ᠨᠢᠭᠡᠳᠦᠭᠡᠷ ᠰᠠᠮᠦ᠋ᠶᠧᠯ ᠠᠷᠪᠠᠨ ᠳᠣᠯᠣᠭ᠎ᠠ
ᠳ᠋ᠠᠸᠢᠳ᠋ ᠪᠣᠯᠣᠨ ᠭᠣᠯᠢᠶᠠᠲ
1 ᠹᠢᠯᠢᠰᠲ᠋ᠴᠦᠳ ᠪᠠᠢᠯᠳᠤᠬᠤ ᠪᠠᠷ ᠴᠡᠷᠢᠭ ᠢᠶᠠᠨ ᠴᠤᠭᠯᠠᠭᠤᠯᠪᠠ᠃ ᠲᠡᠳᠡ ᠶᠦᠳᠠ ᠶᠢᠨ ᠰᠣᠺᠣ ᠳᠤ ᠴᠤᠭᠯᠠᠷᠠᠵᠤ᠂ ᠰᠣᠺᠣ ᠪᠣᠯᠣᠨ ᠠᠽᠧᠺᠠ ᠶᠢᠨ ᠳᠤᠮᠳᠠ ᠪᠠᠢᠭ᠎ᠠ ᠡᠹᠧᠰ ᠳ᠋ᠠᠮᠢᠮ ᠳᠤ ᠬᠤᠸᠠᠷᠠᠩᠨᠠᠪᠠ᠃ 2 ᠰᠠᠦ᠋ᠯ ᠪᠣᠯᠣᠨ ᠢᠰᠷᠧᠯ ᠤᠨ ᠡᠷᠡᠴᠦᠳ ᠴᠤ ᠴᠤᠭᠯᠠᠷᠠᠵᠤ᠂ ᠧᠯᠠ ᠶᠢᠨ ᠬᠥᠨᠳᠡᠢ ᠳᠦ ᠬᠤᠸᠠᠷᠠᠩᠨᠠᠵᠤ᠂ ᠹᠢᠯᠢᠰᠲ᠋ᠴᠦᠳ ᠲᠡᠢ ᠲᠤᠯᠤᠯᠳᠤᠬᠤ ᠪᠠᠷ ᠵᠢᠭᠰᠠᠪᠠ᠃ 3 ᠹᠢᠯᠢᠰᠲ᠋ᠴᠦᠳ ᠴᠠᠭᠠᠲᠤ ᠲᠠᠯ᠎ᠠ ᠶᠢᠨ ᠠᠭᠤᠯᠠᠨ ᠳᠡᠭᠡᠷ᠎ᠡ᠂ ᠢᠰᠷᠧᠯ ᠨᠠᠭᠠᠳᠤ ᠲᠠᠯ᠎ᠠ ᠶᠢᠨ ᠠᠭᠤᠯᠠᠨ ᠳᠡᠭᠡᠷ᠎ᠡ ᠪᠠᠢᠭᠰᠠᠨ ᠪᠥᠭᠡᠳ ᠳᠤᠮᠳᠠᠭᠤᠷ ᠨᠢ ᠬᠥᠨᠳᠡᠢ ᠪᠠᠢᠪᠠ᠃ 4 ᠲᠡᠭᠡᠬᠦ ᠳᠦ ᠹᠢᠯᠢᠰᠲ᠋ᠴᠦᠳ ᠦᠨ ᠴᠡᠷᠢᠭ ᠤᠨ ᠬᠤᠸᠠᠷᠠᠨ ᠠᠴᠠ ᠨᠢᠭᠡᠨ ᠬᠦᠴᠦᠲᠦ ᠳᠠᠢᠴᠢᠨ ᠡᠷ᠎ᠡ ᠭᠠᠷᠴᠤ ᠢᠷᠡᠪᠡ᠃ ᠲᠡᠷᠡ ᠪᠣᠯ ᠭᠠᠲ ᠤᠨ ᠬᠥᠮᠦᠨ ᠭᠣᠯᠢᠶᠠᠲ ᠪᠥᠭᠡᠳ ᠥᠨᠳᠥᠷ ᠨᠢ ᠵᠢᠷᠭᠤᠭᠠᠨ ᠲᠣᠬᠣᠢ ᠨᠢᠭᠡ ᠰᠥᠭᠥᠮ 13 ᠪᠠᠢᠵᠠᠢ᠃ 5 ᠲᠡᠷᠡ ᠪᠡᠷ ᠲᠣᠯᠣᠭᠠᠢ ᠳᠠᠭᠠᠨ ᠬᠦᠷᠡᠯ ᠳᠤᠭᠤᠯᠠᠭ᠎ᠠ᠂ ᠪᠡᠶ᠎ᠡ ᠳᠡᠭᠡᠨ ᠲᠠᠪᠤᠨ ᠮᠢᠩ᠋ᠭᠠᠨ ᠱᠧᠺᠧᠯ 14 ᠬᠦᠷᠡᠯ ᠦᠨ ᠵᠢᠩ ᠲᠠᠢ ᠬᠠᠢᠷᠰᠤᠲᠤ ᠬᠤᠶᠠᠭ ᠡᠮᠦᠰᠦᠭᠰᠡᠨ ᠪᠠᠢᠪᠠ᠃ 6 ᠲᠡᠷᠡ ᠬᠥᠯ ᠳᠡᠭᠡᠨ ᠬᠦᠷᠡᠯ ᠡᠪᠦᠲᠦᠭᠡᠪᠴᠢ ᠲᠠᠢ ᠪᠥᠭᠡᠳ ᠨᠢᠷᠤᠭᠤᠨ ᠳᠠᠭᠠᠨ ᠬᠦᠷᠡᠯ ᠵᠢᠳᠠ ᠡᠭᠦᠷᠦᠭᠰᠡᠨ ᠪᠠᠢᠪᠠ᠃ 7 ᠲᠡᠭᠦᠨ ᠦ ᠵᠢᠳᠠᠨ ᠤ ᠡᠰᠢ ᠨᠢ ᠨᠡᠬᠡᠮᠡᠯᠴᠢᠨ ᠤ ᠭᠣᠬᠠᠳᠠᠭᠴᠢ ᠮᠣᠳᠣ ᠮᠡᠲᠦ᠂ ᠵᠢᠳᠠᠨ ᠤ ᠦᠵᠦᠭᠦᠷ ᠨᠢ ᠵᠢᠷᠭᠤᠭᠠᠨ ᠵᠠᠭᠤᠨ ᠱᠧᠺᠧᠯ ᠤᠨ ᠵᠢᠩ ᠲᠠᠢ 15 ᠲᠡᠮᠦᠷ ᠪᠠᠢᠪᠠ᠃ ᠲᠡᠭᠦᠨ ᠦ ᠪᠠᠮᠪᠠᠢ ᠡᠭᠦᠷᠦᠭᠴᠢ ᠨᠢ ᠪᠠᠰᠠ ᠡᠮᠦᠨ᠎ᠡ ᠨᠢ ᠶᠠᠪᠤᠵᠤ ᠪᠠᠢᠪᠠ᠃ 8 ᠭᠣᠯᠢᠶᠠᠲ ᠢᠰᠷᠧᠯ ᠤᠨ ᠴᠡᠷᠢᠭ ᠤᠨ ᠵᠢᠭᠰᠠᠭᠠᠯ ᠤᠷᠤᠭᠤ ᠬᠠᠨᠳᠤᠨ ᠵᠣᠭᠰᠣᠭᠠᠳ ᠬᠠᠰᠬᠢᠷᠤᠨ ᠳᠠᠭᠤᠳᠠᠵᠤ᠄ 《ᠲᠠ ᠨᠠᠷ ᠲᠤᠯᠤᠯᠳᠤᠭᠠᠨ ᠤ ᠵᠢᠭᠰᠠᠭᠠᠯ ᠵᠢᠭᠰᠠᠭᠠᠳ ᠶᠠᠭᠠᠬᠢᠬᠤ ᠭᠡᠰᠡᠨ ᠪᠤᠢ︖ ᠹᠢᠯᠢᠰᠲ ᠬᠥᠮᠦᠨ ᠪᠢ ᠡ᠊ᠨᠳᠡ ᠪᠠᠢᠨ᠎ᠠ᠃ ᠲᠠ ᠨᠠᠷ ᠰᠠᠦ᠋ᠯ ᠤᠨ ᠪᠣᠭᠣᠯ ᠪᠢᠰᠢ ᠤᠤ︖ ᠥᠪᠡᠷᠰᠡᠳ ᠡᠴᠡ ᠪᠡᠨ ᠨᠢᠭᠡ ᠬᠥᠮᠦᠨ ᠢ ᠰᠣᠩ᠋ᠭᠣᠵᠤ ᠨᠠᠳᠠ ᠤᠷᠤᠭᠤ ᠶᠠᠪᠤᠭᠤᠯ᠃ 9 ᠬᠡᠷᠪᠡ ᠲᠡᠷᠡ ᠬᠥᠮᠦᠨ ᠨᠠᠳᠠ ᠲᠠᠢ ᠲᠤᠯᠤᠯᠳᠤᠵᠤ ᠳᠡᠢᠯᠦᠭᠡᠳ᠂ ᠨᠠᠮᠠᠶᠢ ᠠᠯᠠᠪᠠᠯ ᠪᠢᠳᠡ ᠲᠠ ᠨᠠᠷ ᠤᠨ ᠪᠣᠭᠣᠯ ᠪᠣᠯᠣᠶ᠎ᠠ᠃ ᠪᠢ ᠲᠡᠭᠦᠨ ᠢ ᠢᠯᠠᠵᠤ᠂ ᠠᠯᠠᠪᠠᠯ ᠲᠠ ᠨᠠᠷ ᠬᠠᠷᠢᠨ ᠪᠢᠳᠡᠨ ᠦ ᠪᠣᠭᠣᠯ ᠪᠣᠯᠵᠤ᠂ ᠪᠢᠳᠡᠨ ᠳᠦ ᠦᠢᠯᠡᠴᠢᠯᠡᠭᠲᠦᠨ》 ᠭᠡᠪᠡ᠃ 10 ᠹᠢᠯᠢᠰᠲ ᠬᠥᠮᠦᠨ ᠴᠢᠨᠠᠭᠰᠢ ᠨᠢ᠄ 《ᠥᠨᠥᠳᠥᠷ ᠪᠢ ᠢᠰᠷᠧᠯ ᠤᠨ ᠵᠢᠭᠰᠠᠭᠠᠯ ᠢ ᠢᠩᠭᠢᠵᠦ ᠳᠣᠷᠣᠮᠵᠢᠯᠠᠵᠤ ᠪᠠᠢᠬᠤ ᠳᠤ᠂ ᠲᠠ ᠨᠠᠷ ᠨᠢᠭᠡ ᠬᠥᠮᠦᠨ ᠢ ᠶᠠᠪᠤᠭᠤᠯᠬᠤ ᠦᠭᠡᠢ ᠤᠤ︖ ᠬᠠᠯᠵᠠ ᠲᠤᠯᠤᠯᠳᠤᠶ᠎ᠠ》 ᠭᠡᠪᠡ᠃ 11 ᠰᠠᠦ᠋ᠯ ᠪᠣᠯᠣᠨ ᠪᠦᠬᠦ ᠢᠰᠷᠧᠯ ᠡᠨᠡ ᠹᠢᠯᠢᠰᠲ ᠬᠥᠮᠦᠨ ᠦ ᠦᠭᠡ ᠶᠢ ᠰᠣᠨᠣᠰᠣᠭᠠᠳ ᠵᠣᠷᠢᠭ ᠨᠢ ᠮᠣᠬᠣᠵᠤ᠂ ᠠᠢᠳᠠᠰ ᠲᠤ ᠠᠪᠲᠠᠵᠠᠢ᠃
12 ᠳ᠋ᠠᠸᠢᠳ᠋ ᠪᠣᠯ ᠶᠦᠳᠠ ᠶᠢᠨ ᠪᠧᠲ᠋ᠯᠧᠾᠧᠮ ᠳᠤ ᠰᠠᠭᠤᠳᠠᠭ ᠡᠹᠷᠠᠲ ᠬᠥᠮᠦᠨ ᠢᠱᠠᠢ ᠶᠢᠨ ᠬᠥᠪᠡᠭᠦᠨ ᠶᠤᠮ᠃ ᠢᠱᠠᠢ ᠨᠠᠢ᠌ᠮᠠᠨ ᠬᠥᠪᠡᠭᠦᠨ ᠲᠡᠢ ᠪᠥᠭᠡᠳ ᠰᠠᠦ᠋ᠯ ᠤᠨ ᠦᠶ᠎ᠡ ᠳᠦ ᠥᠨᠳᠥᠷ ᠨᠠᠰᠤᠲᠠᠢ ᠪᠣᠯᠣᠭᠰᠠᠨ ᠪᠠᠢᠵᠠᠢ᠃ 13 ᠢᠱᠠᠢ ᠶᠢᠨ ᠭᠤᠷᠪᠠᠨ ᠲᠣᠮᠣ ᠬᠥᠪᠡᠭᠦᠨ ᠨᠢ ᠰᠠᠦ᠋ᠯ ᠢ ᠳᠠᠭᠠᠨ ᠳᠠᠢᠨ ᠳᠤ ᠶᠠᠪᠤᠭᠰᠠᠨ ᠪᠠᠢᠪᠠ᠃ ᠳᠠᠢᠨ ᠳᠤ ᠶᠠᠪᠤᠭᠰᠠᠨ ᠭᠤᠷᠪᠠᠨ ᠬᠥᠪᠡᠭᠦᠨ ᠦ ᠤᠤᠭᠠᠨ ᠨᠢ ᠡᠯᠢᠶᠠᠪ᠂ ᠤᠳᠠᠭᠠᠬᠢ ᠨᠢ ᠠᠪᠢᠨᠠᠳᠠᠪ᠂ ᠳᠠᠷᠠᠭᠠᠬᠢ ᠨᠢ ᠱᠠᠮᠠ ᠪᠢᠯᠡ᠃ 14 ᠣᠳᠬᠣᠨ ᠬᠥᠪᠡᠭᠦᠨ ᠨᠢ ᠳ᠋ᠠᠸᠢᠳ᠋ ᠠᠵᠢ᠃ ᠭᠤᠷᠪᠠᠨ ᠶᠡᠬᠡ ᠠᠬ᠎ᠠ ᠨᠢ ᠰᠠᠦ᠋ᠯ ᠢ ᠳᠠᠭᠠᠵᠤ ᠶᠠᠪᠤᠭᠰᠠᠨ ᠪᠠᠢᠬᠤ ᠳᠤ᠂ 15 ᠳ᠋ᠠᠸᠢᠳ᠋ ᠡᠴᠢᠭᠡ ᠶᠢᠨ ᠢᠶᠠᠨ ᠬᠣᠨᠢᠨ ᠰᠦᠷᠦᠭ ᠢ ᠬᠠᠷᠢᠭᠤᠯᠵᠤ ᠪᠧᠲ᠋ᠯᠧᠾᠧᠮ ᠪᠣᠯᠣᠨ ᠰᠠᠦ᠋ᠯ ᠤᠨ ᠬᠣᠭᠣᠷᠣᠨᠳᠣ ᠢᠷᠡᠨ ᠣᠴᠢᠨ ᠪᠠᠢᠪᠠ᠃ 16 ᠥᠨᠥᠬᠢ ᠹᠢᠯᠢᠰᠲ ᠬᠥᠮᠦᠨ ᠥᠷᠯᠥᠭᠡ᠂ ᠦᠳᠡᠰᠢ ᠪᠣᠯᠭᠠᠨ ᠭᠠᠷᠴᠤ ᠢᠷᠡᠨ ᠥᠪᠡᠷ ᠢ ᠪᠠᠨ ᠬᠠᠷᠠᠭᠤᠯᠤᠭᠰᠠᠭᠠᠷ ᠳᠥᠴᠢᠨ ᠡᠳᠦᠷ ᠪᠣᠯᠪᠠ᠃
17 ᠢᠱᠠᠢ ᠬᠥᠪᠡᠭᠦᠨ ᠳ᠋ᠠᠸᠢᠳ᠋ ᠲᠠᠭᠠᠨ᠄ 《ᠠᠬ᠎ᠠ ᠨᠠᠷ ᠲᠤ ᠴᠢᠨᠢ ᠪᠡᠯᠡᠳᠬᠡᠭᠰᠡᠨ ᠡᠨᠡ ᠰᠠᠭᠰᠤ 16 ᠬᠠᠭᠤᠷᠤᠭᠰᠠᠨ ᠪᠤᠳᠠᠭ᠎ᠠ᠂ ᠠᠷᠪᠠᠨ ᠪᠣᠣᠪᠣ ᠶᠢ ᠠᠪᠴᠤ ᠬᠤᠸᠠᠷᠠᠨ ᠲᠡᠰᠢ ᠠᠬ᠎ᠠ ᠨᠠᠷ ᠤᠷᠤᠭᠤ ᠪᠠᠨ ᠭᠦᠶᠦ᠃ 18 ᠪᠠᠰᠠ ᠡᠨᠡ ᠠᠷᠪᠠᠨ ᠪᠢᠰᠢᠯᠠᠭ ᠢ ᠮᠢᠩ᠋ᠭᠠᠲᠤ ᠶᠢᠨ ᠳᠠᠷᠤᠭ᠎ᠠ ᠳᠤᠨᠢ ᠬᠦᠷᠭᠡᠵᠦ ᠥᠭᠭᠥᠨ ᠠᠬ᠎ᠠ ᠨᠠᠷ ᠤᠨ ᠢᠶᠠᠨ ᠮᠡᠨᠳᠦ ᠶᠢ ᠮᠡᠳᠡᠭᠡᠳ ᠲᠡᠳᠡᠨ ᠡᠴᠡ ᠮᠡᠳᠡᠭᠡ ᠠᠪᠤᠭᠠᠳ ᠢᠷ᠎ᠡ᠃
19 ᠠᠬ᠎ᠠ ᠨᠠᠷ ᠴᠢᠨᠢ ᠰᠠᠦ᠋ᠯ ᠪᠣᠯᠣᠨ ᠢᠰᠷᠧᠯ ᠤᠨ ᠪᠦᠬᠦ ᠡᠷᠡᠴᠦᠳ ᠲᠡᠢ ᠬᠠᠮᠲᠤ ᠧᠯᠠ ᠶᠢᠨ ᠬᠥᠨᠳᠡᠢ ᠳᠦ ᠹᠢᠯᠢᠰᠲ᠋ᠴᠦᠳ ᠲᠡᠢ ᠲᠤᠯᠤᠯᠳᠤᠵᠤ ᠪᠠᠢᠭ᠎ᠠ》 ᠭᠡᠵᠦ ᠬᠡᠯᠡᠪᠡ᠃ 20 ᠳ᠋ᠠᠸᠢᠳ᠋ ᠥᠷᠯᠥᠭᠡ ᠡᠷᠲᠡ ᠪᠣᠰᠴᠤ᠂ ᠬᠣᠨᠢᠨ ᠰᠦᠷᠦᠭ ᠢᠶᠡᠨ ᠥᠭᠡᠷ᠎ᠡ ᠬᠣᠨᠢᠴᠢᠨ ᠳᠤ ᠨᠠᠢᠳᠠᠵᠤ ᠣᠷᠬᠢᠭᠠᠳ ᠢᠱᠠᠢ ᠶᠢᠨ ᠲᠤᠰᠢᠶᠠᠭᠰᠠᠨ ᠢᠶᠠᠷ ᠬᠦᠨᠡᠰᠦ ᠶᠢ ᠠᠪᠴᠤ ᠶᠠᠪᠤᠯ᠎ᠠ᠃ ᠲᠡᠷᠡ ᠬᠤᠸᠠᠷᠠᠨ ᠳᠤ ᠢᠷᠡᠬᠦ ᠳᠦ᠂ ᠴᠡᠷᠢᠭ ᠤᠳ ᠤᠤᠬᠠᠢᠯᠠᠨ ᠬᠠᠰᠬᠢᠷᠤᠭᠰᠠᠭᠠᠷ ᠵᠢᠭᠰᠠᠵᠠᠭᠠᠵᠤ ᠪᠠᠢᠪᠠ᠃ 21 ᠢᠰᠷᠧᠯ ᠪᠣᠯᠣᠨ ᠹᠢᠯᠢᠰᠲ᠋ᠴᠦᠳ ᠦᠨ ᠴᠡᠷᠢᠭ ᠤᠳ ᠪᠠᠢᠯᠳᠤᠭᠠᠨ ᠤ ᠵᠢᠭᠰᠠᠭᠠᠯ ᠪᠡᠯᠡᠳᠦᠭᠡᠳ ᠥᠭᠡᠳᠡ ᠥᠭᠡᠳᠡ ᠡᠴᠡ ᠪᠡᠨ ᠬᠠᠷᠠᠯ᠎ᠠ᠃ 22 ᠲᠡᠭᠡᠬᠦ ᠳᠦ ᠳ᠋ᠠᠸᠢᠳ᠋ ᠠᠪᠴᠢᠷᠠᠭᠰᠠᠨ ᠶᠠᠭᠤᠮ᠎ᠠ ᠪᠠᠨ ᠴᠡᠷᠢᠭ ᠤᠨ ᠪᠠᠷᠠᠭ᠎ᠠ ᠬᠠᠮᠢᠶᠠᠷᠤᠭᠴᠢ ᠳᠤ ᠣᠷᠬᠢᠭᠠᠳ᠂ ᠪᠠᠢᠯᠳᠤᠭᠠᠨ ᠤ ᠲᠠᠯᠠᠪᠤᠷ ᠤᠷᠤᠭᠤ ᠭᠦᠶᠦᠨ ᠣᠴᠢᠵᠤ᠂ ᠠᠬ᠎ᠠ ᠨᠠᠷ ᠤᠨ ᠢᠶᠠᠨ ᠮᠡᠨᠳᠦ ᠶᠢ ᠠᠰᠠᠭᠤᠪᠠ᠃ 23 ᠠᠬ᠎ᠠ ᠨᠠᠷ ᠲᠠᠢ ᠪᠠᠨ ᠶᠠᠷᠢᠯᠴᠠᠵᠤ ᠪᠠᠢᠬᠤ ᠳᠤᠨᠢ ᠹᠢᠯᠢᠰᠲ ᠤᠨ ᠭᠠᠲ ᠬᠥᠮᠦᠨ᠂ ᠨᠥᠭᠥᠭᠡ ᠲᠡᠷᠢᠭᠦᠨ ᠳᠠᠢᠴᠢᠨ ᠭᠣᠯᠢᠶᠠᠲ ᠵᠢᠭᠰᠠᠭᠠᠯ ᠠᠴᠠ ᠪᠠᠨ ᠭᠠᠷᠴᠤ ᠢᠷᠡᠨ᠂ ᠤᠷᠢᠳᠤ ᠶᠢᠨ ᠬᠡᠯᠡᠳᠡᠭ ᠢᠶᠡᠨ ᠬᠡᠯᠡᠬᠦ ᠳᠦ᠂ ᠳ᠋ᠠᠸᠢᠳ᠋ ᠣᠯᠵᠤ ᠰᠣᠨᠣᠰᠪᠠ᠃
24 ᠭᠡᠪᠡᠴᠦ ᠢᠰᠷᠧᠯ ᠤᠨ ᠪᠦᠬᠦ ᠡᠷᠡᠴᠦᠳ ᠲᠡᠷᠡ ᠬᠥᠮᠦᠨ ᠢ ᠬᠠᠷᠠᠭᠠᠳ᠂ ᠶᠡᠬᠡᠳᠡ ᠠᠶᠤᠨ ᠵᠢᠭᠤᠲᠠᠪᠠ᠃ 25 ᠢᠰᠷᠧᠯ ᠤᠨ ᠡᠷᠡᠴᠦᠳ᠄ 《ᠲᠡᠷᠡ ᠭᠠᠷᠴᠤ ᠢᠷᠡᠵᠦ ᠪᠠᠢᠭ᠎ᠠ ᠬᠥᠮᠦᠨ ᠢ ᠬᠠᠷᠠᠪᠠ ᠤᠤ︖ ᠲᠡᠷᠡ ᠶᠠᠭ ᠢᠰᠷᠧᠯ ᠢ ᠳᠣᠷᠣᠮᠵᠢᠯᠠᠬᠤ ᠪᠠᠷ ᠭᠠᠷᠴᠤ ᠢᠷᠡᠵᠦ ᠪᠠᠢᠳᠠᠭ᠃ ᠲᠡᠭᠦᠨ ᠢ ᠠᠯᠠᠭᠰᠠᠨ ᠬᠥᠮᠦᠨ ᠢ ᠮᠠᠨ ᠤ ᠬᠠᠭᠠᠨ ᠶᠡᠬᠡ ᠡᠳ᠋ ᠬᠥᠷᠥᠩᠭᠡ ᠪᠡᠷ ᠱᠠᠩᠨᠠᠬᠤ ᠠᠴᠠ ᠭᠠᠳᠠᠨ᠎ᠠ ᠥᠬᠢᠨ ᠢᠶᠠᠨ ᠥᠭᠴᠦ᠂ ᠲᠡᠭᠦᠨ ᠦ ᠡᠴᠢᠭᠡ ᠶᠢᠨ ᠭᠡᠷ ᠢ ᠢᠰᠷᠧᠯ ᠳᠠᠬᠢ ᠪᠦᠬᠦ ᠠᠯᠪᠠᠨ ᠠᠴᠠ ᠴᠢᠯᠥᠭᠡᠯᠡᠬᠦ ᠪᠣᠯᠣᠨ᠎ᠠ》 ᠭᠡᠯᠴᠡᠪᠡ᠃ 26 ᠲᠡᠭᠡᠬᠦ ᠳᠦ ᠳ᠋ᠠᠸᠢᠳ᠋ ᠬᠠᠵᠠᠭᠤ ᠳᠠᠬᠢ ᠬᠥᠮᠦᠰ ᠲᠦ ᠶᠠᠷᠢᠨ᠄ 《ᠡᠨᠡ ᠹᠢᠯᠢᠰᠲ ᠬᠥᠮᠦᠨ ᠢ ᠠᠯᠠᠵᠤ᠂ ᠢᠰᠷᠧᠯ ᠡᠴᠡ ᠢᠴᠢᠭᠦᠷᠢ ᠶᠢ ᠠᠷᠢᠯᠭᠠᠬᠤ ᠬᠥᠮᠦᠨ ᠢ ᠶᠠᠭᠠᠬᠢᠨ᠎ᠠ ᠭᠡᠨ᠎ᠡ︖ ᠡᠨᠡ ᠬᠥᠪᠴᠢᠷᠬᠡᠢ ᠬᠥᠨᠳᠡᠭᠦᠯᠦᠭᠡ ᠦᠭᠡᠢ ᠹᠢᠯᠢᠰᠲ ᠬᠥᠮᠦᠨ ᠬᠡᠨ ᠪᠣᠯᠣᠭᠠᠳ ᠠᠮᠢᠳᠤ ᠪᠤᠷᠬᠠᠨ ᠤ ᠴᠡᠷᠢᠭ ᠢ ᠳᠣᠷᠣᠮᠵᠢᠯᠠᠵᠤ ᠪᠠᠢᠭ᠎ᠠ ᠶᠤᠮ︖》 ᠭᠡᠵᠦ ᠠᠰᠠᠭᠤᠬᠤ ᠳᠤ᠂ 27 ᠬᠥᠮᠦᠰ ᠡᠮᠦᠨᠡᠬᠢ ᠶᠢᠨ ᠠᠳᠠᠯᠢ ᠪᠠᠷ᠂ ᠲᠡᠭᠦᠨ ᠢ ᠠᠯᠠᠭᠰᠠᠨ ᠬᠥᠮᠦᠨ ᠢ ᠢᠩᠭᠢᠨ᠎ᠡ ᠲᠡᠭᠡᠨ᠎ᠡ ᠭᠡᠵᠡᠭᠡᠪᠡ᠃
28 ᠲᠡᠭᠦᠨ ᠦ ᠬᠥᠮᠦᠰ ᠲᠡᠢ ᠶᠠᠷᠢᠵᠤ ᠪᠠᠢᠬᠤ ᠶᠢ ᠠᠬ᠎ᠠ ᠡᠯᠢᠶᠠᠪ ᠨᠢ ᠰᠣᠨᠣᠰᠴᠠᠢ᠃ ᠡᠯᠢᠶᠠᠪ ᠳ᠋ᠠᠸᠢᠳ᠋ ᠲᠤ ᠶᠡᠬᠡᠳᠡ ᠠᠭᠤᠷᠯᠠᠨ᠄ 《ᠴᠢ ᠶᠠᠭᠠᠬᠢᠬᠤ ᠭᠡᠵᠦ ᠨᠠᠰᠢ ᠪᠠᠨ ᠢᠷᠡᠭᠰᠡᠨ ᠶᠤᠮ ᠪᠤᠢ︖ ᠬᠡᠭᠡᠷ᠎ᠡ ᠪᠠᠢᠭ᠎ᠠ ᠬᠡᠳᠦᠨ ᠬᠣᠨᠢ ᠪᠠᠨ ᠬᠡᠨ ᠳᠦ ᠣᠷᠬᠢᠴᠢᠬᠠᠪᠠ᠂ ᠴᠢ︖ ᠴᠢᠨᠦ ᠪᠠᠷᠳᠠᠮ ᠵᠠᠩ᠂ ᠮᠠᠭᠤ ᠰᠠᠨᠠᠭ᠎ᠠ ᠶᠢ ᠪᠢ ᠮᠡᠳᠡᠨ᠎ᠡ᠃ ᠪᠠᠢᠯᠳᠤᠭᠠᠨ ᠢ ᠦᠵᠡᠬᠦ ᠪᠡᠷ ᠢᠷᠡᠭᠰᠡᠨ ᠪᠢᠵᠡ ᠳᠠ᠂ ᠴᠢ︖》 ᠭᠡᠵᠦ ᠵᠠᠩᠨᠠᠪᠠ᠃ 29 ᠬᠠᠷᠢᠨ ᠳ᠋ᠠᠸᠢᠳ᠋᠄ 《ᠪᠢ ᠰᠠᠶ᠋ᠢ ᠶᠠᠭᠠᠬᠢᠭᠰᠠᠨ ᠭᠡᠵᠢ︖ ᠵᠦᠭᠡᠷ ᠶᠠᠭᠤᠮ᠎ᠠ ᠠᠰᠠᠭᠤᠵᠤ ᠪᠣᠯᠳᠠᠭ ᠦᠭᠡᠢ ᠶᠤᠮ ᠤᠤ︖》 ᠭᠡᠵᠦ ᠬᠡᠯᠡᠪᠡ᠃ 30 ᠳ᠋ᠠᠸᠢᠳ᠋ ᠴᠠᠰᠢ ᠡᠷᠭᠢᠨ ᠬᠥᠮᠦᠰ ᠡᠴᠡ ᠲᠡᠷᠡ ᠯᠠ ᠵᠦᠢᠯ ᠢᠶᠠᠨ ᠠᠰᠠᠭᠤᠬᠤ ᠳᠤ᠂ ᠬᠥᠮᠦᠰ ᠲᠦᠷᠦᠭᠦᠴᠢ ᠶᠢᠨ ᠬᠢ ᠲᠠᠢ ᠪᠠᠨ ᠠᠳᠠᠯᠢ ᠲᠡᠭᠡᠨ᠎ᠡ ᠭᠡᠰᠡᠨ ᠬᠠᠷᠢᠭᠤ ᠥᠭᠴᠡᠢ᠃
31 ᠳ᠋ᠠᠸᠢᠳ᠋ ᠤᠨ ᠬᠡᠯᠡᠭᠰᠡᠨ ᠦᠭᠡ ᠶᠢ ᠬᠥᠮᠦᠰ ᠰᠣᠨᠣᠰᠣᠭᠠᠳ ᠰᠠᠦ᠋ᠯ ᠳᠤ ᠮᠡᠳᠡᠭᠦᠯᠦᠭᠰᠡᠨ ᠳᠦ᠂ ᠰᠠᠦ᠋ᠯ ᠳ᠋ᠠᠸᠢᠳ᠋ ᠢ ᠳᠠᠭᠤᠳᠠᠨ ᠠᠪᠴᠢᠷᠠᠭᠤᠯᠪᠠ᠃ 32 ᠳ᠋ᠠᠸᠢᠳ᠋ ᠰᠠᠦ᠋ᠯ ᠳᠤ᠄ 《ᠲᠡᠷᠡ ᠬᠥᠮᠦᠨ ᠡᠴᠡ ᠪᠣᠯᠵᠤ ᠬᠡᠨ ᠴᠤ ᠪᠦᠦ ᠵᠢᠷᠦᠬᠡ ᠠᠯᠳᠠᠭ᠂ ᠪᠣᠭᠣᠯ ᠨᠢ ᠶᠠᠪᠤᠵᠤ᠂ ᠲᠡᠷᠡ ᠹᠢᠯᠢᠰᠲ ᠬᠥᠮᠦᠨ ᠲᠡᠢ ᠲᠤᠯᠤᠯᠳᠤᠶ᠎ᠠ》 ᠭᠡᠪᠡ᠃ 33 ᠰᠠᠦ᠋ᠯ ᠳ᠋ᠠᠸᠢᠳ᠋ ᠲᠤ᠄ 《ᠴᠢ ᠲᠡᠷᠡ ᠹᠢᠯᠢᠰᠲ ᠬᠥᠮᠦᠨ ᠤᠷᠤᠭᠤ ᠣᠴᠢᠵᠤ ᠲᠡᠭᠦᠨ ᠲᠡᠢ ᠲᠤᠯᠤᠯᠳᠤᠵᠤ ᠳᠡᠢᠯᠬᠦ ᠦᠭᠡᠢ᠃ ᠴᠢ ᠡᠢᠮᠦ ᠪᠠᠭ᠎ᠠ ᠵᠠᠯᠠᠭᠤ ᠬᠥᠮᠦᠨ᠂ ᠬᠠᠷᠢᠨ ᠲᠡᠷᠡ ᠪᠣᠯ ᠵᠠᠯᠠᠭᠤ ᠪᠠᠢᠬᠤ ᠠᠴᠠ ᠪᠠᠨ ᠴᠡᠷᠢᠭ ᠤᠨ ᠬᠥᠮᠦᠨ ᠪᠠᠢᠭᠰᠠᠨ》 ᠭᠡᠪᠡ᠃ 34 ᠭᠡᠪᠡᠴᠦ ᠳ᠋ᠠᠸᠢᠳ᠋ ᠰᠠᠦ᠋ᠯ ᠳᠤ᠄ 《ᠪᠣᠭᠣᠯ ᠨᠢ ᠡᠴᠢᠭᠡ ᠶᠢᠨ ᠢᠶᠠᠨ ᠬᠣᠨᠢ ᠶᠢ ᠬᠠᠷᠢᠭᠤᠯᠤᠭᠰᠠᠭᠠᠷ ᠢᠷᠡᠭᠰᠡᠨ᠃ ᠠᠷᠰᠯᠠᠨ ᠪᠤᠶᠤ ᠪᠠᠭᠠᠪᠠᠭᠠᠢ ᠢᠷᠡᠭᠡᠳ᠂ ᠬᠣᠨᠢᠨ ᠰᠦᠷᠦᠭ ᠡᠴᠡ ᠮᠢᠨᠢ ᠬᠤᠷᠠᠭ᠎ᠠ ᠪᠠᠷᠢᠬᠤ ᠳᠤ᠂ 35 ᠪᠢ ᠠᠷᠤ ᠠᠴᠠ ᠨᠢ ᠳᠠᠭᠠᠷᠢᠨ ᠨᠣᠴᠣᠵᠤ ᠠᠮᠠᠨ ᠠᠴᠠ ᠨᠢ ᠬᠤᠷᠠᠭ᠎ᠠ ᠪᠠᠨ ᠠᠪᠤᠷᠠᠳᠠᠭ ᠪᠠᠢᠭᠰᠠᠨ᠃ ᠬᠡᠷᠪᠡ ᠲᠡᠷᠡ ᠨᠠᠳᠠ ᠤᠷᠤᠭᠤ ᠳᠠᠭᠠᠷᠢᠪᠠᠯ ᠪᠢ ᠰᠠᠬᠠᠯ ᠠᠴᠠ ᠨᠢ ᠰᠢᠭᠦᠷᠦᠨ ᠠᠪᠴᠤ᠂ ᠲᠡᠭᠦᠨ ᠢ ᠴᠣᠬᠢᠵᠤ ᠠᠯᠠᠳᠠᠭ ᠪᠠᠢᠪᠠ᠃ 36 ᠪᠣᠭᠣᠯ ᠨᠢ ᠠᠷᠰᠯᠠᠨ ᠢ ᠴᠤ᠂ ᠪᠠᠭᠠᠪᠠᠭᠠᠢ ᠶᠢ ᠴᠤ ᠴᠣᠬᠢᠵᠤ ᠠᠯᠠᠳᠠᠭ ᠪᠣᠯᠬᠣᠷ ᠲᠡᠷᠡ ᠬᠥᠪᠴᠢᠷᠬᠡᠢ ᠬᠥᠨᠳᠡᠭᠦᠯᠦᠭᠡ ᠦᠭᠡᠢ ᠹᠢᠯᠢᠰᠲ ᠬᠥᠮᠦᠨ ᠢ ᠴᠤ ᠲᠡᠳᠡᠨ ᠲᠡᠢ ᠨᠢᠭᠡ ᠠᠳᠠᠯᠢ ᠪᠣᠯᠭᠠᠶ᠎ᠠ᠃ ᠲᠡᠷᠡ ᠠᠮᠢᠳᠤ ᠪᠤᠷᠬᠠᠨ ᠤ ᠴᠡᠷᠢᠭ ᠢ ᠳᠣᠷᠣᠮᠵᠢᠯᠠᠭᠰᠠᠨ ᠰᠢᠦ》 ᠭᠡᠵᠦ ᠬᠡᠯᠡᠪᠡ᠃ 37 ᠳ᠋ᠠᠸᠢᠳ᠋ ᠴᠢᠨᠠᠭᠰᠢ ᠨᠢ᠄ 《ᠠᠷᠰᠯᠠᠨ᠂ ᠪᠠᠭᠠᠪᠠᠭᠠᠢ ᠶᠢᠨ ᠰᠠᠪᠠᠷ ᠠᠴᠠ ᠨᠠᠮᠠᠶᠢ ᠠᠪᠤᠷᠠᠭᠰᠠᠨ ᠶᠣᠬᠣᠸᠠ ᠲᠡᠷᠡ ᠹᠢᠯᠢᠰᠲ ᠬᠥᠮᠦᠨ ᠦ ᠭᠠᠷ ᠠᠴᠠ ᠴᠤ ᠨᠠᠮᠠᠶᠢ ᠠᠪᠤᠷᠠᠨ᠎ᠠ》 ᠭᠡᠬᠦ ᠳᠦ᠂ ᠰᠠᠦ᠋ᠯ ᠳ᠋ᠠᠸᠢᠳ᠋ ᠲᠤ᠄ 《ᠶᠠᠪᠤᠭᠲᠤᠨ᠂ ᠶᠣᠬᠣᠸᠠ ᠴᠢᠮ᠎ᠠ ᠲᠠᠢ ᠬᠠᠮᠲᠤ ᠪᠠᠢᠬᠤ ᠪᠣᠯᠲᠤᠭᠠᠢ》 ᠭᠡᠵᠦ ᠬᠡᠯᠡᠪᠡ᠃
