ᠨᠢᠭᠡᠳᠦᠭᠡᠷ ᠰᠠᠮᠦ᠋ᠶᠧᠯ ᠬᠣᠷᠢᠨ ᠳᠣᠯᠣᠭ᠎ᠠ
ᠳ᠋ᠠᠸᠢᠳ᠋ ᠹᠢᠯᠢᠰᠲ᠋ᠴᠦᠳ ᠦᠨ ᠳᠤᠮᠳᠠ
1 ᠳ᠋ᠠᠸᠢᠳ᠋ ᠳᠣᠲᠣᠷ᠎ᠠ ᠪᠠᠨ᠄ 《ᠪᠢ ᠬᠣᠵᠢᠮ ᠰᠠᠦ᠋ᠯ ᠤᠨ ᠭᠠᠷ ᠲᠤ ᠳᠠᠭᠤᠰᠬᠤ ᠪᠠᠢᠬ᠎ᠠ᠃ ᠹᠢᠯᠢᠰᠲ᠋ᠴᠦᠳ ᠦᠨ ᠨᠤᠲᠤᠭ ᠲᠤ ᠵᠢᠭᠤᠲᠠᠵᠤ ᠣᠴᠢᠬᠤ ᠠᠴᠠ ᠰᠠᠢᠨ ᠠᠷᠭ᠎ᠠ ᠨᠠᠳᠠ ᠳᠤ ᠠᠯᠠᠭ᠎ᠠ᠃ ᠲᠡᠭᠡᠪᠡᠯ ᠰᠠᠦ᠋ᠯ ᠨᠠᠮᠠᠶᠢ ᠢᠰᠷᠧᠯ ᠤᠨ ᠬᠢᠵᠠᠭᠠᠷ ᠨᠤᠲᠤᠭ ᠢᠶᠠᠷ ᠡᠷᠢᠵᠦ ᠬᠠᠢᠬᠤ ᠠᠴᠠ ᠴᠥᠬᠥᠷᠡᠨ᠎ᠡ᠂ ᠢᠩᠭᠢᠭᠡᠳ ᠪᠢ ᠲᠡᠭᠦᠨ ᠦ ᠭᠠᠷ ᠠᠴᠠ ᠮᠤᠯᠲᠤᠷᠠᠨ᠎ᠠ》 ᠭᠡᠵᠦ ᠪᠣᠳᠣᠪᠠ᠃ 2 ᠲᠡᠭᠡᠭᠡᠳ ᠳ᠋ᠠᠸᠢᠳ᠋ ᠬᠥᠳᠡᠯᠵᠦ᠂ ᠥᠪᠡᠷ ᠲᠡᠢ ᠪᠡᠨ ᠪᠠᠢᠭ᠎ᠠ ᠵᠢᠷᠭᠤᠭᠠᠨ ᠵᠠᠭᠤᠨ ᠬᠥᠮᠦᠨ ᠦ ᠬᠠᠮᠲᠤ ᠭᠠᠲ ᠤᠨ ᠬᠠᠭᠠᠨ ᠮᠠᠶᠣᠺ ᠤᠨ ᠬᠥᠪᠡᠭᠦᠨ ᠠᠺᠢᠱ ᠤᠷᠤᠭᠤ ᠶᠠᠪᠤᠵᠤ ᠣᠳᠪᠠ᠃ 3 ᠡᠢᠨ ᠬᠦ ᠳ᠋ᠠᠸᠢᠳ᠋ ᠪᠣᠯᠣᠨ ᠲᠡᠭᠦᠨ ᠦ ᠬᠥᠮᠦᠰ ᠭᠡᠷ ᠪᠦᠯᠢ ᠶᠢᠨ ᠬᠢᠨ ᠲᠠᠢ ᠪᠠᠨ ᠬᠠᠮᠲᠤ ᠭᠠᠲ ᠲᠤ ᠣᠴᠢᠵᠤ ᠠᠺᠢᠱ ᠤᠨ ᠲᠡᠨᠳᠡ ᠰᠠᠭᠤᠷᠢᠰᠢᠪᠠ᠃ ᠳ᠋ᠠᠸᠢᠳ᠋ ᠤᠨ ᠬᠣᠶᠠᠷ ᠡᠬᠡᠨᠡᠷ ᠶᠧᠽᠷᠧᠯ ᠡᠮᠡᠭᠲᠡᠢ ᠠᠾᠢᠨᠣᠶᠠᠮ ᠬᠢᠭᠡᠳ ᠨᠠᠪᠠᠯ ᠤᠨ ᠡᠬᠡᠨᠡᠷ ᠪᠠᠢᠭᠰᠠᠨ ᠺᠠᠷᠮᠧᠯ ᠡᠮᠡᠭᠲᠡᠢ ᠠᠪᠢᠭᠠᠢᠯ ᠴᠤ ᠲᠡᠨᠳᠡ ᠪᠠᠢᠪᠠ᠃ 4 ᠳ᠋ᠠᠸᠢᠳ᠋ ᠤᠨ ᠭᠠᠲ ᠤᠷᠤᠭᠤ ᠵᠢᠭᠤᠲᠠᠭᠰᠠᠨ ᠢ ᠰᠠᠦ᠋ᠯ ᠰᠣᠨᠣᠰᠣᠭᠠᠳ ᠲᠡᠭᠦᠨ ᠢ ᠮᠥᠰᠬᠢᠬᠦ ᠪᠡᠨ ᠪᠣᠯᠢᠵᠠᠢ᠃
5 ᠳ᠋ᠠᠸᠢᠳ᠋ ᠠᠺᠢᠱ ᠲᠤ᠄ 《ᠬᠡᠷᠪᠡ ᠪᠢ ᠲᠠᠨ ᠤ ᠲᠠᠭᠠᠯᠠᠯ ᠢ ᠣᠯᠣᠭᠰᠠᠨ ᠪᠣᠯ᠂ ᠬᠥᠳᠡᠭᠡ ᠶᠢᠨ ᠲᠣᠰᠬᠣᠨ ᠨᠤᠭᠤᠳ ᠠᠴᠠ ᠪᠠᠨ ᠨᠢᠭᠡ ᠶᠢ ᠥᠭᠴᠦ᠂ ᠨᠠᠮᠠᠶᠢ ᠲᠡᠨᠳᠡ ᠰᠠᠭᠤᠯᠭᠠᠨ᠎ᠠ ᠤᠤ︖ ᠵᠠᠷᠤᠴᠠ ᠴᠢᠨᠢ ᠬᠠᠭᠠᠨ ᠤ ᠬᠣᠲᠠ ᠳᠤ ᠶᠠᠭᠠᠬᠢᠨ ᠲᠠᠨ ᠲᠠᠢ ᠬᠠᠮᠲᠤ ᠰᠠᠭᠤᠬᠤ ᠶᠤᠮ ᠪᠤᠢ︖》 ᠭᠡᠰᠡᠨ ᠳᠦ᠂ 6 ᠠᠺᠢᠱ ᠲᠡᠷᠡ ᠡᠳᠦᠷ ᠽᠢᠺᠯᠠᠭ ᠢ ᠲᠡᠭᠦᠨ ᠳᠦ ᠥᠭᠪᠡ᠃ ᠲᠡᠢᠨ ᠬᠦ ᠥᠨᠥᠳᠥᠷ ᠪᠣᠯᠲᠠᠯ᠎ᠠ ᠽᠢᠺᠯᠠᠭ ᠨᠢ ᠶᠦᠳᠠ ᠶᠢᠨ ᠬᠠᠭᠠᠳ ᠲᠤ ᠬᠠᠷᠢᠶᠠᠯᠠᠭᠳᠠᠬᠤ ᠪᠣᠯᠵᠠᠢ᠃ 7 ᠳ᠋ᠠᠸᠢᠳ᠋ ᠹᠢᠯᠢᠰᠲ᠋ᠴᠦᠳ ᠦᠨ ᠨᠤᠲᠤᠭ ᠲᠤ ᠨᠢᠭᠡ ᠵᠢᠯ ᠳᠥᠷᠪᠡᠨ ᠰᠠᠷ᠎ᠠ ᠰᠠᠭᠤᠪᠠ᠃
