1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠭᠤᠴᠢ
 ᠳ᠋ᠠᠸᠢᠳ᠋ ᠠᠮᠠᠯᠧᠺᠴᠤᠳ ᠢ ᠤᠰᠠᠳᠬᠠᠪᠠ

1 ᠬᠣᠶᠠᠷ ᠬᠣᠨᠣᠭ ᠤᠨ ᠳᠠᠷᠠᠭ᠎ᠠ ᠳ᠋ᠠᠸᠢᠳ᠋ ᠪᠣᠯᠣᠨ ᠲᠡᠭᠦᠨ ᠦ ᠬᠥᠮᠦᠰ ᠽᠢᠺᠯᠠᠭ ᠲᠤ ᠪᠤᠴᠠᠵᠤ ᠢᠷᠡᠭᠡᠳ ᠦᠵᠡᠬᠦ ᠳᠦ᠂ ᠠᠮᠠᠯᠧᠺᠴᠤᠳ ᠡᠮᠦᠨᠡᠲᠦ ᠪᠦᠰᠡ ᠪᠣᠯᠣᠨ ᠽᠢᠺᠯᠠᠭ ᠤᠷᠤᠭᠤ ᠳᠣᠪᠲᠣᠯᠣᠨ ᠽᠢᠺᠯᠠᠭ ᠢ ᠴᠣᠬᠢᠵᠤ᠂ ᠭᠠᠯᠳᠠᠨ ᠰᠢᠲᠠᠭᠠᠭᠰᠠᠨ ᠪᠠᠢᠵᠠᠢ᠃ 2 ᠲᠡᠳᠡ ᠡᠮᠡᠭᠲᠡᠢᠴᠦᠳ ᠪᠣᠯᠣᠨ ᠲᠡᠨᠳᠡ ᠪᠠᠢᠭ᠎ᠠ ᠪᠦᠬᠦ ᠬᠥᠮᠦᠨ ᠢ ᠶᠡᠬᠡ ᠪᠠᠭ᠎ᠠ ᠭᠡᠵᠦ ᠢᠯᠭᠠᠯ ᠦᠭᠡᠢ ᠨᠢᠭᠡ ᠶᠢ ᠨᠢ ᠴᠤ ᠠᠯᠠᠯ ᠦᠭᠡᠢ ᠪᠠᠷ ᠣᠯᠵᠠᠯᠠᠨ ᠠᠪᠴᠤ᠂ ᠵᠠᠮ ᠳᠠᠭᠠᠨ ᠭᠠᠷᠴᠠᠢ᠃ 3 ᠳ᠋ᠠᠸᠢᠳ᠋ ᠪᠣᠯᠣᠨ ᠲᠡᠭᠦᠨ ᠦ ᠬᠥᠮᠦᠰ ᠬᠣᠲᠠ ᠳᠤ ᠢᠷᠡᠭᠡᠳ ᠦᠵᠡᠬᠦ ᠳᠦ᠂ ᠬᠣᠲᠠ ᠨᠢ ᠰᠢᠲᠠᠵᠤ᠂ ᠡᠬᠡᠨᠡᠷ ᠤᠳ᠂ ᠬᠥᠪᠡᠭᠦᠳ ᠥᠬᠢᠳ ᠨᠢ ᠣᠯᠵᠠᠯᠠᠭᠳᠠᠭᠰᠠᠨ ᠪᠠᠢᠵᠠᠢ᠃ 4 ᠲᠡᠭᠡᠭᠡᠳ ᠳ᠋ᠠᠸᠢᠳ᠋ ᠪᠣᠯᠣᠨ ᠲᠡᠭᠦᠨ ᠲᠡᠢ ᠬᠠᠮᠲᠤ ᠪᠠᠢᠭ᠎ᠠ ᠬᠥᠮᠦᠰ ᠡᠭᠡᠭ ᠳᠠᠭᠤ ᠲᠠᠯᠪᠢᠨ᠂ ᠤᠬᠢᠯᠠᠬᠤ ᠴᠤ ᠲᠡᠩᠬᠡᠭᠡ ᠦᠭᠡᠢ ᠪᠣᠯᠲᠠᠯ᠎ᠠ ᠪᠠᠨ ᠴᠤᠷᠬᠢᠷᠠᠨ ᠤᠬᠢᠯᠠᠪᠠ᠃ 5 ᠳ᠋ᠠᠸᠢᠳ᠋ ᠤᠨ ᠬᠣᠶᠠᠷ ᠡᠬᠡᠨᠡᠷ᠂ ᠲᠤᠬᠠᠢᠯᠠᠪᠠᠯ ᠶᠧᠽᠷᠧᠯ ᠡᠮᠡᠭᠲᠡᠢ ᠠᠾᠢᠨᠣᠶᠠᠮ ᠪᠣᠯᠣᠨ ᠨᠠᠪᠠᠯ ᠤᠨ ᠡᠬᠡᠨᠡᠷ ᠪᠠᠢᠭᠰᠠᠨ ᠺᠠᠷᠮᠧᠯ ᠡᠮᠡᠭᠲᠡᠢ ᠠᠪᠢᠭᠠᠢᠯ ᠴᠤ ᠣᠯᠵᠠᠯᠠᠭᠳᠠᠨ ᠶᠠᠪᠤᠭᠰᠠᠨ ᠪᠠᠢᠪᠠ᠃ 6 ᠬᠥᠮᠦᠨ ᠪᠣᠯᠭᠠᠨ ᠬᠥᠪᠡᠭᠦᠳ ᠥᠬᠢᠳ ᠢᠶᠠᠨ ᠠᠯᠳᠠᠭᠠᠳ ᠰᠡᠳᠬᠢᠯ ᠭᠠᠰᠢᠭᠤᠳᠠᠵᠤ ᠪᠠᠢᠯ᠎ᠠ᠃ ᠠᠷᠠᠳ ᠣᠯᠠᠨ ᠳ᠋ᠠᠸᠢᠳ᠋ ᠤᠷᠤᠭᠤ ᠴᠢᠯᠠᠭᠤ ᠰᠢᠳᠡᠬᠦ ᠪᠡᠷ ᠶᠠᠷᠢᠯᠴᠠᠵᠤ ᠪᠠᠢᠭᠰᠠᠨ ᠤᠴᠢᠷ ᠲᠤ ᠳ᠋ᠠᠸᠢᠳ᠋ ᠶᠡᠬᠡᠳᠡ ᠵᠣᠪᠠᠭᠰᠠᠨ ᠪᠣᠯᠪᠠᠴᠤ ᠶᠣᠬᠣᠸᠠ ᠪᠤᠷᠬᠠᠨ ᠠᠴᠠ ᠪᠠᠨ ᠬᠦᠴᠦ ᠠᠪᠤᠪᠠ᠃

7 ᠳ᠋ᠠᠸᠢᠳ᠋ ᠠᠾᠢᠮᠧᠯᠧᠺ ᠤᠨ ᠬᠥᠪᠡᠭᠦᠨ ᠲᠠᠬᠢᠯᠴᠢ ᠠᠪᠢᠶᠠᠲ᠋ᠠᠷ ᠲᠤ᠄ 《ᠡᠹᠣᠳ ᠢ ᠠᠪᠤᠭᠠᠳ ᠢᠷ᠎ᠡ》 ᠭᠡᠰᠡᠨ ᠳᠦ᠂ ᠠᠪᠢᠶᠠᠲ᠋ᠠᠷ ᠳ᠋ᠠᠸᠢᠳ᠋ ᠲᠤ ᠡᠹᠣᠳ ᠢ ᠠᠪᠴᠢᠷᠠᠵᠠᠢ᠃ 8 ᠳ᠋ᠠᠸᠢᠳ᠋ ᠶᠣᠬᠣᠸᠠ ᠠᠴᠠ᠄ 《ᠡᠳᠡᠭᠡᠷ ᠳᠡᠭᠡᠷᠡᠮᠴᠢᠨ ᠢ ᠮᠥᠷᠳᠡᠬᠦ ᠤᠤ︖ ᠲᠡᠳᠡᠨ ᠢ ᠬᠥᠭᠡᠭᠡᠵᠦ ᠭᠦᠢᠴᠡᠬᠦ ᠤᠤ︖》 ᠭᠡᠵᠦ ᠠᠰᠠᠭᠤᠬᠤ ᠳᠤ᠂ ᠶᠣᠬᠣᠸᠠ᠄ 《ᠮᠥᠷᠳᠡᠭᠲᠦᠨ᠂ ᠲᠡᠳᠡᠨ ᠢ ᠦᠨᠡᠬᠡᠷ ᠬᠥᠭᠡᠭᠡᠵᠦ ᠭᠦᠢᠴᠡᠨ᠎ᠡ᠂ ᠦᠨᠡᠬᠡᠷ ᠪᠤᠴᠠᠭᠠᠵᠤ ᠠᠪᠬᠤ ᠪᠣᠯᠣᠨ᠎ᠠ》 ᠭᠡᠵᠡᠢ᠃ 9 ᠡᠢᠨ ᠬᠦ ᠳ᠋ᠠᠸᠢᠳ᠋ ᠵᠢᠷᠭᠤᠭᠠᠨ ᠵᠠᠭᠤᠨ ᠬᠥᠮᠦᠨ ᠲᠡᠢ ᠪᠡᠨ ᠬᠠᠮᠲᠤ ᠶᠠᠪᠤᠪᠠ᠃ ᠲᠡᠳᠡ ᠪᠧᠰᠣᠷ ᠭᠣᠷᠣᠬᠠᠨ ᠳᠤ ᠬᠦᠷᠴᠦ ᠢᠷᠡᠬᠦ ᠳᠦ᠂ ᠵᠠᠷᠢᠮ ᠨᠢ ᠲᠡᠨᠳᠡ ᠦᠯᠡᠳᠡᠪᠡ᠃ 10 ᠪᠧᠰᠣᠷ ᠭᠣᠷᠣᠬ᠎ᠠ ᠶᠢ ᠭᠠᠲᠤᠯᠵᠤ ᠴᠢᠳᠠᠬᠤ ᠦᠭᠡᠢ ᠪᠣᠯᠲᠠᠯ᠎ᠠ ᠪᠠᠨ ᠲᠤᠢᠯᠳᠠᠭᠰᠠᠨ ᠬᠣᠶᠠᠷ ᠵᠠᠭᠤᠨ ᠬᠥᠮᠦᠨ ᠲᠡᠨᠳᠡ ᠪᠡᠨ ᠦᠯᠡᠳᠡᠵᠦ᠂ ᠳ᠋ᠠᠸᠢᠳ᠋ ᠪᠣᠯᠣᠨ ᠳᠥᠷᠪᠡᠨ ᠵᠠᠭᠤ ᠬᠥᠮᠦᠨ ᠨᠢ ᠴᠢᠨᠠᠭᠰᠢ ᠮᠥᠷᠳᠡᠨ ᠬᠥᠭᠡᠭᠡᠪᠡ᠃

11 ᠲᠡᠳᠡ ᠬᠡᠭᠡᠷ᠎ᠡ ᠡᠴᠡ ᠨᠢᠭᠡᠨ ᠶᠧᠵᠢᠫᠲ ᠬᠥᠮᠦᠨ ᠢ ᠣᠯᠣᠭᠠᠳ ᠳ᠋ᠠᠸᠢᠳ᠋ ᠤᠷᠤᠭᠤ ᠠᠪᠴᠢᠷᠠᠵᠠᠢ᠃ ᠬᠥᠮᠦᠰ ᠲᠡᠭᠦᠨ ᠳᠦ ᠪᠣᠣᠪᠣ ᠢᠳᠡᠭᠦᠯᠵᠦ᠂ ᠤᠰᠤ ᠤᠤᠭᠤᠯᠭᠠᠵᠠᠢ᠃ 12 ᠪᠠᠰᠠ ᠬᠡᠰᠡᠭ ᠬᠠᠲᠠᠭᠠᠭᠰᠠᠨ ᠢᠨᠵᠢᠷ᠂ ᠬᠣᠶᠠᠷ ᠪᠣᠭᠣᠳᠠᠯ ᠦᠵᠦᠮ ᠥᠭᠭᠥᠭᠰᠡᠨ ᠳᠦ᠂ ᠲᠡᠷᠡ ᠢᠳᠡᠯ᠎ᠡ᠃ ᠲᠡᠭᠡᠭᠡᠳ ᠲᠡᠩᠬᠡᠭᠡ ᠣᠷᠣᠵᠠᠢ᠃ ᠲᠡᠷᠡ ᠭᠤᠷᠪᠠᠨ ᠡᠳᠦᠷ ᠭᠤᠷᠪᠠᠨ ᠰᠥᠨᠢ ᠬᠣᠭᠣᠯᠠ ᠢᠳᠡᠭᠡ ᠦᠭᠡᠢ᠂ ᠤᠰᠤ ᠤᠤᠭᠤᠭ᠎ᠠ ᠦᠭᠡᠢ ᠪᠠᠢᠭᠰᠠᠨ ᠠᠵᠢ᠃ 13 ᠳ᠋ᠠᠸᠢᠳ᠋ ᠲᠡᠭᠦᠨ ᠡᠴᠡ᠄ 《ᠴᠢ ᠬᠡᠨ ᠦ ᠬᠠᠷᠢᠶᠠᠲᠤ ᠪᠤᠢ︖ ᠴᠢ ᠬᠠᠮᠢᠭ᠎ᠠ ᠠᠴᠠ ᠢᠷᠡᠭᠰᠡᠨ ᠪᠤᠢ︖》 ᠭᠡᠵᠦ ᠠᠰᠠᠭᠤᠬᠤ ᠳᠤ᠂ ᠲᠡᠷᠡ᠄ 《ᠪᠢ ᠶᠧᠵᠢᠫᠲ ᠬᠥᠮᠦᠨ᠂ ᠠᠮᠠᠯᠧᠺ ᠬᠥᠮᠦᠨ ᠦ ᠪᠣᠭᠣᠯ ᠪᠠᠢᠭᠰᠠᠨ᠃ ᠪᠢ ᠭᠤᠷᠪᠠᠨ ᠬᠣᠨᠣᠭ ᠤᠨ ᠡᠮᠦᠨ᠎ᠡ ᠡᠪᠡᠳᠴᠢᠯᠡᠬᠦ ᠳᠦ᠂ ᠡᠵᠡᠨ ᠮᠠᠨᠢ ᠨᠠᠮᠠᠶᠢ ᠣᠷᠬᠢᠭᠠᠳ ᠶᠠᠪᠤᠭᠰᠠᠨ ᠶᠤᠮ᠃ 14 ᠪᠢᠳᠡ ᠺᠧᠷᠧᠲ᠋ᠴᠦᠳ ᠦᠨ ᠡᠮᠦᠨᠡᠲᠦ ᠪᠦᠰᠡ᠂ ᠶᠦᠳᠠ ᠶᠢᠨ ᠨᠤᠲᠤᠭ ᠳᠡᠪᠢᠰᠬᠡᠷ ᠪᠣᠯᠣᠨ ᠺᠠᠯᠧᠪ ᠤᠨ ᠡᠮᠦᠨᠡᠲᠦ ᠪᠦᠰᠡ ᠤᠷᠤᠭᠤ ᠳᠣᠪᠲᠣᠯᠵᠤ᠂ ᠽᠢᠺᠯᠠᠭ ᠢ ᠭᠠᠯᠳᠠᠨ ᠰᠢᠲᠠᠭᠠᠭᠰᠠᠨ ᠶᠤᠮ》 ᠭᠡᠵᠦ ᠬᠡᠯᠡᠪᠡ᠃ 15 ᠳ᠋ᠠᠸᠢᠳ᠋ ᠲᠡᠭᠦᠨ ᠳᠦ᠄ 《ᠲᠡᠳᠡᠭᠡᠷ ᠳᠡᠭᠡᠷᠡᠮᠴᠢᠨ ᠤᠷᠤᠭᠤ ᠭᠠᠵᠠᠷᠴᠢᠯᠠᠵᠤ ᠥᠭᠬᠦ ᠦᠭᠡᠢ ᠤᠤ︖》 ᠭᠡᠵᠦ ᠠᠰᠠᠭᠤᠬᠤ ᠳᠤ᠂ 《ᠨᠠᠮᠠᠶᠢ ᠠᠯᠠᠬᠤ ᠦᠭᠡᠢ᠂ ᠪᠠᠰᠠ ᠮᠢᠨᠦ ᠡᠵᠡᠨ ᠦ ᠭᠠᠷ ᠲᠤ ᠥᠭᠬᠦ ᠦᠭᠡᠢ ᠭᠡᠳᠡᠭ ᠢᠶᠡᠨ ᠪᠤᠷᠬᠠᠨ ᠤ ᠨᠡᠷ᠎ᠡ ᠪᠡᠷ ᠨᠠᠳᠠ ᠳᠤ ᠲᠠᠩ᠋ᠭᠠᠷᠢᠭᠯᠠᠪᠠᠯ᠂ ᠪᠢ ᠲᠠᠨ ᠢ ᠲᠡᠳᠡᠭᠡᠷ ᠳᠡᠭᠡᠷᠡᠮᠴᠢᠨ ᠤᠷᠤᠭᠤ ᠠᠪᠠᠴᠢᠵᠤ ᠥᠭᠭᠥᠶ᠎ᠡ》 ᠭᠡᠯ᠎ᠡ᠃

16 ᠲᠡᠷᠡ ᠳ᠋ᠠᠸᠢᠳ᠋ ᠢ ᠳᠠᠭᠠᠭᠤᠯᠵᠤ ᠬᠦᠷᠪᠡ᠃ ᠬᠠᠷᠠ᠂ ᠠᠮᠠᠯᠧᠺᠴᠤᠳ ᠭᠠᠵᠠᠷ ᠰᠠᠢ ᠦᠭᠡᠢ ᠲᠠᠷᠬᠠᠭᠠᠳ ᠪᠠᠢᠯ᠎ᠠ︕ ᠲᠡᠳᠡ ᠹᠢᠯᠢᠰᠲ᠋ᠴᠦᠳ ᠪᠣᠯᠣᠨ ᠶᠦᠳᠠ ᠶᠢᠨ ᠨᠤᠲᠤᠭ ᠠᠴᠠ ᠠᠪᠴᠢᠷᠠᠭᠰᠠᠨ ᠶᠠᠩᠵᠤ ᠪᠦᠷᠢ ᠶᠢᠨ ᠡᠯᠪᠡᠭ ᠣᠯᠵᠠ ᠪᠠᠨ ᠢᠳᠡᠵᠦ ᠤᠤᠭᠤᠨ᠂ ᠨᠠᠢᠷᠯᠠᠵᠤ ᠪᠠᠢᠯ᠎ᠠ᠃ 17 ᠳ᠋ᠠᠸᠢᠳ᠋ ᠰᠥᠨᠢ ᠡᠴᠡ ᠠᠪᠤᠭᠠᠳ ᠳᠠᠷᠠᠭ᠎ᠠ ᠡᠳᠦᠷ ᠦᠨ ᠬᠢᠨᠢ ᠣᠷᠣᠢ ᠪᠣᠯᠲᠠᠯ᠎ᠠ ᠲᠡᠳᠡᠨ ᠢ ᠴᠣᠬᠢᠭᠰᠠᠨ ᠳᠤ᠂ ᠲᠡᠮᠡᠭᠡ ᠤᠨᠤᠵᠤ ᠵᠢᠭᠤᠲᠠᠭᠰᠠᠨ ᠳᠥᠷᠪᠡᠨ ᠵᠠᠭᠤᠨ ᠵᠠᠯᠠᠭᠤ ᠠᠴᠠ ᠥᠭᠡᠷ᠎ᠡ ᠮᠤᠯᠲᠤᠷᠠᠵᠤ ᠴᠢᠳᠠᠭᠰᠠᠨ ᠬᠥᠮᠦᠨ ᠨᠢᠭᠡ ᠴᠤ ᠦᠭᠡᠢ᠃ 18 ᠡᠢᠨ ᠬᠦ ᠳ᠋ᠠᠸᠢᠳ᠋ ᠠᠮᠠᠯᠧᠺᠴᠤᠳ ᠲᠤ ᠪᠤᠯᠢᠶᠠᠭᠳᠠᠭᠰᠠᠨ ᠪᠦᠬᠦᠨ ᠢᠶᠡᠨ ᠡᠷᠭᠢᠭᠦᠯᠦᠨ ᠠᠪᠴᠠᠢ᠃ ᠠᠯᠳᠠᠭᠰᠠᠨ ᠬᠣᠶᠠᠷ ᠡᠬᠡᠨᠡᠷ ᠢᠶᠡᠨ ᠴᠤ ᠡᠷᠭᠢᠭᠦᠯᠦᠨ ᠠᠪᠤᠪᠠ᠃ 19 ᠶᠠᠭᠤ ᠴᠤ ᠳᠤᠲᠠᠭ᠎ᠠ ᠦᠭᠡᠢ᠃ ᠳ᠋ᠠᠸᠢᠳ᠋ ᠬᠥᠭᠰᠢᠨ ᠵᠠᠯᠠᠭᠤ᠂ ᠬᠥᠪᠡᠭᠦᠳ ᠥᠬᠢᠳ᠂ ᠣᠯᠵᠠᠯᠠᠭᠰᠠᠨ ᠵᠦᠢᠯᠡᠰ᠂ ᠪᠤᠯᠢᠶᠠᠭᠳᠠᠭᠰᠠᠨ ᠵᠦᠢᠯᠡᠰ ᠢᠶᠡᠨ ᠪᠦᠭᠦᠳᠡ ᠶᠢ ᠪᠤᠴᠠᠭᠠᠨ ᠠᠪᠤᠪᠠ᠃ 20 ᠳ᠋ᠠᠸᠢᠳ᠋ ᠪᠠᠰᠠ ᠲᠡᠳᠡᠨ ᠦ ᠦᠬᠡᠷ ᠬᠣᠨᠢ ᠶᠢ ᠪᠦᠭᠦᠳᠡ ᠶᠢ ᠨᠢ ᠣᠯᠵᠠᠯᠠᠨ ᠠᠪᠤᠭᠰᠠᠨ ᠪᠥᠭᠡᠳ ᠬᠥᠮᠦᠰ ᠡᠳᠡᠭᠡᠷ ᠢ ᠰᠦᠷᠦᠭ ᠦᠨ ᠢᠶᠠᠨ ᠡᠬᠢᠨ ᠳᠤ ᠲᠠᠭᠤᠵᠤ᠄ 《ᠡᠨᠡ ᠪᠣᠯ ᠳ᠋ᠠᠸᠢᠳ᠋ ᠤᠨ ᠣᠯᠵᠠ︕》 ᠭᠡᠵᠦ ᠬᠠᠰᠬᠢᠷᠤᠯᠳᠤᠵᠤ ᠪᠠᠢᠯ᠎ᠠ᠃

21 ᠳ᠋ᠠᠸᠢᠳ᠋ ᠪᠧᠰᠣᠷ ᠭᠣᠷᠣᠬᠠᠨ ᠳᠤ ᠬᠦᠷᠴᠦ ᠢᠷᠡᠬᠦ ᠳᠦ᠂ ᠶᠠᠳᠠᠷᠠᠵᠤ ᠲᠤᠢᠯᠳᠠᠨ ᠳᠠᠭᠠᠵᠤ ᠳᠡᠢᠯᠬᠦ ᠦᠭᠡᠢ ᠲᠡᠨᠳᠡ ᠪᠡᠨ ᠦᠯᠡᠳᠡᠭᠰᠡᠨ ᠬᠣᠶᠠᠷ ᠵᠠᠭᠤᠨ ᠬᠥᠮᠦᠨ ᠳ᠋ᠠᠸᠢᠳ᠋ ᠪᠣᠯᠣᠨ ᠲᠡᠭᠦᠨ ᠦ ᠬᠥᠮᠦᠰ ᠢ ᠤᠭᠲᠤᠬᠤ ᠪᠠᠷ ᠭᠠᠷᠴᠤ ᠢᠷᠡᠪᠡ᠃ ᠳ᠋ᠠᠸᠢᠳ᠋ ᠲᠡᠷᠡ ᠬᠥᠮᠦᠰ ᠲᠦ ᠣᠢᠷᠠᠲᠤᠨ ᠣᠴᠢᠵᠤ᠂ ᠮᠡᠨᠳᠦᠴᠢᠯᠡᠪᠡ᠃ 22 ᠬᠠᠷᠢᠨ ᠳ᠋ᠠᠸᠢᠳ᠋ ᠲᠠᠢ ᠬᠠᠮᠲᠤ ᠶᠠᠪᠤᠭ᠎ᠠ ᠬᠥᠮᠦᠰ ᠦᠨ ᠳᠣᠲᠣᠷᠠᠬᠢ ᠮᠠᠭᠤ᠂ ᠪᠦᠲᠦᠯ ᠦᠭᠡᠢ ᠬᠥᠮᠦᠰ ᠠᠮᠠ ᠠᠮᠠᠨ ᠳᠠᠭᠠᠨ᠄ 《ᠲᠡᠳᠡ ᠪᠢᠳᠡᠨ ᠲᠡᠢ ᠬᠠᠮᠲᠤ ᠶᠠᠪᠤᠭ᠎ᠠ ᠦᠭᠡᠢ ᠪᠣᠯᠬᠣᠷ ᠪᠢᠳᠡ ᠪᠤᠴᠠᠭᠠᠵᠤ ᠠᠪᠤᠭᠰᠠᠨ ᠣᠯᠵᠠᠨ ᠠᠴᠠ ᠪᠠᠨ ᠲᠡᠳᠡᠨ ᠲᠡᠢ ᠬᠤᠪᠢᠶᠠᠯᠴᠠᠬᠤ ᠦᠭᠡᠢ᠂ ᠲᠡᠳᠡ ᠡᠬᠡᠨᠡᠷ ᠬᠡᠦᠬᠡᠳ ᠤᠳ ᠢᠶᠠᠨ ᠯᠠ ᠠᠪᠴᠤ ᠶᠠᠪᠤᠭ》 ᠭᠡᠵᠦ ᠬᠡᠯᠡᠵᠡᠢ᠃ 23 ᠲᠡᠭᠡᠬᠦ ᠳᠦ ᠳ᠋ᠠᠸᠢᠳ᠋᠄ 《ᠶᠣᠬᠣᠸᠠ ᠶᠢᠨ ᠰᠣᠶᠣᠷᠬᠠᠭᠰᠠᠨ ᠵᠦᠢᠯᠡᠰ ᠢ ᠲᠡᠭᠡᠵᠦ ᠪᠣᠯᠬᠤ ᠦᠭᠡᠢ᠂ ᠠᠬ᠎ᠠ ᠳᠡᠭᠦᠦ ᠨᠠᠷ ᠮᠢᠨᠢ᠃ ᠶᠣᠬᠣᠸᠠ ᠮᠠᠨ ᠤ ᠬᠢᠨ ᠢ ᠬᠠᠮᠠᠭᠠᠯᠠᠵᠤ᠂ ᠨᠥᠭᠥᠭᠡ ᠳᠡᠭᠡᠷᠡᠮᠴᠢᠳ ᠢ ᠮᠠᠨ ᠤ ᠭᠠᠷ ᠲᠤ ᠲᠤᠰᠢᠶᠠᠭᠰᠠᠨ ᠪᠢᠰᠢ ᠤᠤ︖ 24 ᠡᠨᠡ ᠶᠠᠪᠤᠳᠠᠯ ᠤᠨ ᠲᠠᠯ᠎ᠠ ᠪᠠᠷ ᠲᠠ ᠨᠠᠷ ᠤᠨ ᠬᠢ ᠶᠢ ᠬᠡᠨ ᠰᠣᠨᠣᠰᠬᠤ ᠪᠤᠢ︖ ᠲᠤᠯᠤᠯᠳᠤᠭᠠᠨ ᠳᠤ ᠶᠠᠪᠤᠭᠰᠠᠨ ᠬᠥᠮᠦᠰ ᠦᠨ ᠬᠤᠪᠢ ᠴᠤ᠂ ᠠᠴᠢᠶ᠎ᠠ ᠪᠠᠷᠠᠭᠠᠨ ᠤ ᠳᠡᠷᠭᠡᠳᠡ ᠪᠠᠢᠭᠰᠠᠨ ᠬᠥᠮᠦᠰ ᠦᠨ ᠬᠤᠪᠢ ᠴᠤ ᠠᠳᠠᠯᠢᠬᠠᠨ ᠪᠠᠢᠬᠤ ᠶᠣᠰᠣᠲᠠᠢ》 ᠭᠡᠵᠦ ᠬᠡᠯᠡᠪᠡ᠃ 25 