1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠳᠥᠷᠪᠡ
 ᠡᠵᠡᠨ ᠦ ᠠᠪᠳᠠᠷ᠎ᠠ ᠪᠤᠯᠢᠶᠠᠭᠳᠠᠪᠠ

1 ᠲᠡᠭᠡᠬᠦ ᠳᠦ ᠹᠢᠯᠢᠰᠲ᠋ᠴᠦᠳ ᠴᠤᠭᠯᠠᠷᠠᠵᠤ ᠢᠰᠷᠧᠯ ᠤᠷᠤᠭᠤ ᠳᠠᠢᠨ ᠳᠡᠭᠳᠡᠭᠡᠭᠰᠡᠨ ᠳᠦ᠂ ᠢᠰᠷᠧᠯ ᠹᠢᠯᠢᠰᠲ᠋ᠴᠦᠳ ᠲᠡᠢ ᠲᠤᠯᠤᠯᠳᠤᠬᠤ ᠪᠠᠷ ᠭᠠᠷᠴᠠᠢ᠃ ᠲᠡᠳᠡ ᠡᠪᠧᠨᠧᠽᠧᠷ ᠤᠨ ᠳᠡᠷᠭᠡᠳᠡ ᠬᠤᠸᠠᠷᠠᠩᠨᠠᠵᠤ᠂ ᠹᠢᠯᠢᠰᠲ᠋ᠴᠦᠳ ᠠᠹᠧᠺ ᠲᠤ ᠬᠤᠸᠠᠷᠠᠩᠨᠠᠨ ᠪᠠᠭᠤᠪᠠ᠃ 2 ᠹᠢᠯᠢᠰᠲ᠋ᠴᠦᠳ ᠢᠰᠷᠧᠯᠴᠦᠳ ᠲᠡᠢ ᠤᠴᠠᠷᠠᠬᠤ ᠪᠠᠷ ᠵᠢᠭᠰᠠᠭᠠᠯ ᠵᠢᠭᠰᠠᠪᠠ᠃ ᠲᠤᠯᠤᠯᠳᠤᠭᠠᠨ ᠭᠠᠵᠠᠷ ᠠᠪᠬᠤ ᠳᠤ᠂ ᠢᠰᠷᠧᠯᠴᠦᠳ ᠹᠢᠯᠢᠰᠲ᠋ᠴᠦᠳ ᠲᠦ ᠴᠣᠬᠢᠭᠳᠠᠪᠠ᠃ ᠹᠢᠯᠢᠰᠲ᠋ᠴᠦᠳ ᠲᠤᠯᠤᠯᠳᠤᠭᠠᠨ ᠤ ᠲᠠᠯᠠᠪᠤᠷ ᠳᠡᠭᠡᠷ᠎ᠡ ᠳᠥᠷᠪᠡᠨ ᠮᠢᠩ᠋ᠭ᠎ᠠ ᠣᠷᠴᠢᠮ ᠬᠥᠮᠦᠨ ᠢ ᠬᠥᠨᠥᠭᠡᠪᠡ᠃ 3 ᠴᠡᠷᠢᠭ ᠬᠤᠸᠠᠷᠠᠨ ᠳᠤ ᠪᠤᠴᠠᠵᠤ ᠢᠷᠡᠬᠦ ᠳᠦ᠂ ᠢᠰᠷᠧᠯ ᠤᠨ ᠠᠬᠠᠮᠠᠳ ᠤᠳ᠄ 《ᠥᠨᠥᠳᠥᠷ ᠶᠣᠬᠣᠸᠠ ᠶᠠᠭᠠᠬᠢᠭᠠᠳ ᠪᠢᠳᠡᠨ ᠢ ᠹᠢᠯᠢᠰᠲ᠋ᠴᠦᠳ ᠦᠨ ᠡᠮᠦᠨ᠎ᠡ ᠴᠣᠬᠢᠭᠰᠠᠨ ᠪᠤᠢ︖ ᠱᠢᠯᠣ᠋ ᠡᠴᠡ ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠥᠪᠡᠷᠰᠡᠳ ᠲᠡᠭᠡᠨ ᠠᠪᠴᠢᠷᠠᠶ᠎ᠠ᠃ ᠲᠡᠷᠡ ᠠᠪᠳᠠᠷ᠎ᠠ ᠪᠢᠳᠡᠨ ᠦ ᠳᠤᠮᠳᠠ ᠢᠷᠡᠴᠢᠬᠡᠪᠡᠯ ᠪᠢᠳᠡᠨ ᠢ ᠳᠠᠢᠰᠤᠨ ᠨᠤᠭᠤᠳ ᠤᠨ ᠰᠠᠪᠠᠷ ᠠᠴᠠ ᠠᠪᠤᠷᠠᠬᠤ ᠶᠤᠮ》 ᠭᠡᠵᠦ ᠬᠡᠯᠡᠵᠡᠢ᠃ 4 ᠲᠡᠢᠮᠦ ᠡᠴᠡ ᠠᠷᠠᠳ ᠣᠯᠠᠨ ᠱᠢᠯᠣ᠋ ᠤᠷᠤᠭᠤ ᠬᠥᠮᠦᠨ ᠢᠯᠡᠭᠡᠵᠦ᠂ ᠺᠧᠷᠣᠪ ᠤᠳ ᠤᠨ ᠬᠣᠭᠣᠷᠣᠨᠳᠣ ᠣᠷᠣᠰᠢᠭᠴᠢ ᠠᠤᠭ᠎ᠠ ᠬᠦᠴᠦᠲᠦ ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠲᠡᠨᠳᠡ ᠡᠴᠡ ᠠᠪᠴᠤ ᠢᠷᠡᠪᠡ᠃ ᠡᠯᠢ ᠶᠢᠨ ᠬᠣᠶᠠᠷ ᠬᠥᠪᠡᠭᠦᠨ ᠬᠣᠹᠨᠢ᠂ ᠹᠢᠨᠧᠬᠠᠰ ᠶᠠᠭ ᠲᠡᠷᠡ ᠭᠠᠵᠠᠷ ᠲᠤ ᠪᠤᠷᠬᠠᠨ ᠤ ᠭᠡᠷ᠎ᠡ ᠶᠢᠨ ᠠᠪᠳᠠᠷ᠎ᠠ ᠶᠢᠨ ᠳᠡᠷᠭᠡᠳᠡ ᠪᠠᠢᠵᠠᠢ᠃

5 ᠶᠣᠬᠣᠸᠠ ᠶᠢᠨ ᠭᠡᠷ᠎ᠡ ᠶᠢᠨ ᠠᠪᠳᠠᠷ᠎ᠠ ᠶᠢ ᠬᠤᠸᠠᠷᠠᠨ ᠳᠤ ᠣᠷᠣᠭᠤᠯᠵᠤ ᠢᠷᠡᠬᠦ ᠳᠦ᠂ ᠪᠦᠬᠦ ᠢᠰᠷᠧᠯ ᠭᠠᠵᠠᠷ ᠳᠣᠷᠭᠢᠭᠠᠨ ᠬᠦᠩᠭᠢᠨᠡᠭᠰᠡᠨ ᠶᠡᠬᠡ ᠳᠠᠭᠤ ᠪᠠᠷ ᠤᠤᠬᠠᠢᠯᠠᠨ ᠬᠠᠰᠬᠢᠷᠪᠠ᠃ 6 ᠹᠢᠯᠢᠰᠲ᠋ᠴᠦᠳ ᠲᠡᠷᠡ ᠤᠤᠬᠠᠢ ᠶᠢ ᠳᠤᠭᠤᠯᠤᠭᠠᠳ᠄ 《ᠢᠪᠷᠠᠢᠴᠤᠳ ᠤᠨ ᠬᠤᠸᠠᠷᠠᠨ ᠳᠤ ᠶᠠᠭᠤᠨ ᠰᠦᠷ ᠲᠡᠢ ᠤᠤᠬᠠᠢ ᠭᠠᠷᠬᠤ ᠨᠢ ᠡᠨᠡ ᠪᠤᠢ︖》 ᠭᠡᠯᠴᠡᠭᠰᠡᠨ ᠢᠶᠡᠨ ᠶᠣᠬᠣᠸᠠ ᠶᠢᠨ ᠭᠡᠷ᠎ᠡ ᠶᠢᠨ ᠠᠪᠳᠠᠷ᠎ᠠ ᠶᠢᠨ ᠬᠤᠸᠠᠷᠠᠨ ᠳᠤ ᠣᠷᠣᠭᠰᠠᠨ ᠢ ᠮᠡᠳᠡᠯ᠎ᠡ᠃ 7 ᠹᠢᠯᠢᠰᠲ᠋ᠴᠦᠳ ᠠᠢᠳᠠᠰ ᠲᠤ ᠠᠪᠲᠠᠵᠤ᠄ 《ᠪᠤᠷᠬᠠᠨ ᠲᠡᠳᠡᠨ ᠦ ᠬᠤᠸᠠᠷᠠᠨ ᠳᠤ ᠵᠠᠯᠠᠷᠠᠨ ᠣᠷᠣᠭᠰᠠᠨ ᠪᠠᠢᠨ᠎ᠠ》 ᠭᠡᠳ᠄ 《ᠭᠠᠢ ᠪᠣᠯᠣᠯ᠎ᠠ︕ ᠤᠷᠢᠳᠤ ᠨᠢ ᠡᠢᠮᠦ ᠶᠠᠭᠤᠮ᠎ᠠ ᠲᠣᠬᠢᠶᠠᠯᠳᠤᠵᠤ ᠪᠠᠢᠭ᠎ᠠ ᠦᠭᠡᠢ᠃ 8 ᠭᠠᠢ ᠪᠣᠯᠣᠯ᠎ᠠ︕ ᠬᠡᠨ ᠪᠢᠳᠡᠨ ᠢ ᠡᠨᠡ ᠠᠭᠤᠤ ᠬᠦᠴᠦᠲᠦ ᠪᠤᠷᠬᠠᠳ ᠤᠨ ᠭᠠᠷ ᠠᠴᠠ ᠮᠤᠯᠲᠤᠯᠤᠨ ᠠᠪᠤᠷᠠᠬᠤ ᠪᠤᠢ︖ ᠡᠳᠡᠭᠡᠷ ᠨᠢ ᠶᠧᠵᠢᠫᠲ᠋ᠴᠦᠳ ᠢ ᠡᠯᠳᠡᠪ ᠲᠥᠷᠥᠯ ᠦᠨ ᠭᠠᠮᠰᠢᠭ ᠢᠶᠠᠷ ᠴᠥᠯ ᠳᠤ ᠴᠣᠬᠢᠭᠰᠠᠨ ᠪᠤᠷᠬᠠᠳ ᠮᠥᠨ᠃ 9 ᠹᠢᠯᠢᠰᠲ᠋ᠴᠦᠳ ᠡ᠂ ᠡᠷ᠎ᠡ ᠬᠥᠮᠦᠨ ᠰᠢᠭ ᠵᠣᠷᠢᠭᠲᠠᠢ ᠪᠠᠢ᠂ ᠦᠭᠡᠢ ᠪᠣᠯ ᠢᠪᠷᠠᠢᠴᠤᠳ ᠲᠠ ᠨᠠᠷ ᠤᠨ ᠪᠣᠭᠣᠯ ᠪᠠᠢᠭᠰᠠᠨ ᠤ ᠠᠳᠠᠯᠢ ᠲᠠ ᠨᠠᠷ ᠢᠪᠷᠠᠢᠴᠤᠳ ᠤᠨ ᠪᠣᠭᠣᠯ ᠪᠣᠯᠣᠨ᠎ᠠ᠃ ᠡᠷ᠎ᠡ ᠬᠥᠮᠦᠨ ᠰᠢᠭ ᠲᠤᠯᠤᠯᠳᠤᠭᠲᠤᠨ》 ᠭᠡᠯᠴᠡᠪᠡ᠃

10 ᠲᠡᠭᠡᠭᠡᠳ ᠹᠢᠯᠢᠰᠲ᠋ᠴᠦᠳ ᠲᠤᠯᠤᠯᠳᠤᠭᠰᠠᠨ ᠳᠤ᠂ ᠢᠰᠷᠧᠯ ᠴᠣᠬᠢᠭᠳᠠᠨ᠂ ᠬᠥᠮᠦᠨ ᠪᠦᠷᠢ ᠭᠡᠷ ᠤᠷᠤᠭᠤ ᠪᠠᠨ ᠵᠢᠭᠤᠲᠠᠵᠤ ᠬᠦᠨᠳᠦ ᠢᠯᠠᠭᠳᠠᠯ ᠳᠤ ᠤᠴᠠᠷᠠᠪᠠ᠃ ᠢᠰᠷᠧᠯ ᠡᠴᠡ ᠭᠤᠴᠢᠨ ᠮᠢᠩ᠋ᠭᠠᠨ ᠶᠠᠪᠠᠭᠠᠨ ᠴᠡᠷᠢᠭ ᠬᠥᠰᠡᠷ ᠤᠨᠠᠪᠠ᠃ 11 ᠪᠤᠷᠬᠠᠨ ᠤ ᠠᠪᠳᠠᠷ᠎ᠠ ᠴᠤ ᠪᠤᠯᠢᠶᠠᠭᠳᠠᠵᠤ᠂ ᠡᠯᠢ ᠶᠢᠨ ᠬᠣᠶᠠᠷ ᠬᠥᠪᠡᠭᠦᠨ ᠬᠣᠹᠨᠢ᠂ ᠹᠢᠨᠧᠬᠠᠰ ᠠᠯᠠᠭᠳᠠᠪᠠ᠃

12 ᠨᠢᠭᠡᠨ ᠪᠢᠨᠶᠠᠮᠢᠨ ᠬᠥᠮᠦᠨ ᠲᠤᠯᠤᠯᠳᠤᠭᠠᠨ ᠤ ᠲᠠᠯᠠᠪᠠᠢ ᠠᠴᠠ ᠵᠢᠭᠤᠲᠠᠨ ᠭᠠᠷᠴᠤ ᠭᠦᠶᠦᠭᠰᠡᠭᠡᠷ ᠲᠡᠷᠡ ᠡᠳᠦᠷ ᠢᠶᠡᠨ ᠱᠢᠯᠣ᠋ ᠳᠤ ᠬᠦᠷᠪᠡ᠃ ᠬᠤᠪᠴᠠᠰᠤ ᠨᠢ ᠤᠷᠠᠭᠳᠠᠵᠤ᠂ ᠲᠣᠯᠣᠭᠠᠢ ᠨᠢ ᠰᠢᠷᠣᠢ ᠪᠣᠯᠵᠠᠢ᠃ 13 ᠲᠡᠷᠡ ᠢᠷᠡᠬᠦ ᠦᠶ᠎ᠡ ᠳᠦ᠂ ᠡᠯᠢ ᠶᠠᠭ ᠵᠠᠮ ᠤᠨ ᠬᠠᠵᠠᠭᠤ ᠶᠢᠨ ᠰᠠᠨᠳᠠᠯᠢ ᠳᠡᠭᠡᠷ᠎ᠡ ᠰᠠᠭᠤᠵᠤ ᠠᠩ᠋ᠬᠠᠷᠤᠨ ᠬᠠᠷᠠᠭᠤᠯᠳᠠᠭᠰᠠᠭᠠᠷ ᠪᠤᠷᠬᠠᠨ ᠤ ᠠᠪᠳᠠᠷ᠎ᠠ ᠶᠢᠨ ᠲᠥᠯᠥᠭᠡ ᠵᠢᠷᠦᠬᠡ ᠨᠢ ᠲᠦᠭᠰᠢᠵᠦ ᠪᠠᠢᠯ᠎ᠠ᠃ ᠥᠨᠥᠬᠢ ᠬᠥᠮᠦᠨ ᠬᠣᠲᠠ ᠤᠷᠤᠭᠤ ᠣᠷᠣᠵᠤ ᠮᠡᠳᠡᠭᠡ ᠶᠢ ᠳᠤᠭᠤᠯᠭᠠᠬᠤ ᠳᠤ᠂ ᠬᠣᠲᠠ ᠶᠢᠨ ᠬᠢᠨ ᠪᠦᠭᠦᠳᠡᠭᠡᠷ ᠢᠶᠡᠨ ᠪᠠᠷᠬᠢᠷᠠᠨ ᠬᠠᠰᠬᠢᠷᠤᠯᠳᠤᠪᠠ᠃ 14 ᠡᠯᠢ ᠣᠷᠢᠯᠠᠬᠤ ᠳᠠᠭᠤ ᠶᠢ ᠰᠣᠨᠣᠰᠣᠭᠠᠳ᠄ 《ᠡᠨᠡ ᠶᠠᠭᠤᠨ ᠤ ᠳᠠᠭᠤ ᠱᠤᠤᠭᠢᠶᠠᠨ ᠪᠤᠢ︖》 ᠭᠡᠰᠡᠨ ᠳᠦ᠂ ᠥᠨᠥᠬᠢ ᠬᠥᠮᠦᠨ ᠶᠠᠭᠠᠷᠠᠪᠴᠢᠯᠠᠨ᠂ ᠡᠯᠢ ᠳᠤ ᠳᠤᠭᠤᠯᠭᠠᠪᠠ᠃ 15 ᠲᠡᠷᠡ ᠦᠶ᠎ᠡ ᠳᠦ ᠡᠯᠢ ᠶᠡᠷᠡᠨ ᠨᠠᠢ᠌ᠮᠠᠨ ᠨᠠᠰᠤᠲᠠᠢ ᠪᠥᠭᠡᠳ ᠨᠢᠳᠦ ᠨᠢ ᠬᠠᠷᠠᠩ᠋ᠭᠤᠢᠯᠠᠨ᠂ ᠶᠠᠭᠤᠮ᠎ᠠ ᠦᠵᠡᠬᠦ ᠪᠡᠨ ᠪᠣᠯᠢᠭᠰᠠᠨ ᠪᠠᠢᠪᠠ᠃ 16 ᠥᠨᠥᠬᠢ ᠬᠥᠮᠦᠨ ᠡᠯᠢ ᠳᠤ᠄ 《ᠪᠢ ᠲᠤᠯᠤᠯᠳᠤᠭᠠᠨ ᠠᠴᠠ ᠢᠷᠡᠭᠡᠳ ᠪᠠᠢᠭ᠎ᠠ ᠨᠢᠭᠡᠨ ᠪᠠᠢᠨ᠎ᠠ᠃ ᠪᠢ ᠥᠨᠥᠳᠥᠷ ᠲᠤᠯᠤᠯᠳᠤᠭᠠᠨ ᠤ ᠲᠠᠯᠠᠪᠤᠷ ᠠᠴᠠ ᠵᠢᠭᠤᠲᠠᠵᠤ ᠢᠷᠡᠯ᠎ᠡ》 ᠭᠡᠰᠡᠨ ᠳᠦ᠂ ᠡᠯᠢ᠄ 《ᠶᠠᠭᠤ ᠪᠣᠯᠣᠭᠰᠠᠨ ᠪᠤᠢ︖ ᠬᠦᠦ ᠮᠢᠨᠢ》 ᠭᠡᠵᠦ ᠠᠰᠠᠭᠤᠪᠠ᠃ 17 ᠲᠡᠭᠡᠬᠦ ᠳᠦ ᠮᠡᠳᠡᠭᠡ ᠬᠦᠷᠭᠡᠭᠰᠡᠨ ᠬᠥᠮᠦᠨ᠄ 《ᠢᠰᠷᠧᠯ ᠹᠢᠯᠢᠰᠲ᠋ᠴᠦᠳ ᠡᠴᠡ ᠵᠢᠭᠤᠲᠠᠵᠤ᠂ ᠠᠷᠠᠳ ᠣᠯᠠᠨ ᠶᠡᠬᠡ ᠬᠢᠳᠤᠯᠭ᠎ᠠ ᠳᠤ ᠤᠴᠠᠷᠠᠪᠠ᠃ ᠲᠠᠨ ᠤ ᠬᠣᠶᠠᠷ ᠬᠦᠦ ᠬᠣᠹᠨᠢ᠂ ᠹᠢᠨᠧᠬᠠᠰ ᠠᠯᠠᠭᠳᠠᠵᠤ᠂ ᠪᠤᠷᠬᠠᠨ ᠤ ᠠᠪᠳᠠᠷ᠎ᠠ ᠪᠤᠯᠢᠶᠠᠭᠳᠠᠪᠠ》 ᠭᠡᠵᠦ ᠬᠠᠷᠢᠭᠤᠯᠤᠯ᠎ᠠ᠃ 18 ᠲᠡᠭᠦᠨ ᠢ ᠪᠤᠷᠬᠠᠨ ᠤ ᠠᠪᠳᠠᠷ᠎ᠠ ᠶᠢᠨ ᠲᠤᠬᠠᠢ ᠳᠤᠷᠠᠳᠤᠲᠠᠯ᠎ᠠ ᠡᠯᠢ ᠰᠠᠨᠳᠠᠯᠢ ᠳᠡᠭᠡᠷ᠎ᠡ ᠡᠴᠡ ᠪᠡᠨ ᠭᠡᠳᠡᠷᠭᠦ ᠪᠡᠨ ᠤᠨᠠᠨ᠂ ᠬᠦᠵᠦᠭᠦᠦ ᠪᠡᠨ ᠬᠤᠭᠤᠯᠵᠤ ᠬᠠᠭᠠᠯᠭᠠᠨ ᠤ ᠬᠠᠵᠠᠭᠤ ᠳᠤ ᠠᠮᠢᠰᠬᠤᠯ ᠬᠤᠷᠢᠶᠠᠪᠠ᠃ ᠤᠴᠢᠷ ᠨᠢ ᠲᠡᠷᠡ ᠨᠠᠰᠤᠲᠠᠢ᠂ ᠪᠡᠶ᠎ᠡ ᠨᠢ ᠬᠦᠨᠳᠦ ᠪᠣᠯᠣᠭᠰᠠᠨ ᠠᠵᠢ᠃ ᠲᠡᠷᠡ ᠳᠥᠴᠢᠨ ᠵᠢᠯ ᠢᠰᠷᠧᠯ ᠢ ᠰᠢᠭᠦᠵᠡᠢ᠃

19 ᠲᠡᠭᠦᠨ ᠦ ᠪᠡᠷᠢ᠂ ᠹᠢᠨᠧᠬᠠᠰ ᠤᠨ ᠡᠬᠡᠨᠡᠷ ᠨᠢ ᠬᠥᠯ ᠬᠦᠨᠳᠦ᠂ ᠬᠥᠩᠭᠡᠵᠢᠬᠦ ᠳᠥᠭᠥᠭᠰᠡᠨ ᠪᠠᠢᠯ᠎ᠠ᠃ ᠪᠤᠷᠬᠠᠨ ᠤ ᠠᠪᠳᠠᠷ᠎ᠠ ᠪᠤᠯᠢᠶᠠᠭᠳᠠᠵᠤ᠂ ᠬᠠᠳᠠᠮ ᠡᠴᠢᠭᠡ ᠪᠣᠯᠣᠨ ᠨᠥᠬᠥᠷ ᠨᠢ ᠦᠬᠦᠭᠰᠡᠨ ᠲᠤᠬᠠᠢ ᠮᠡᠳᠡᠭᠡ ᠶᠢ ᠲᠡᠷᠡ ᠰᠣᠨᠣᠰᠣᠭᠠᠳ ᠭᠡᠨᠡᠳᠲᠡ ᠡᠪᠡᠳᠦᠯᠲᠡ ᠨᠢ ᠡᠬᠢᠯᠡᠵᠦ ᠰᠥᠬᠥᠷᠡᠵᠦ ᠰᠠᠭᠤᠨ᠂ ᠬᠡᠦᠬᠡᠳ ᠢᠶᠡᠨ ᠲᠥᠷᠥᠭᠦᠯᠪᠡ᠃ 20 ᠲᠡᠷᠡ ᠡᠮᠡᠭᠲᠡᠢ ᠦᠬᠦᠯ ᠦᠨ ᠳᠠᠪᠠᠭᠠᠨ ᠳᠡᠭᠡᠷ᠎ᠡ ᠬᠡᠪᠲᠡᠵᠦ ᠪᠠᠢᠬᠤ ᠳᠤ᠂ ᠬᠠᠵᠠᠭᠤ ᠳᠤᠨᠢ ᠡᠮᠡᠭᠲᠡᠢᠴᠦᠳ᠄ 《ᠪᠦᠦ ᠠᠶᠤ᠂ ᠴᠢ ᠬᠥᠪᠡᠭᠦᠨ ᠲᠥᠷᠥᠭᠦᠯᠦᠭᠰᠡᠨ》 ᠭᠡᠵᠦ ᠬᠡᠯᠡᠭᠰᠡᠨ ᠪᠣᠯᠪᠠᠴᠤ ᠲᠡᠷᠡ ᠬᠠᠷᠢᠭᠤᠯᠤᠭᠰᠠᠨ ᠦᠭᠡᠢ᠂ ᠬᠠᠢᠬᠤᠷᠤᠭᠰᠠᠨ ᠴᠤ ᠦᠭᠡᠢ᠂ 21 ᠬᠠᠷᠢᠨ 《ᠠᠯᠳᠠᠷ ᠨᠢ ᠢᠰᠷᠧᠯ ᠡᠴᠡ ᠰᠠᠯᠵᠤ ᠣᠳᠪᠠ》 ᠭᠡᠳ ᠬᠥᠪᠡᠭᠦᠨ ᠢᠶᠡᠨ ᠢᠺᠠᠪᠣᠳ᠋ ᠭᠡᠵᠦ ᠨᠡᠷᠡᠯᠡᠪᠡ᠃ ᠡᠨᠡ ᠨᠢ ᠪᠤᠷᠬᠠᠨ ᠤ ᠠᠪᠳᠠᠷ᠎ᠠ ᠪᠤᠯᠢᠶᠠᠭᠳᠠᠵᠤ᠂ ᠬᠠᠳᠠᠮ ᠡᠴᠢᠭᠡ ᠬᠢᠭᠡᠳ ᠨᠥᠬᠥᠷ ᠨᠢ ᠨᠠᠰᠤ ᠪᠠᠷᠠᠭᠰᠠᠨ ᠤ ᠤᠴᠢᠷ ᠠᠵᠢ᠃ 22 ᠲᠡᠷᠡ ᠡᠮᠡᠭᠲᠡᠢ᠄ 《ᠪᠤᠷᠬᠠᠨ ᠤ ᠠᠪᠳᠠᠷ᠎ᠠ ᠪᠤᠯᠢᠶᠠᠭᠳᠠᠭᠰᠠᠨ ᠠᠴᠠ ᠪᠣᠯᠵᠤ᠂ ᠠᠯᠳᠠᠷ ᠨᠢ ᠢᠰᠷᠧᠯ ᠡᠴᠡ ᠰᠠᠯᠵᠤ ᠣᠳᠪᠠ》 ᠭᠡᠵᠦ ᠬᠡᠯᠡᠵᠡᠢ᠃