8 ᠲᠡᠷᠡ ᠬᠣᠭᠣᠷᠣᠨᠳᠣ ᠳ᠋ᠠᠸᠢᠳ᠋ ᠥᠪᠡᠷ ᠦᠨ ᠢᠶᠠᠨ ᠬᠥᠮᠦᠰ ᠢ ᠳᠠᠭᠠᠭᠤᠯᠤᠨ ᠭᠧᠱᠦ᠋ᠷᠴᠦᠳ᠂ ᠭᠢᠷᠽᠢᠴᠦᠳ ᠪᠣᠯᠣᠨ ᠠᠮᠠᠯᠧᠺᠴᠤᠳ ᠢ ᠳᠣᠪᠲᠣᠯᠵᠤ ᠪᠠᠢᠪᠠ᠃ ᠲᠡᠳᠡᠭᠡᠷ ᠦᠨᠳᠦᠰᠦᠲᠡᠨ ᠡᠷᠲᠡᠨ ᠡᠴᠡ ᠱᠦᠷ ᠪᠣᠯᠣᠨ ᠶᠧᠵᠢᠫᠲ ᠲᠤ ᠬᠦᠷᠬᠦ ᠵᠠᠮ ᠤᠨ ᠬᠠᠪᠢ ᠪᠤᠶᠤ ᠱᠦᠷ ᠦᠨ ᠣᠢᠷᠠᠯᠴᠠᠭ᠎ᠠ ᠣᠷᠣᠰᠢᠨ ᠰᠠᠭᠤᠳᠠᠭ ᠪᠠᠢᠵᠠᠢ᠃ 9 ᠳ᠋ᠠᠸᠢᠳ᠋ ᠡᠳᠡᠭᠡᠷ ᠨᠤᠲᠤᠭ ᠢ ᠴᠣᠬᠢᠬᠤ ᠳᠠᠭᠠᠨ ᠡᠷᠡᠭᠲᠡᠢ ᠡᠮᠡᠭᠲᠡᠢ ᠬᠥᠮᠦᠨ ᠢ ᠨᠢᠭᠡᠯᠬᠡᠨ ᠴᠤ ᠠᠮᠢᠳᠤ ᠦᠯᠡᠳᠡᠭᠡᠯ ᠦᠭᠡᠢ᠂ ᠬᠣᠨᠢ᠂ ᠦᠬᠡᠷ᠂ ᠡᠯᠵᠢᠭᠡ᠂ ᠲᠡᠮᠡᠭᠡᠨ ᠰᠦᠷᠦᠭ ᠪᠣᠯᠣᠨ ᠬᠤᠪᠴᠠᠰᠤ ᠬᠤᠨᠠᠷ ᠢ ᠨᠢ ᠪᠤᠯᠢᠶᠠᠨ ᠠᠪᠤᠭᠠᠳ ᠠᠺᠢᠱ ᠤᠷᠤᠭᠤ ᠪᠤᠴᠠᠳᠠᠭ ᠪᠠᠢᠪᠠ᠃ 10 ᠠᠺᠢᠱ᠄ 《ᠥᠨᠥᠳᠥᠷ ᠴᠢ ᠶᠠᠮᠠᠷ ᠭᠠᠵᠠᠷ ᠢ ᠳᠣᠪᠲᠣᠯᠣᠭᠰᠠᠨ ᠪᠤᠢ︖》 ᠭᠡᠵᠦ ᠠᠰᠠᠭᠤᠪᠠᠯ᠂ ᠳ᠋ᠠᠸᠢᠳ᠋᠄ 《ᠶᠦᠳᠠ ᠶᠢᠨ ᠡᠮᠦᠨᠡᠲᠦ ᠪᠦᠰᠡ》᠂ ᠡᠰᠡᠪᠡᠯ 《ᠶᠧᠷᠠᠮᠧᠯᠴᠤᠳ ᠤᠨ ᠡᠮᠦᠨᠡᠲᠦ ᠪᠦᠰᠡ》᠂ ᠡᠰᠡᠪᠡᠯ 《ᠺᠧᠨᠴᠦᠳ ᠦᠨ ᠡᠮᠦᠨᠡᠲᠦ ᠪᠦᠰᠡ》 ᠭᠡᠵᠦ ᠬᠠᠷᠢᠭᠤᠯᠳᠠᠭ ᠪᠠᠢᠪᠠ᠃ 11 ᠳ᠋ᠠᠸᠢᠳ᠋ ᠨᠢᠭᠡ ᠴᠤ ᠡᠷᠡᠭᠲᠡᠢ ᠡᠮᠡᠭᠲᠡᠢ ᠬᠥᠮᠦᠨ ᠢ ᠠᠮᠢᠳᠤ ᠪᠠᠷ ᠨᠢ ᠭᠠᠲ ᠲᠤ ᠠᠪᠴᠢᠷᠠᠳᠠᠭ ᠦᠭᠡᠢ ᠪᠠᠢᠯ᠎ᠠ᠃ 《ᠲᠡᠳᠡ ᠶᠠᠭᠤ ᠬᠢᠭᠰᠡᠨ ᠢ ᠮᠢᠨᠢ ᠠᠺᠢᠱ ᠲᠤ ᠬᠣᠪᠯᠠᠬᠤ ᠪᠤᠢ》 ᠭᠡᠵᠦ ᠳ᠋ᠠᠸᠢᠳ᠋ ᠪᠣᠳᠣᠳᠠᠭ ᠪᠠᠢᠵᠠᠢ᠃ ᠲᠡᠷᠡ ᠹᠢᠯᠢᠰᠲ᠋ᠴᠦᠳ ᠦᠨ ᠨᠤᠲᠤᠭ ᠲᠤ ᠰᠠᠭᠤᠭᠰᠠᠨ ᠪᠦᠬᠦᠢᠯᠡ ᠬᠤᠭᠤᠴᠠᠭᠠᠨ ᠳᠠᠭᠠᠨ ᠦᠷᠭᠦᠯᠵᠢ ᠢᠩᠭᠢᠳᠡᠭ ᠪᠠᠢᠯ᠎ᠠ᠃ 12 ᠠᠺᠢᠱ ᠳ᠋ᠠᠸᠢᠳ᠋ ᠲᠤ ᠢᠲᠡᠭᠡᠨ᠂ 《ᠳ᠋ᠠᠸᠢᠳ᠋ ᠥᠪᠡᠷ ᠦᠨ ᠢᠶᠠᠨ ᠠᠷᠠᠳ ᠲᠦᠮᠡᠨ ᠢᠰᠷᠧᠯ ᠳᠤ ᠭᠠᠷᠴᠠᠭ᠎ᠠ ᠦᠭᠡᠢ ᠵᠢᠭ᠍ᠰᠢᠭᠳᠡᠬᠦ ᠪᠣᠯᠵᠠᠢ᠃ ᠲᠡᠷᠡ ᠮᠥᠩᠬᠡᠳᠡ ᠮᠢᠨᠦ ᠵᠠᠷᠤᠴᠠ ᠪᠣᠯᠣᠨ᠎ᠠ》 ᠭᠡᠵᠦ ᠪᠣᠳᠣᠵᠤ ᠪᠠᠢᠪᠠ᠃