38 ᠲᠡᠭᠡᠭᠡᠳ ᠰᠠᠦ᠋ᠯ ᠳ᠋ᠠᠸᠢᠳ᠋ ᠢ ᠥᠪᠡᠷ ᠦᠨ ᠢᠶᠠᠨ ᠬᠤᠪᠴᠠᠰᠤ ᠪᠠᠷ ᠬᠤᠪᠴᠠᠰᠤᠯᠠᠵᠤ᠂ ᠲᠣᠯᠣᠭᠠᠢ ᠳᠤᠨᠢ ᠬᠦᠷᠡᠯ ᠳᠤᠭᠤᠯᠠᠭ᠎ᠠ ᠪᠠᠨ ᠡᠮᠦᠰᠬᠡᠵᠦ᠂ ᠪᠡᠶ᠎ᠡ ᠳᠦᠨᠢ ᠬᠤᠶᠠᠭ ᠢᠶᠠᠨ ᠡᠮᠦᠰᠬᠡᠪᠡ᠃ 39 ᠳ᠋ᠠᠸᠢᠳ᠋ ᠰᠠᠦ᠋ᠯ ᠤᠨ ᠬᠤᠶᠠᠭ ᠤᠨ ᠭᠠᠳᠠᠭᠤᠷ ᠰᠠᠦ᠋ᠯ ᠤᠨ ᠢᠯᠳᠦ ᠶᠢ ᠴᠤ ᠪᠦᠰᠡᠯᠡᠵᠦ ᠵᠡᠭᠦᠪᠡ᠂ ᠬᠠᠷᠢᠨ ᠡᠢᠮᠦ ᠵᠦᠢᠯ ᠳᠤ ᠳᠠᠰᠤᠭ᠎ᠠ ᠦᠭᠡᠢ ᠲᠤᠯᠠ ᠳ᠋ᠠᠸᠢᠳ᠋ ᠠᠯᠬᠤᠬᠤ ᠭᠡᠵᠦ ᠣᠷᠣᠯᠳᠤᠭᠰᠠᠨ ᠤ ᠳᠠᠷᠠᠭ᠎ᠠ᠂ ᠰᠠᠦ᠋ᠯ ᠳᠤ᠄ 《ᠳᠠᠰᠤᠭ᠎ᠠ ᠦᠭᠡᠢ ᠪᠣᠯᠬᠣᠷ ᠪᠢ ᠡᠭᠦᠨ ᠢ ᠡᠮᠦᠰᠴᠦ ᠶᠠᠪᠤᠵᠤ ᠴᠢᠳᠠᠬᠤ ᠦᠭᠡᠢ ᠨᠢ》 ᠭᠡᠳ ᠡᠮᠦᠰᠬᠡᠯ ᠢ ᠨᠢ ᠲᠠᠢᠯᠵᠠᠢ᠃ 40 ᠲᠡᠷᠡ ᠥᠪᠡᠷ ᠦᠨ ᠢᠶᠠᠨ ᠲᠠᠶᠠᠭ ᠢ ᠭᠠᠷ ᠲᠠᠭᠠᠨ ᠠᠪᠴᠤ᠂ ᠭᠣᠷᠣᠬᠠᠨ ᠠᠴᠠ ᠲᠠᠪᠤᠨ ᠮᠥᠯᠢᠭᠡᠷ ᠴᠢᠯᠠᠭᠤ ᠰᠢᠯᠢᠵᠦ ᠠᠪᠤᠭᠠᠳ ᠥᠪᠡᠷ ᠦᠨ ᠢᠶᠠᠨ ᠠᠪᠴᠤ ᠶᠠᠪᠤᠭᠰᠠᠨ ᠬᠤᠷᠠᠭᠠᠨ ᠤ ᠤᠭᠤᠲᠠᠨ ᠳᠤ ᠬᠢᠵᠦ᠂ ᠳᠦᠦᠭᠡᠦᠷ ᠢᠶᠡᠨ ᠭᠠᠷ ᠲᠠᠭᠠᠨ ᠪᠠᠷᠢᠭᠠᠳ᠂ ᠥᠨᠥᠬᠢ ᠹᠢᠯᠢᠰᠲ ᠬᠥᠮᠦᠨ ᠤᠷᠤᠭᠤ ᠶᠠᠪᠤᠪᠠ᠃
41 ᠥᠨᠥᠬᠢ ᠹᠢᠯᠢᠰᠲ ᠬᠥᠮᠦᠨ ᠴᠤ ᠳ᠋ᠠᠸᠢᠳ᠋ ᠤᠷᠤᠭᠤ ᠣᠢᠷᠠᠲᠤᠨ ᠢᠷᠡᠵᠦ ᠪᠠᠢᠯ᠎ᠠ᠃ ᠡᠮᠦᠨ᠎ᠡ ᠨᠢ ᠲᠡᠭᠦᠨ ᠦ ᠪᠠᠮᠪᠠᠢ ᠪᠠᠷᠢᠭᠴᠢ ᠶᠠᠪᠤᠵᠤ ᠪᠠᠢᠪᠠ᠃ 42 ᠹᠢᠯᠢᠰᠲ ᠬᠥᠮᠦᠨ ᠳ᠋ᠠᠸᠢᠳ᠋ ᠢ ᠬᠠᠷᠠᠭᠠᠳ ᠤᠯᠠᠭ᠎ᠠ ᠪᠤᠲᠠᠷᠠᠭᠰᠠᠨ᠂ ᠰᠠᠢᠬᠠᠨ ᠴᠢᠷᠠᠢ ᠲᠠᠢ ᠵᠠᠯᠠᠭᠤ ᠪᠠᠢᠬᠤ ᠶᠢ ᠦᠵᠡᠭᠡᠳ ᠲᠣᠭᠣᠮᠰᠠᠷᠯᠠᠵᠤ ᠶᠠᠳᠠᠪᠠ᠃ 43 ᠹᠢᠯᠢᠰᠲ ᠬᠥᠮᠦᠨ ᠳ᠋ᠠᠸᠢᠳ᠋ ᠲᠤ᠄ 《ᠴᠢ ᠶᠠᠭᠠᠬᠢᠬᠤ ᠭᠡᠵᠦ ᠲᠠᠶᠠᠭ ᠪᠠᠷᠢᠵᠤ ᠨᠠᠳᠠ ᠤᠷᠤᠭᠤ ᠢᠷᠡᠪᠡ︖ ᠨᠠᠮᠠᠶᠢ ᠨᠣᠬᠠᠢ ᠭᠡᠵᠦ ᠪᠣᠳᠣᠪᠠ ᠤᠤ︖》 ᠬᠡᠮᠡᠨ ᠥᠪᠡᠷ ᠦᠨ ᠢᠶᠠᠨ ᠪᠤᠷᠬᠠᠳ ᠤᠨ ᠨᠡᠷ᠎ᠡ ᠪᠡᠷ ᠳ᠋ᠠᠸᠢᠳ᠋ ᠢ ᠬᠠᠷᠢᠶᠠᠪᠠ᠃ 44 ᠹᠢᠯᠢᠰᠲ ᠬᠥᠮᠦᠨ ᠳ᠋ᠠᠸᠢᠳ᠋ ᠲᠤ᠄ 《ᠨᠠᠰᠢ ᠢᠷ᠎ᠡ᠂ ᠮᠢᠬ᠎ᠠ ᠶᠢ ᠴᠢᠨᠢ ᠪᠢ ᠣᠭᠲᠠᠷᠭᠤᠢ ᠶᠢᠨ ᠰᠢᠪᠠᠭᠤᠳ᠂ ᠬᠡᠭᠡᠷ᠎ᠡ ᠶᠢᠨ ᠠᠷᠢᠶᠠᠲᠠᠨ ᠳᠤ ᠥᠭᠭᠥᠶ᠎ᠡ》 ᠭᠡᠬᠦ ᠳᠦ᠂ 45 ᠳ᠋ᠠᠸᠢᠳ᠋ ᠹᠢᠯᠢᠰᠲ ᠬᠥᠮᠦᠨ ᠳᠦ᠄ 《ᠴᠢ ᠢᠯᠳᠦ᠂ ᠪᠠᠮᠪᠠᠢ᠂ ᠵᠢᠳᠠ ᠪᠠᠷᠢᠵᠤ ᠨᠠᠳᠠ ᠤᠷᠤᠭᠤ ᠢᠷᠡᠵᠦ ᠪᠠᠢᠭ᠎ᠠ ᠪᠣᠯ᠂ ᠪᠢ ᠴᠢᠨᠦ ᠳᠣᠷᠣᠮᠵᠢᠯᠠᠭᠰᠠᠨ ᠢᠰᠷᠧᠯ ᠤᠨ ᠴᠡᠷᠢᠭ ᠤᠨ ᠪᠤᠷᠬᠠᠨ᠂ ᠠᠤᠭ᠎ᠠ ᠬᠦᠴᠦᠲᠦ ᠶᠣᠬᠣᠸᠠ ᠶᠢᠨ ᠨᠡᠷ᠎ᠡ ᠪᠡᠷ ᠴᠢᠮ᠎ᠠ ᠤᠷᠤᠭᠤ ᠢᠷᠡᠵᠦ ᠪᠠᠢᠨ᠎ᠠ᠃ 46 ᠥᠨᠥᠳᠥᠷ ᠶᠣᠬᠣᠸᠠ ᠴᠢᠮᠠᠶᠢ ᠮᠢᠨᠦ ᠭᠠᠷ ᠲᠤ ᠥᠭᠭᠥᠨ᠎ᠡ᠃ ᠪᠢ ᠴᠢᠮᠠᠶᠢ ᠴᠣᠬᠢᠵᠤ ᠴᠢᠨᠦ ᠲᠣᠯᠣᠭᠠᠢ ᠶᠢ ᠪᠡᠶ᠎ᠡ ᠡᠴᠡ ᠴᠢᠨᠢ ᠲᠠᠰᠤᠯᠤᠨ᠎ᠠ᠃ ᠥᠨᠥᠳᠥᠷ ᠪᠢ ᠹᠢᠯᠢᠰᠲ ᠴᠡᠷᠢᠭ ᠤᠳ ᠤᠨ ᠬᠡᠭᠦᠷ ᠢ ᠣᠭᠲᠠᠷᠭᠤᠢ ᠶᠢᠨ ᠰᠢᠪᠠᠭᠤᠳ᠂ ᠬᠡᠭᠡᠷ᠎ᠡ ᠶᠢᠨ ᠠᠷᠢᠶᠠᠲᠠᠨ ᠳᠤ ᠥᠭᠭᠥᠨ᠎ᠡ᠃ ᠭᠠᠵᠠᠷ ᠤᠨ ᠰᠠᠭᠤᠭᠠᠯᠢᠴᠢᠳ ᠪᠦᠭᠦᠳᠡᠭᠡᠷ ᠢᠰᠷᠧᠯ ᠳᠤ ᠪᠤᠷᠬᠠᠨ ᠪᠠᠢᠨ᠎ᠠ ᠭᠡᠳᠡᠭ ᠢ ᠮᠡᠳᠡᠬᠦ ᠪᠣᠯᠣᠨ᠎ᠠ᠃ 47 ᠡᠨᠡ ᠴᠤᠭᠯᠠᠷᠠᠭᠰᠠᠨ ᠣᠯᠠᠨ ᠴᠤ ᠶᠣᠬᠣᠸᠠ ᠢᠯᠳᠦ᠂ ᠵᠢᠳᠠ ᠬᠡᠷᠡᠭᠯᠡᠯ ᠦᠭᠡᠢ ᠪᠠᠷ ᠠᠪᠤᠷᠠᠨ᠎ᠠ ᠭᠡᠳᠡᠭ ᠢ ᠮᠡᠳᠡᠬᠦ ᠪᠣᠯᠣᠨ᠎ᠠ᠃ ᠪᠠᠢᠯᠳᠤᠭᠠᠨ ᠪᠣᠯ ᠶᠣᠬᠣᠸᠠ ᠶᠢᠨ ᠬᠢ᠂ ᠶᠣᠬᠣᠸᠠ ᠲᠠ ᠨᠠᠷ ᠢ ᠪᠢᠳᠡᠨ ᠦ ᠭᠠᠷ ᠲᠤ ᠥᠭᠭᠥᠨ᠎ᠡ》 ᠭᠡᠪᠡ᠃
48 ᠹᠢᠯᠢᠰᠲ ᠬᠥᠮᠦᠨ ᠬᠥᠳᠡᠯᠵᠦ᠂ ᠳ᠋ᠠᠸᠢᠳ᠋ ᠤᠨ ᠥᠭᠡᠳᠡ ᠡᠴᠡ ᠲᠤᠯᠤᠯᠳᠤᠬᠤ ᠪᠠᠷ ᠣᠢᠷᠠᠲᠤᠨ ᠢᠷᠡᠬᠦ ᠳᠦ᠂ ᠳ᠋ᠠᠸᠢᠳ᠋ ᠴᠤ ᠲᠡᠭᠦᠨ ᠲᠡᠢ ᠲᠤᠯᠤᠯᠳᠤᠬᠤ ᠪᠠᠷ ᠪᠠᠢᠯᠳᠤᠭᠠᠨ ᠤ ᠲᠠᠯᠠᠪᠤᠷ ᠤᠷᠤᠭᠤ ᠬᠤᠷᠳᠤᠨ ᠭᠦᠶᠦᠵᠦ ᠭᠠᠷᠪᠠ᠃ 49 ᠳ᠋ᠠᠸᠢᠳ᠋ ᠤᠭᠤᠲᠠ ᠤᠷᠤᠭᠤ ᠪᠠᠨ ᠭᠠᠷ ᠢᠶᠠᠨ ᠶᠠᠪᠤᠭᠤᠯᠵᠤ᠂ ᠨᠢᠭᠡ ᠴᠢᠯᠠᠭᠤ ᠭᠠᠷᠭᠠᠵᠤ ᠠᠪᠤᠭᠠᠳ ᠳᠦᠦᠭᠡᠦᠷ ᠢᠶᠡᠷ ᠳᠦᠦᠭᠡᠦᠷᠳᠡᠨ᠂ ᠹᠢᠯᠢᠰᠲ ᠬᠥᠮᠦᠨ ᠦ ᠮᠠᠩᠨᠠᠢ ᠶᠢ ᠣᠨᠣᠪᠠ᠃ ᠴᠢᠯᠠᠭᠤ ᠮᠠᠩᠨᠠᠢ ᠤᠷᠤᠭᠤ ᠨᠢ ᠰᠢᠭᠢᠳᠦᠨ ᠣᠷᠣᠬᠤ ᠳᠤ᠂ ᠲᠡᠷᠡ ᠨᠢᠭᠤᠷ ᠢᠶᠠᠷ ᠢᠶᠠᠨ ᠭᠠᠵᠠᠷ ᠰᠢᠭᠠᠨ ᠤᠨᠠᠯ᠎ᠠ᠃
50 ᠡᠢᠨ ᠬᠦ ᠳ᠋ᠠᠸᠢᠳ᠋ ᠳᠦᠦᠭᠡᠦᠷ ᠪᠣᠯᠣᠨ ᠨᠢᠭᠡ ᠴᠢᠯᠠᠭᠤ ᠪᠠᠷ ᠥᠨᠥᠬᠢ ᠹᠢᠯᠢᠰᠲ ᠬᠥᠮᠦᠨ ᠢ ᠢᠯᠠᠵᠠᠢ᠃ ᠲᠡᠷᠡ ᠢᠯᠳᠦ ᠦᠭᠡᠢ ᠭᠠᠷ ᠢᠶᠠᠷ ᠢᠶᠠᠨ ᠹᠢᠯᠢᠰᠲ ᠬᠥᠮᠦᠨ ᠢ ᠴᠣᠬᠢᠵᠤ ᠠᠯᠠᠪᠠ᠃ 51 ᠳ᠋ᠠᠸᠢᠳ᠋ ᠭᠦᠶᠦᠨ ᠣᠴᠢᠭᠠᠳ ᠲᠡᠷᠡ ᠹᠢᠯᠢᠰᠲ ᠬᠥᠮᠦᠨ ᠦ ᠳᠡᠭᠡᠷ᠎ᠡ ᠭᠠᠷᠴᠤ᠂ ᠲᠡᠭᠦᠨ ᠦ ᠢᠯᠳᠦ ᠶᠢ ᠬᠤᠢ ᠠᠴᠠ ᠨᠢ ᠰᠤᠭᠤᠯᠤᠨ ᠠᠪᠴᠤ᠂ ᠲᠡᠭᠦᠨ ᠢ ᠠᠯᠠᠭᠠᠳ ᠲᠣᠯᠣᠭᠠᠢ ᠶᠢ ᠨᠢ ᠴᠠᠪᠴᠢᠪᠠ᠃
52 ᠢᠰᠷᠧᠯ ᠪᠣᠯᠣᠨ ᠶᠦᠳᠠᠢᠴᠤᠳ ᠬᠥᠳᠡᠯᠦᠯᠴᠡᠨ᠂ ᠤᠤᠬᠠᠢᠯᠠᠨ ᠬᠠᠰᠬᠢᠷᠴᠤ᠂ ᠹᠢᠯᠢᠰᠲ᠋ᠴᠦᠳ ᠢ ᠬᠥᠭᠡᠭᠡᠭᠰᠡᠭᠡᠷ ᠬᠥᠨᠳᠡᠢ ᠲᠠᠯ᠎ᠠ ᠶᠢ ᠥᠩᠭᠡᠷᠡᠵᠦ ᠡᠺᠷᠣᠨ ᠤ ᠬᠠᠭᠠᠯᠭ᠎ᠠ ᠬᠦᠷᠪᠡ᠃ ᠦᠬᠦᠵᠦ ᠰᠢᠷᠬᠠᠲᠤᠭᠰᠠᠨ ᠹᠢᠯᠢᠰᠲ᠋ᠴᠦᠳ ᠱᠠᠶᠠᠷᠠᠢᠮ ᠠᠴᠠ ᠭᠠᠲ ᠢ ᠳᠠᠭᠠᠷᠢᠨ ᠡᠺᠷᠣᠨ ᠳᠤ ᠬᠦᠷᠬᠦ ᠵᠠᠮ ᠳᠡᠭᠡᠷ᠎ᠡ ᠡ᠊ᠨᠳᠡ ᠲᠡᠨᠳᠡ ᠦᠭᠡᠢ ᠤᠨᠠᠵᠠᠭᠠᠭᠰᠠᠨ ᠪᠠᠢᠪᠠ᠃ 53 ᠢᠰᠷᠧᠯᠴᠦᠳ ᠹᠢᠯᠢᠰᠲ᠋ᠴᠦᠳ ᠢ ᠬᠥᠭᠡᠭᠡᠬᠦ ᠪᠡᠨ ᠪᠣᠯᠢᠵᠤ ᠪᠤᠴᠠᠵᠤ ᠢᠷᠡᠭᠡᠳ᠂ ᠹᠢᠯᠢᠰᠲ᠋ᠴᠦᠳ ᠦᠨ ᠬᠤᠸᠠᠷᠠᠨ ᠨᠤᠭᠤᠳ ᠢ ᠲᠣᠨᠣᠵᠠᠢ᠃ 54 ᠳ᠋ᠠᠸᠢᠳ᠋ ᠨᠥᠭᠥᠭᠡ ᠹᠢᠯᠢᠰᠲ ᠬᠥᠮᠦᠨ ᠦ ᠲᠣᠯᠣᠭᠠᠢ ᠶᠢ ᠶᠧᠷᠦ᠋ᠰᠠᠯᠧᠮ ᠳᠤ ᠠᠪᠠᠴᠢᠵᠤ᠂ ᠵᠡᠪᠰᠡᠭ ᠢ ᠨᠢ ᠮᠠᠢᠬᠠᠨ ᠳᠠᠭᠠᠨ ᠲᠠᠯᠪᠢᠪᠠ᠃
55 ᠳ᠋ᠠᠸᠢᠳ᠋ ᠲᠡᠷᠡ ᠬᠦ ᠹᠢᠯᠢᠰᠲ ᠬᠥᠮᠦᠨ ᠦ ᠡᠰᠡᠷᠭᠦ ᠭᠠᠷᠴᠤ ᠶᠠᠪᠤᠬᠤ ᠶᠢ ᠰᠠᠦ᠋ᠯ ᠬᠠᠷᠠᠭᠠᠳ ᠴᠡᠷᠢᠭ ᠤᠨ ᠶᠡᠷᠦᠩᠬᠡᠢ ᠵᠠᠬᠢᠷᠤᠭᠴᠢ ᠠᠪᠨᠧᠷ ᠡᠴᠡ᠄ 《ᠠᠪᠨᠧᠷ ᠡ᠂ ᠡᠨᠡ ᠵᠠᠯᠠᠭᠤ ᠬᠡᠨ ᠦ ᠬᠥᠪᠡᠭᠦᠨ ᠪᠤᠢ︖》 ᠭᠡᠵᠦ ᠠᠰᠠᠭᠤᠬᠤ ᠳᠤ᠂ ᠠᠪᠨᠧᠷ᠄ 《ᠬᠠᠭᠠᠨᠲᠠᠨ ᠮᠢᠨᠢ᠂ ᠲᠠᠨ ᠤ ᠠᠮᠢᠳᠤ ᠪᠠᠢᠬᠤ ᠲᠠᠢ ᠨᠢᠭᠡᠨ ᠠᠳᠠᠯᠢ ᠪᠠᠲᠤ ᠦᠨᠡᠨ᠂ ᠪᠢ ᠦᠯᠦ ᠮᠡᠳᠡᠨ᠎ᠡ》 ᠭᠡᠪᠡ᠃ 56 ᠲᠡᠭᠡᠭᠡᠳ ᠬᠠᠭᠠᠨ᠄ 《ᠲᠡᠷᠡ ᠵᠠᠯᠠᠭᠤ ᠬᠡᠨ ᠦ ᠬᠥᠪᠡᠭᠦᠨ ᠪᠣᠯᠬᠤ ᠶᠢ ᠯᠠᠪᠯᠠᠭᠲᠤᠨ》 ᠭᠡᠯᠡ᠃ 57 ᠳ᠋ᠠᠸᠢᠳ᠋ ᠲᠡᠷᠡ ᠹᠢᠯᠢᠰᠲ ᠬᠥᠮᠦᠨ ᠢ ᠠᠯᠠᠭᠠᠳ ᠪᠤᠴᠠᠵᠤ ᠢᠷᠡᠬᠦ ᠳᠦᠨᠢ ᠠᠪᠨᠧᠷ ᠲᠡᠭᠦᠨ ᠢ ᠳᠠᠭᠠᠭᠤᠯᠤᠨ ᠰᠠᠦ᠋ᠯ ᠤᠨ ᠡᠮᠦᠨ᠎ᠡ ᠬᠦᠷᠪᠡ᠃ ᠳ᠋ᠠᠸᠢᠳ᠋ ᠤᠨ ᠭᠠᠷ ᠲᠤ ᠹᠢᠯᠢᠰᠲ ᠬᠥᠮᠦᠨ ᠦ ᠲᠣᠯᠣᠭᠠᠢ ᠪᠠᠢᠪᠠ᠃ 58 ᠰᠠᠦ᠋ᠯ ᠳ᠋ᠠᠸᠢᠳ᠋ ᠠᠴᠠ᠄ 《ᠵᠠᠯᠠᠭᠤ ᠮᠢᠨᠢ᠂ ᠴᠢ ᠬᠡᠨ ᠦ ᠬᠥᠪᠡᠭᠦᠨ ᠪᠤᠢ︖》 ᠭᠡᠵᠦ ᠠᠰᠠᠭᠤᠭᠰᠠᠨ ᠳᠤ᠂ ᠳ᠋ᠠᠸᠢᠳ᠋᠄ 《ᠪᠢ ᠲᠠᠨ ᠤ ᠪᠣᠭᠣᠯ ᠪᠧᠲ᠋ᠯᠧᠾᠧᠮ ᠤᠨ ᠬᠥᠮᠦᠨ ᠢᠱᠠᠢ ᠶᠢᠨ ᠬᠥᠪᠡᠭᠦᠨ》 ᠭᠡᠪᠡ᠃