ᠳ᠋ᠠᠸᠢᠳ᠋ ᠡᠭᠦᠨ ᠢ ᠢᠰᠷᠧᠯ ᠤᠨ ᠳᠦᠷᠢᠮ ᠲᠣᠭᠲᠠᠭᠠᠯ ᠪᠣᠯᠭᠠᠭᠰᠠᠨ ᠢᠶᠠᠷ ᠡᠨᠡ ᠨᠢ ᠲᠡᠷᠡ ᠡᠳᠦᠷ ᠡᠴᠡ ᠬᠣᠢᠰᠢ ᠥᠨᠥᠳᠥᠷ ᠪᠣᠯᠲᠠᠯ᠎ᠠ ᠪᠠᠢᠭᠰᠠᠭᠠᠷ ᠪᠠᠢᠳᠠᠭ᠃

26 ᠳ᠋ᠠᠸᠢᠳ᠋ ᠽᠢᠺᠯᠠᠭ ᠲᠤ ᠪᠤᠴᠠᠵᠤ ᠢᠷᠡᠭᠰᠡᠨ ᠦ ᠳᠠᠷᠠᠭ᠎ᠠ᠂ ᠶᠦᠳᠠ ᠳᠤ ᠪᠠᠢᠭ᠎ᠠ ᠠᠬᠠᠯᠠᠭᠴᠢ ᠨᠠᠢᠵᠢ ᠨᠠᠷ ᠲᠠᠭᠠᠨ᠄ 《ᠶᠣᠬᠣᠸᠠ ᠶᠢᠨ ᠳᠠᠢᠰᠤᠨ ᠨᠤᠭᠤᠳ ᠠᠴᠠ ᠠᠪᠤᠭᠰᠠᠨ ᠣᠯᠵᠠᠨ ᠠᠴᠠ ᠪᠠᠨ ᠲᠠ ᠨᠠᠷ ᠲᠤ ᠪᠡᠯᠡᠭᠯᠡᠶ᠎ᠡ》 ᠭᠡᠳ ᠣᠯᠵᠠᠨ ᠠᠴᠠ ᠪᠠᠨ ᠢᠯᠡᠭᠡᠪᠡ᠃ 27 ᠡᠭᠦᠨ ᠡᠴᠡ ᠭᠠᠳᠠᠨ᠎ᠠ ᠪᠧᠲ᠋ᠧᠯ᠂ ᠡᠮᠦᠨᠡᠲᠦ ᠪᠦᠰᠡ ᠶᠢᠨ ᠷᠠᠮᠣᠲ᠂ ᠶᠠᠲ᠋ᠢᠷ᠂ 28 ᠠᠷᠣᠶᠧᠷ᠂ ᠰᠢᠹᠮᠣᠲ᠂ ᠡᠱᠲ᠋ᠧᠮᠣᠶ᠎ᠠ᠂ 29 ᠷᠠᠺᠠᠯ᠂ ᠶᠧᠷᠠᠮᠧᠯᠴᠤᠳ ᠤᠨ ᠬᠣᠲᠠ ᠲᠣᠰᠬᠣᠨ᠂ ᠺᠧᠨᠴᠦᠳ ᠦᠨ ᠬᠣᠲᠠ ᠲᠣᠰᠬᠣᠨ᠂ 30 ᠬᠣᠷᠮᠠ᠂ ᠪᠣᠷ ᠠᠱᠠᠨ᠂ ᠠᠲ᠋ᠠᠺ᠋᠂ 31 ᠾᠧᠪᠷᠣᠨ᠂ ᠮᠥᠨ ᠳ᠋ᠠᠸᠢᠳ᠋ ᠪᠠ ᠲᠡᠭᠦᠨ ᠦ ᠬᠥᠮᠦᠰ ᠦᠨ ᠶᠠᠪᠤᠵᠤ ᠳᠠᠳᠤᠭᠰᠠᠨ ᠪᠦᠬᠦ ᠭᠠᠵᠠᠷ ᠤᠨ ᠨᠠᠢᠵᠢ ᠨᠠᠷ ᠲᠠᠭᠠᠨ ᠡᠳᠡᠭᠡᠷ ᠪᠡᠯᠡᠭ ᠢ ᠶᠠᠪᠤᠭᠤᠯᠵᠠᠢ᠃