ ᠪᠡᠨ ᠪᠣᠯᠢᠭᠰᠠᠨ᠃ ᠲᠡᠢᠮᠦ ᠡᠴᠡ ᠪᠢ ᠶᠠᠭᠠᠬᠢᠬᠤ ᠶᠣᠰᠣᠲᠠᠢ ᠪᠠᠨ ᠮᠡᠳᠡᠬᠦ ᠶᠢᠨ ᠲᠤᠯᠠᠳᠠ ᠲᠠᠨ ᠢ ᠳᠠᠭᠤᠳᠠᠯ᠎ᠠ》 ᠭᠡᠪᠡ᠃ 16 ᠰᠠᠮᠦ᠋ᠶᠧᠯ᠄ 《ᠶᠣᠬᠣᠸᠠ ᠲᠠᠨ ᠠᠴᠠ ᠰᠠᠯᠵᠤ᠂ ᠲᠠᠨ ᠤ ᠳᠠᠢᠰᠤᠨ ᠪᠣᠯᠣᠭᠰᠠᠨ ᠪᠠᠢᠲᠠᠯ᠎ᠠ ᠲᠠ ᠶᠠᠭᠤᠨ ᠳᠤ ᠨᠠᠳᠠ ᠠᠴᠠ ᠠᠰᠠᠭᠤᠵᠤ ᠪᠠᠢᠨ᠎ᠠ ᠪᠤᠢ︖ 17 ᠶᠣᠬᠣᠸᠠ ᠨᠠᠳᠠ ᠪᠠᠷ ᠳᠠᠮᠵᠢᠭᠤᠯᠤᠨ ᠠᠢᠯᠠᠳᠤᠭᠰᠠᠨ ᠶᠣᠰᠣᠭᠠᠷ ᠢᠶᠠᠨ ᠭᠦᠢᠴᠡᠳᠬᠡᠭᠰᠡᠨ ᠶᠤᠮ᠃ ᠶᠣᠬᠣᠸᠠ ᠲᠠᠨ ᠤ ᠭᠠᠷ ᠠᠴᠠ ᠬᠠᠭᠠᠨᠴᠢᠯᠠᠯ ᠢ ᠰᠠᠯᠭᠠᠨ ᠠᠪᠴᠤ᠂ ᠲᠠᠨ ᠤ ᠬᠥᠷᠰᠢ ᠳ᠋ᠠᠸᠢᠳ᠋ ᠲᠤ ᠥᠭᠭᠥᠭᠰᠡᠨ ᠶᠤᠮ᠃ 18 ᠲᠠ ᠶᠣᠬᠣᠸᠠ ᠶᠢᠨ ᠳᠠᠭᠤ ᠶᠢ ᠳᠠᠭᠠᠯ ᠦᠭᠡᠢ᠂ ᠲᠡᠭᠦᠨ ᠦ ᠰᠢᠷᠦᠭᠦᠨ ᠠᠭᠤᠷ ᠬᠢᠯᠢᠩ ᠤᠨ ᠳᠠᠭᠠᠤ ᠠᠮᠠᠯᠧᠺ ᠲᠤ ᠦᠢᠯᠡᠳᠦᠭᠡ ᠦᠭᠡᠢ ᠤᠴᠢᠷ ᠠᠴᠠ ᠶᠣᠬᠣᠸᠠ ᠥᠨᠥᠳᠥᠷ ᠲᠠᠨ ᠳᠤ ᠡᠭᠦᠨ ᠢ ᠦᠢᠯᠡᠳᠴᠡᠢ᠃ 19 ᠶᠣᠬᠣᠸᠠ ᠢᠰᠷᠧᠯ ᠢ ᠴᠤ ᠲᠠᠨ ᠲᠠᠢ ᠬᠠᠮᠲᠤ ᠹᠢᠯᠢᠰᠲ᠋ᠴᠦᠳ ᠦᠨ ᠭᠠᠷ ᠲᠤ ᠲᠤᠰᠢᠶᠠᠨ᠎ᠠ᠃ ᠮᠠᠷᠭᠠᠰᠢ ᠲᠠ ᠪᠣᠯᠣᠨ ᠲᠠᠨ ᠤ ᠬᠥᠪᠡᠭᠦᠳ ᠨᠠᠳᠠ ᠲᠠᠢ ᠬᠠᠮᠲᠤ ᠪᠠᠢᠬᠤ ᠪᠣᠯᠣᠨ᠎ᠠ᠃ ᠶᠣᠬᠣᠸᠠ ᠢᠰᠷᠧᠯ ᠤᠨ ᠴᠡᠷᠢᠭ ᠤᠳ ᠢ ᠴᠤ ᠹᠢᠯᠢᠰᠲ᠋ᠴᠦᠳ ᠦᠨ ᠭᠠᠷ ᠲᠤ ᠲᠤᠰᠢᠶᠠᠨ᠎ᠠ》 ᠭᠡᠵᠦ ᠬᠡᠯᠡᠪᠡ᠃

20 ᠲᠡᠭᠡᠵᠦ ᠬᠡᠯᠡᠮᠡᠭᠴᠡ ᠰᠠᠦ᠋ᠯ ᠭᠠᠵᠠᠷ ᠲᠤ ᠰᠤᠯᠳᠠᠢᠨ ᠤᠨᠠᠪᠠ᠃ ᠰᠠᠮᠦ᠋ᠶᠧᠯ ᠤᠨ ᠦᠭᠡ ᠲᠡᠭᠦᠨ ᠢ ᠶᠡᠬᠡᠳᠡ ᠠᠶᠤᠯᠭᠠᠭᠰᠠᠨ ᠠᠵᠢ᠃ ᠲᠡᠷᠡ ᠮᠥᠨ ᠡᠳᠦᠷᠵᠢᠨ ᠰᠥᠨᠢᠵᠢᠨ ᠬᠣᠭᠣᠯᠠ ᠤᠮᠳᠠ ᠠᠮᠰᠠᠭ᠎ᠠ ᠦᠭᠡᠢ ᠪᠣᠯᠬᠣᠷ ᠬᠦᠴᠦ ᠲᠡᠩᠬᠡᠭᠡ ᠠᠯᠠᠭ᠎ᠠ ᠪᠠᠢᠵᠠᠢ᠃ 21 ᠨᠥᠭᠥᠭᠡ ᠡᠮ᠎ᠡ ᠰᠠᠦ᠋ᠯ ᠤᠷᠤᠭᠤ ᠢᠷᠡᠵᠦ᠂ ᠰᠠᠦ᠋ᠯ ᠤᠨ ᠶᠡᠬᠡᠳᠡ ᠮᠡᠩᠳᠡᠭᠦᠷᠡᠭᠰᠡᠨ ᠢ ᠬᠠᠷᠠᠭᠠᠳ᠂ ᠲᠡᠭᠦᠨ ᠳᠦ᠄ 《ᠰᠢᠪᠡᠭᠴᠢᠨ ᠴᠢᠨᠢ ᠡ᠊ᠨᠳᠡ ᠪᠠᠢᠨ᠎ᠠ᠃ ᠪᠢ ᠲᠠᠨ ᠤ ᠦᠭᠡ ᠶᠢ ᠰᠣᠨᠣᠰᠣᠭᠠᠳ ᠠᠮᠢ ᠪᠠᠨ ᠭᠠᠷ ᠲᠤ ᠴᠢᠨᠢ ᠲᠠᠯᠪᠢᠵᠤ᠂ ᠲᠠᠨ ᠤ ᠵᠠᠬᠢᠭᠰᠠᠨ ᠢ ᠳᠠᠭᠠᠭᠰᠠᠨ ᠰᠢᠦ᠃ 22 ᠲᠡᠢᠮᠦ ᠡᠴᠡ ᠲᠠ ᠣᠳᠣ ᠰᠢᠪᠡᠭᠴᠢᠨ ᠤ ᠪᠠᠨ ᠦᠭᠡ ᠶᠢ ᠴᠤ ᠰᠣᠨᠣᠰᠣᠭᠠᠷᠠᠢ᠃ ᠪᠢ ᠲᠠᠨ ᠤ ᠡᠮᠦᠨ᠎ᠡ ᠵᠦᠰᠦᠮ ᠪᠣᠣᠪᠣ ᠲᠠᠯᠪᠢᠶ᠎ᠠ᠃ ᠲᠠ ᠡᠭᠦᠨ ᠢ ᠢᠳᠡᠵᠦ ᠵᠠᠮ ᠬᠥᠭᠡᠭᠡᠬᠦ ᠳᠡᠭᠡᠨ ᠬᠦᠴᠦ ᠲᠠᠮᠢᠷ ᠠᠪᠤᠭᠠᠷᠠᠢ》 ᠭᠡᠪᠡ᠃ 23 ᠬᠠᠷᠢᠨ ᠰᠠᠦ᠋ᠯ᠄ 《ᠪᠢ ᠢᠳᠡᠬᠦ ᠦᠭᠡᠢ》 ᠭᠡᠳ ᠬᠦᠯᠢᠶᠡᠨ ᠠᠪᠬᠤ ᠦᠭᠡᠢ ᠪᠠᠢᠯ᠎ᠠ᠃ ᠵᠠᠷᠤᠴᠠ ᠨᠠᠷ ᠨᠢ ᠴᠤ ᠨᠥᠭᠥᠭᠡ ᠡᠮᠡᠭᠲᠡᠢ ᠶᠢᠨ ᠬᠠᠮᠲᠤ ᠢᠳᠬᠠᠭᠠᠳ ᠪᠠᠢᠬᠤ ᠳᠤ᠂ ᠲᠡᠷᠡ ᠲᠡᠳᠡᠨ ᠦ ᠦᠭᠡ ᠪᠡᠷ ᠭᠠᠵᠠᠷ ᠠᠴᠠ ᠪᠣᠰᠴᠤ ᠢᠰᠠᠷᠢ ᠳᠡᠭᠡᠷ᠎ᠡ ᠰᠠᠭᠤᠪᠠ᠃ 24 ᠲᠡᠷᠡ ᠡᠮᠡᠭᠲᠡᠢ ᠭᠡᠷ ᠦᠨ ᠢᠶᠠᠨ ᠲᠠᠷᠭᠤᠨ ᠲᠤᠭᠤᠯ ᠢ ᠳᠠᠷᠤᠢᠬᠠᠨ ᠨᠢᠳᠤᠯᠤᠭᠠᠳ᠂ ᠭᠤᠯᠢᠷ ᠵᠢᠭᠤᠷᠠᠨ ᠬᠥᠷᠥᠩᠭᠡ ᠦᠭᠡᠢ ᠪᠣᠣᠪᠣ ᠬᠢᠵᠦ᠂ 25 ᠰᠠᠦ᠋ᠯ ᠪᠣᠯᠣᠨ ᠲᠡᠭᠦᠨ ᠦ ᠵᠠᠷᠤᠴᠠ ᠨᠠᠷ ᠤᠨ ᠡᠮᠦᠨ᠎ᠡ ᠲᠠᠯᠪᠢᠵᠠᠢ᠃ ᠲᠡᠳᠡ ᠢᠳᠡᠭᠡᠳ ᠬᠥᠳᠡᠯᠵᠦ᠂ ᠲᠡᠷᠡ ᠰᠥᠨᠢ ᠳᠡᠭᠡᠨ ᠶᠠᠪᠤᠯ᠎ᠠ᠃