1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠲᠠᠪᠤ
 ᠶᠣᠬᠣᠸᠠ ᠶᠢᠨ ᠬᠢᠯᠢᠩ ᠹᠢᠯᠢᠰᠲ᠋ᠴᠦᠳ ᠲᠦ ᠪᠠᠭᠤᠪᠠ

1 ᠹᠢᠯᠢᠰᠲ᠋ᠴᠦᠳ ᠪᠤᠷᠬᠠᠨ ᠤ ᠠᠪᠳᠠᠷ᠎ᠠ ᠶᠢ ᠪᠤᠯᠢᠶᠠᠵᠤ ᠠᠪᠤᠭᠠᠳ᠂ ᠡᠪᠧᠨᠧᠽᠧᠷ ᠡᠴᠡ ᠠᠱᠠᠳᠣᠳ᠋ ᠤᠷᠤᠭᠤ ᠠᠪᠴᠢᠷᠠᠪᠠ᠃ 2 ᠲᠡᠭᠡᠭᠡᠳ ᠹᠢᠯᠢᠰᠲ᠋ᠴᠦᠳ ᠪᠤᠷᠬᠠᠨ ᠤ ᠠᠪᠳᠠᠷ᠎ᠠ ᠶᠢ ᠠᠪᠴᠤ᠂ ᠳ᠋ᠠᠭᠣᠨ ᠤ ᠳᠤᠭᠠᠩ ᠳᠤ ᠣᠷᠣᠭᠤᠯᠤᠨ ᠳ᠋ᠠᠭᠣᠨ ᠤ ᠳᠡᠷᠭᠡᠳᠡ ᠲᠠᠯᠪᠢᠪᠠ᠃ 3 ᠠᠱᠠᠳᠣᠳ᠋ᠴᠤᠳ ᠳᠠᠷᠠᠭ᠎ᠠ ᠡᠳᠦᠷ ᠨᠢ ᠡᠷᠲᠡᠯᠡᠨ ᠪᠣᠰᠣᠭᠠᠳ ᠦᠵᠡᠬᠦ ᠳᠦ᠂ ᠳ᠋ᠠᠭᠣᠨ ᠨᠢ ᠶᠣᠬᠣᠸᠠ ᠶᠢᠨ ᠠᠪᠳᠠᠷ᠎ᠠ ᠶᠢᠨ ᠡᠮᠦᠨ᠎ᠡ ᠨᠢᠭᠤᠷ ᠢᠶᠠᠷ ᠢᠶᠠᠨ ᠭᠠᠵᠠᠷ ᠤᠨᠠᠭᠰᠠᠨ ᠪᠠᠢᠪᠠ᠃ ᠲᠡᠳᠡ ᠳ᠋ᠠᠭᠣᠨ ᠢ ᠠᠪᠴᠤ᠂ ᠪᠠᠢᠷᠢᠨ ᠳᠤᠨᠢ ᠡᠷᠭᠢᠭᠦᠯᠦᠨ ᠲᠠᠯᠪᠢᠪᠠ᠃ 4 ᠲᠡᠳᠡ ᠳᠠᠷᠠᠭ᠎ᠠ ᠥᠷᠯᠥᠭᠡ ᠨᠢ ᠪᠣᠰᠴᠤ ᠦᠵᠡᠬᠦ ᠳᠦ᠂ ᠳ᠋ᠠᠭᠣᠨ ᠨᠢ ᠶᠣᠬᠣᠸᠠ ᠶᠢᠨ ᠠᠪᠳᠠᠷ᠎ᠠ ᠶᠢᠨ ᠡᠮᠦᠨ᠎ᠡ ᠨᠢᠭᠤᠷ ᠢᠶᠠᠷ ᠢᠶᠠᠨ ᠭᠠᠵᠠᠷ ᠤᠨᠠᠴᠢᠬᠠᠭᠰᠠᠨ ᠪᠠᠢᠪᠠ᠃ ᠳ᠋ᠠᠭᠣᠨ ᠤ ᠲᠣᠯᠣᠭᠠᠢ᠂ ᠬᠣᠶᠠᠷ ᠴᠠᠷᠪᠠᠭᠤ ᠨᠢ ᠪᠣᠱᠣᠭᠠᠨ ᠤ ᠳᠡᠷᠭᠡᠳᠡ ᠲᠠᠰᠤᠷᠠᠵᠤ᠂ ᠶᠡᠬᠡ ᠪᠡᠶ᠎ᠡ ᠨᠢ ᠯᠠ ᠦᠯᠡᠳᠡᠭᠰᠡᠨ ᠪᠠᠢᠪᠠ᠃ 5 ᠲᠡᠢᠮᠦ ᠡᠴᠡ ᠥᠨᠥ ᠬᠦᠷᠲᠡᠯ᠎ᠡ ᠳ᠋ᠠᠭᠣᠨ ᠤ ᠲᠠᠬᠢᠯᠴᠢᠳ ᠪᠣᠯᠣᠨ ᠳ᠋ᠠᠭᠣᠨ ᠤ ᠳᠤᠭᠠᠩ ᠳᠤ ᠢᠷᠡᠭᠴᠢ ᠪᠣᠯᠭᠠᠨ ᠠᠱᠠᠳᠣᠳ᠋ ᠳᠠᠬᠢ ᠳ᠋ᠠᠭᠣᠨ ᠤ ᠪᠣᠱᠣᠭᠠᠨ ᠳᠡᠭᠡᠷ᠎ᠡ ᠬᠥᠯ ᠲᠠᠯᠪᠢᠳᠠᠭ ᠦᠭᠡᠢ᠃

6 ᠶᠣᠬᠣᠸᠠ ᠶᠢᠨ ᠮᠤᠲᠤᠷ ᠠᠱᠠᠳᠣᠳ᠋ᠴᠤᠳ ᠤᠨ ᠳᠡᠭᠡᠷ᠎ᠡ ᠬᠦᠨᠳᠦ ᠪᠡᠷ ᠳᠠᠷᠤᠵᠤ᠂ ᠠᠱᠠᠳᠣᠳ᠋ ᠪᠣᠯᠣᠨ ᠲᠡᠭᠦᠨ ᠦ ᠡᠷᠭᠢᠨ ᠲᠣᠭᠣᠷᠢᠨ ᠤ ᠬᠢᠨ ᠢ ᠰᠦᠢᠷᠡᠭᠦᠯᠵᠦ᠂ ᠬᠠᠪᠤᠳᠠᠷ ᠡᠪᠡᠳᠴᠢᠨ ᠢᠶᠠᠷ ᠴᠣᠬᠢᠪᠠ᠃ 7 ᠠᠱᠠᠳᠣᠳ᠋ ᠤᠨ ᠬᠥᠮᠦᠰ ᠡᠭᠦᠨ ᠢ ᠦᠵᠡᠭᠡᠳ᠄ 《ᠢᠰᠷᠧᠯ ᠤᠨ ᠪᠤᠷᠬᠠᠨ ᠤ ᠠᠪᠳᠠᠷ᠎ᠠ ᠪᠢᠳᠡᠨ ᠦ ᠳᠤᠮᠳᠠ ᠪᠠᠢᠵᠤ ᠪᠣᠯᠬᠤ ᠦᠭᠡᠢ᠃ ᠲᠡᠭᠦᠨ ᠦ ᠮᠤᠲᠤᠷ ᠪᠢᠳᠡ ᠪᠣᠯᠣᠨ ᠪᠢᠳᠡᠨ ᠦ ᠪᠤᠷᠬᠠᠨ ᠳ᠋ᠠᠭᠣᠨ ᠳᠤ ᠬᠠᠲᠠᠭᠤ ᠪᠠᠢᠨ᠎ᠠ》 ᠭᠡᠵᠡᠭᠡᠪᠡ᠃ 8 ᠡᠢᠨ ᠬᠦ ᠲᠡᠳᠡ ᠬᠥᠮᠦᠨ ᠶᠠᠪᠤᠭᠤᠯᠵᠤ᠂ ᠹᠢᠯᠢᠰᠲ ᠤᠨ ᠪᠦᠬᠦ ᠨᠣᠶᠠᠨ ᠢ ᠴᠤᠭᠯᠠᠭᠤᠯᠤᠨ᠄ 《ᠢᠰᠷᠧᠯ ᠤᠨ ᠪᠤᠷᠬᠠᠨ ᠤ ᠠᠪᠳᠠᠷ᠎ᠠ ᠶᠢ ᠪᠢᠳᠡ ᠶᠠᠭᠠᠬᠢᠬᠤ ᠪᠤᠢ︖》 ᠭᠡᠰᠡᠨ ᠳᠦ᠂ 《ᠢᠰᠷᠧᠯ ᠤᠨ ᠪᠤᠷᠬᠠᠨ ᠤ ᠠᠪᠳᠠᠷ᠎ᠠ ᠶᠢ ᠭᠠᠲ ᠤᠷᠤᠭᠤ ᠰᠢᠯᠵᠢᠭᠦᠯᠦᠶ᠎ᠡ》 ᠭᠡᠵᠡᠭᠡᠪᠡ᠃ ᠲᠡᠭᠡᠭᠡᠳ ᠢᠰᠷᠧᠯ ᠤᠨ ᠪᠤᠷᠬᠠᠨ ᠤ ᠠᠪᠳᠠᠷ᠎ᠠ ᠶᠢ ᠰᠢᠯᠵᠢᠭᠦᠯᠪᠡ᠃ 9 ᠲᠡᠭᠦᠨ ᠢ ᠭᠠᠲ ᠲᠤ ᠰᠢᠯᠵᠢᠭᠦᠯᠦᠭᠰᠡᠨ ᠦ ᠳᠠᠷᠠᠭ᠎ᠠ᠂ ᠶᠣᠬᠣᠸᠠ ᠶᠢᠨ ᠮᠤᠲᠤᠷ ᠡᠨᠡ ᠬᠣᠲᠠ ᠳᠤ ᠠᠰᠤᠷᠤ ᠶᠡᠬᠡ ᠠᠢᠳᠠᠰ ᠦᠢᠮᠡᠭᠡᠨ ᠠᠪᠴᠢᠷᠠᠪᠠ᠂ ᠶᠣᠬᠣᠸᠠ ᠬᠠᠪᠤᠳᠠᠷ ᠡᠪᠡᠳᠴᠢᠨ ᠲᠠᠷᠬᠠᠭᠠᠨ ᠬᠣᠲᠠ ᠶᠢᠨ ᠬᠥᠮᠦᠰ ᠢ ᠶᠡᠬᠡ ᠪᠠᠭ᠎ᠠ ᠢᠯᠭᠠᠯ ᠦᠭᠡᠢ ᠴᠣᠬᠢᠪᠠ᠃ 10 ᠲᠡᠢᠮᠦ ᠡᠴᠡ ᠲᠡᠳᠡ ᠪᠤᠷᠬᠠᠨ ᠤ ᠠᠪᠳᠠᠷ᠎ᠠ ᠶᠢ ᠡᠺᠷᠣᠨ ᠤᠷᠤᠭᠤ ᠨᠡᠭᠦᠯᠭᠡᠪᠡ᠃ ᠪᠤᠷᠬᠠᠨ ᠤ ᠠᠪᠳᠠᠷ᠎ᠠ ᠡᠺᠷᠣᠨ ᠳᠤ ᠬᠦᠷᠴᠦ ᠢᠷᠡᠭᠰᠡᠨ ᠳᠦ᠂ ᠡᠺᠷᠣᠨᠴᠤᠳ ᠪᠠᠷᠬᠢᠷᠠᠨ ᠬᠠᠰᠬᠢᠷᠤᠯᠳᠤᠵᠤ᠄ 《ᠲᠡᠳᠡ ᠢᠰᠷᠧᠯ ᠤᠨ ᠪᠤᠷᠬᠠᠨ ᠤ ᠠᠪᠳᠠᠷ᠎ᠠ ᠶᠢ ᠨᠠᠰᠢ ᠰᠢᠯᠵᠢᠭᠦᠯᠦᠭᠡᠳ ᠮᠠᠨ ᠤ ᠠᠷᠠᠳ ᠲᠦᠮᠡᠨ ᠢ ᠰᠥᠨᠥᠭᠡᠬᠦ ᠭᠡᠵᠦ ᠪᠠᠢᠨ᠎ᠠ︕》 ᠭᠡᠵᠡᠭᠡᠪᠡ᠃ 11 ᠲᠡᠢᠮᠦ ᠡᠴᠡ ᠲᠡᠳᠡ ᠬᠥᠮᠦᠨ ᠶᠠᠪᠤᠭᠤᠯᠵᠤ᠂ ᠹᠢᠯᠢᠰᠲ ᠤᠨ ᠬᠠᠮᠤᠭ ᠨᠣᠶᠠᠨ ᠢ ᠴᠤᠭᠯᠠᠭᠤᠯᠤᠨ᠄ 《ᠢᠰᠷᠧᠯ ᠤᠨ ᠪᠤᠷᠬᠠᠨ ᠤ ᠠᠪᠳᠠᠷ᠎ᠠ ᠶᠢ ᠶᠠᠪᠤᠭᠤᠯ᠂ ᠲᠡᠭᠦᠨ ᠢ ᠪᠠᠢᠭᠰᠠᠨ ᠭᠠᠵᠠᠷ ᠤᠷᠤᠭᠤ ᠨᠢ ᠪᠤᠴᠠᠭ᠎ᠠ᠃ ᠮᠠᠨ ᠤ ᠠᠷᠠᠳ ᠲᠦᠮᠡᠨ ᠢ ᠰᠥᠨᠥᠭᠡᠴᠢᠬᠡᠬᠦ ᠪᠤᠢ》 ᠭᠡᠵᠡᠭᠡᠪᠡ᠃ ᠤᠴᠢᠷ ᠨᠢ ᠪᠦᠬᠦ ᠬᠣᠲᠠ ᠶᠢ ᠦᠬᠦᠯ ᠦᠨ ᠠᠢᠳᠠᠰ ᠨᠥᠮᠥᠷᠥᠭᠰᠡᠨ ᠪᠠᠢᠵᠠᠢ᠃ ᠪᠤᠷᠬᠠᠨ ᠤ ᠮᠤᠲᠤᠷ ᠲᠡᠷᠡ ᠭᠠᠵᠠᠷ ᠢ ᠡᠢᠨ ᠬᠦ ᠬᠦᠨᠳᠦ ᠪᠡᠷ ᠳᠠᠷᠤᠵᠤ ᠪᠠᠢᠯ᠎ᠠ᠃ 12 ᠦᠬᠦᠭᠡ ᠦᠭᠡᠢ ᠬᠥᠮᠦᠰ ᠨᠢ ᠬᠠᠪᠤᠳᠠᠷ ᠡᠪᠡᠳᠴᠢᠨ ᠳᠤ ᠪᠠᠷᠢᠭᠳᠠᠵᠤ᠂ ᠬᠣᠲᠠ ᠶᠢᠨ ᠭᠠᠰᠠᠯᠬᠤ ᠳᠠᠭᠤ ᠲᠩᠷᠢ ᠳᠤ ᠬᠠᠳᠠᠪᠠ᠃