ᠨᠢᠭᠡᠳᠦᠭᠡᠷ ᠰᠠᠮᠦ᠋ᠶᠧᠯ ᠬᠣᠷᠢᠨ ᠭᠤᠷᠪᠠ
ᠰᠠᠦ᠋ᠯ ᠳ᠋ᠠᠸᠢᠳ᠋ ᠢ ᠮᠥᠰᠬᠢᠨ ᠬᠥᠭᠡᠭᠡᠪᠡ
1 ᠬᠥᠮᠦᠰ ᠳ᠋ᠠᠸᠢᠳ᠋ ᠲᠤ᠄ 《ᠹᠢᠯᠢᠰᠲ᠋ᠴᠦᠳ ᠺᠧᠶᠢᠯᠠ ᠶᠢ ᠳᠣᠪᠲᠣᠯᠵᠤ᠂ ᠦᠲᠦᠷᠮ᠎ᠡ ᠶᠢ ᠳᠡᠭᠡᠷᠡᠮᠳᠡᠵᠦ ᠪᠠᠢᠨ᠎ᠠ》 ᠭᠡᠵᠦ ᠮᠡᠳᠡᠭᠦᠯᠪᠡ᠃ 2 ᠲᠡᠭᠡᠭᠡᠳ ᠳ᠋ᠠᠸᠢᠳ᠋ ᠶᠣᠬᠣᠸᠠ ᠠᠴᠠ ᠯᠠᠪᠯᠠᠨ᠄ 《ᠪᠢ ᠣᠴᠢᠵᠤ ᠲᠡᠳᠡᠭᠡᠷ ᠹᠢᠯᠢᠰᠲ᠋ᠴᠦᠳ ᠢ ᠴᠣᠬᠢᠬᠤ ᠤᠤ︖》 ᠭᠡᠬᠦ ᠳᠦ᠂ ᠶᠣᠬᠣᠸᠠ ᠳ᠋ᠠᠸᠢᠳ᠋ ᠲᠤ᠄ 《ᠣᠴᠢ᠂ ᠹᠢᠯᠢᠰᠲ᠋ᠴᠦᠳ ᠢ ᠴᠣᠬᠢᠵᠤ᠂ ᠺᠧᠶᠢᠯᠠ ᠶᠢ ᠠᠪᠤᠷᠠᠭᠲᠤᠨ》 ᠭᠡᠵᠦ ᠠᠢᠯᠠᠳᠪᠠ᠃ 3 ᠭᠡᠲᠡᠯ᠎ᠡ ᠳ᠋ᠠᠸᠢᠳ᠋ ᠤᠨ ᠬᠥᠮᠦᠰ ᠲᠡᠭᠦᠨ ᠳᠦ᠄ 《ᠮᠠᠨ ᠤ ᠬᠢᠨ ᠡᠨᠡ ᠶᠦᠳᠠ ᠳᠤ ᠴᠤ ᠠᠶᠤᠵᠤ ᠳᠠᠭᠵᠢᠨ ᠰᠠᠭᠤᠵᠤ ᠪᠠᠢᠲᠠᠯ᠎ᠠ ᠪᠠᠨ ᠺᠧᠶᠢᠯᠠ ᠤᠷᠤᠭᠤ ᠹᠢᠯᠢᠰᠲ᠋ᠴᠦᠳ ᠦᠨ ᠴᠡᠷᠢᠭ ᠤᠨ ᠡᠰᠡᠷᠭᠦ ᠣᠴᠢᠨ᠎ᠠ ᠭᠡᠵᠢ ᠤᠤ︖》 ᠭᠡᠯᠴᠡᠪᠡ᠃ 4 ᠳ᠋ᠠᠸᠢᠳ᠋ ᠳᠠᠬᠢᠨ ᠶᠣᠬᠣᠸᠠ ᠠᠴᠠ ᠯᠠᠪᠯᠠᠬᠤ ᠳᠤ᠂ ᠶᠣᠬᠣᠸᠠ ᠬᠠᠷᠢᠭᠤ ᠳᠤᠨᠢ᠄ 《ᠪᠣᠰ᠂ ᠺᠧᠶᠢᠯᠠ ᠤᠷᠤᠭᠤ ᠶᠠᠪᠤ᠃ ᠪᠢ ᠥᠪᠡᠷ ᠢᠶᠡᠨ ᠹᠢᠯᠢᠰᠲ᠋ᠴᠦᠳ ᠢ ᠴᠢᠨᠦ ᠭᠠᠷ ᠲᠤ ᠲᠤᠰᠢᠶᠠᠶ᠎ᠠ》 ᠭᠡᠵᠦ ᠠᠢᠯᠠᠳᠪᠠ᠃ 5 ᠡᠢᠨ ᠬᠦ ᠳ᠋ᠠᠸᠢᠳ᠋ ᠥᠪᠡᠷ ᠦᠨ ᠢᠶᠠᠨ ᠬᠥᠮᠦᠰ ᠲᠡᠢ ᠬᠠᠮᠲᠤ ᠺᠧᠶᠢᠯᠠ ᠳᠤ ᠣᠴᠢᠵᠤ᠂ ᠹᠢᠯᠢᠰᠲ᠋ᠴᠦᠳ ᠲᠡᠢ ᠲᠤᠯᠤᠯᠳᠤᠨ ᠲᠡᠳᠡᠨ ᠦ ᠮᠠᠯ ᠰᠦᠷᠦᠭ ᠢ ᠪᠤᠯᠢᠶᠠᠨ ᠠᠪᠴᠤ᠂ ᠦᠢ ᠣᠯᠠᠨ ᠹᠢᠯᠢᠰᠲ᠋ᠴᠦᠳ ᠢ ᠬᠢᠳᠤᠪᠠ᠃ ᠢᠩᠭᠢᠵᠦ ᠳ᠋ᠠᠸᠢᠳ᠋ ᠺᠧᠶᠢᠯᠠ ᠶᠢᠨ ᠰᠠᠭᠤᠭᠠᠯᠢᠴᠢᠳ ᠢ ᠠᠪᠤᠷᠠᠵᠠᠢ᠃
6 ᠠᠾᠢᠮᠧᠯᠧᠺ ᠤᠨ ᠬᠥᠪᠡᠭᠦᠨ ᠠᠪᠢᠶᠠᠲ᠋ᠠᠷ ᠭᠠᠷ ᠲᠠᠭᠠᠨ ᠡᠹᠣᠳ ᠪᠠᠷᠢᠵᠤ᠂ ᠺᠧᠶᠢᠯᠠ ᠳᠤ ᠪᠠᠢᠭ᠎ᠠ ᠳ᠋ᠠᠸᠢᠳ᠋ ᠤᠷᠤᠭᠤ ᠵᠢᠭᠤᠲᠠᠵᠤ ᠢᠷᠡᠪᠡ᠃ 7 ᠳ᠋ᠠᠸᠢᠳ᠋ ᠶᠢᠨ ᠺᠧᠶᠢᠯᠠ ᠳᠤ ᠢᠷᠡᠭᠰᠡᠨ ᠢ ᠰᠠᠦ᠋ᠯ ᠰᠣᠨᠣᠰᠣᠭᠠᠳ᠄ 《ᠪᠤᠷᠬᠠᠨ ᠲᠡᠭᠦᠨ ᠢ ᠮᠢᠨᠦ ᠭᠠᠷ ᠲᠤ ᠲᠤᠰᠢᠶᠠᠵᠠᠢ᠃ ᠳ᠋ᠠᠸᠢᠳ᠋ ᠳᠠᠪᠬᠤᠷ ᠬᠠᠭᠠᠯᠭ᠎ᠠ᠂ ᠴᠣᠣᠵᠢᠲᠠᠢ ᠬᠣᠲᠠ ᠳᠤ ᠣᠷᠣᠭᠰᠠᠨ ᠢᠶᠠᠷ ᠢᠶᠠᠨ ᠬᠣᠷᠢᠭᠳᠠᠯᠠ》 ᠭᠡᠵᠦ ᠬᠡᠯᠡᠪᠡ᠃ 8 ᠡᠢᠨ ᠬᠦ ᠰᠠᠦ᠋ᠯ ᠪᠦᠬᠦ ᠴᠡᠷᠢᠭ ᠢᠶᠠᠨ ᠴᠤᠭᠯᠠᠭᠤᠯᠵᠠᠢ᠃ ᠲᠡᠷᠡ ᠺᠧᠶᠢᠯᠠ ᠤᠷᠤᠭᠤ ᠶᠠᠪᠤᠵᠤ᠂ ᠳ᠋ᠠᠸᠢᠳ᠋ ᠪᠣᠯᠣᠨ ᠲᠡᠭᠦᠨ ᠦ ᠬᠥᠮᠦᠰ ᠢ ᠪᠦᠰᠡᠯᠡᠬᠦ ᠪᠡᠷ ᠪᠠᠢᠪᠠ᠃ 9 ᠳ᠋ᠠᠸᠢᠳ᠋ ᠰᠠᠦ᠋ᠯ ᠤᠨ ᠬᠣᠣᠷ ᠬᠥᠨᠥᠭᠡᠯ ᠬᠢᠬᠦ ᠭᠡᠵᠦ ᠪᠠᠢᠭ᠎ᠠ ᠶᠢ ᠮᠡᠳᠡᠭᠡᠳ ᠲᠠᠬᠢᠯᠴᠢ ᠠᠪᠢᠶᠠᠲ᠋ᠠᠷ ᠲᠤ᠄ 《ᠡᠹᠣᠳ ᠢ ᠠᠪᠤᠭᠠᠳ ᠢᠷ᠎ᠡ》 ᠭᠡᠵᠦ ᠬᠡᠯᠡᠪᠡ᠃ 10 ᠲᠡᠭᠡᠭᠡᠳ ᠳ᠋ᠠᠸᠢᠳ᠋᠄ 《ᠢᠰᠷᠧᠯ ᠤᠨ ᠪᠤᠷᠬᠠᠨ ᠶᠣᠬᠣᠸᠠ ᠮᠢᠨᠢ ᠡ᠂ ᠰᠠᠦ᠋ᠯ ᠺᠧᠶᠢᠯᠠ ᠳᠤ ᠢᠷᠡᠵᠦ᠂ ᠮᠢᠨᠦ ᠤᠯᠠᠮ ᠢᠶᠠᠷ ᠡᠨᠡ ᠬᠣᠲᠠ ᠶᠢ ᠤᠰᠠᠳᠬᠠᠬᠤ ᠭᠡᠵᠦ ᠪᠠᠢᠭ᠎ᠠ ᠶᠢ ᠲᠠᠨ ᠤ ᠵᠠᠷᠤᠴᠠ ᠪᠠᠲᠤᠲᠠᠢ ᠰᠣᠨᠣᠰᠣᠯ᠎ᠠ᠃ 11 ᠺᠧᠶᠢᠯᠠ ᠶᠢᠨ ᠠᠷᠠᠳ ᠨᠠᠮᠠᠶᠢ ᠲᠡᠭᠦᠨ ᠦ ᠭᠠᠷ ᠲᠤ ᠲᠤᠰᠢᠶᠠᠬᠤ ᠤᠤ︖ ᠲᠠᠨ ᠤ ᠵᠠᠷᠤᠴᠠ ᠶᠢᠨ ᠰᠣᠨᠣᠰᠣᠭᠰᠠᠨ ᠰᠢᠭ᠋ ᠢᠶᠠᠷ ᠰᠠᠦ᠋ᠯ ᠬᠦᠷᠴᠦ ᠢᠷᠡᠬᠦ ᠤᠤ︖ ᠢᠰᠷᠧᠯ ᠤᠨ ᠪᠤᠷᠬᠠᠨ ᠶᠣᠬᠣᠸᠠ ᠮᠢᠨᠢ ᠡ᠂ ᠵᠠᠷᠤᠴᠠ ᠳᠠᠭᠠᠨ ᠮᠡᠳᠡᠭᠦᠯᠦᠭᠡᠴᠢ》 ᠭᠡᠰᠡᠨ ᠳᠦ᠂ ᠶᠣᠬᠣᠸᠠ᠄ 《ᠲᠡᠷᠡ ᠢᠷᠡᠨ᠎ᠡ》 ᠭᠡᠵᠦ ᠠᠢᠯᠠᠳᠪᠠ᠃ 12 ᠳ᠋ᠠᠸᠢᠳ᠋ ᠳᠠᠬᠢᠨ᠄ 《ᠺᠧᠶᠢᠯᠠ ᠶᠢᠨ ᠠᠷᠠᠳ ᠮᠢᠨᠦ ᠬᠥᠮᠦᠰ ᠢ ᠨᠠᠳᠠ ᠲᠠᠢ ᠬᠠᠮᠲᠤ ᠰᠠᠦ᠋ᠯ ᠤᠨ ᠭᠠᠷ ᠲᠤ ᠲᠤᠰᠢᠶᠠᠬᠤ ᠤᠤ︖》 ᠭᠡᠰᠡᠨ ᠳᠦ᠂ ᠶᠣᠬᠣᠸᠠ᠄ 《ᠲᠤᠰᠢᠶᠠᠬᠤ ᠪᠣᠯᠣᠨ᠎ᠠ》 ᠭᠡᠵᠦ ᠠᠢᠯᠠᠳᠪᠠ᠃ 13 ᠲᠡᠭᠡᠬᠦ ᠳᠦ ᠳ᠋ᠠᠸᠢᠳ᠋ ᠪᠣᠯᠣᠨ ᠲᠡᠭᠦᠨ ᠦ ᠵᠢᠷᠭᠤᠭᠠᠨ ᠵᠠᠭᠤᠭᠠᠳ ᠬᠥᠮᠦᠨ ᠬᠥᠳᠡᠯᠦᠨ ᠺᠧᠶᠢᠯᠠ ᠠᠴᠠ ᠭᠠᠷᠴᠤ᠂ ᠡᠰᠢ ᠲᠡᠰᠢ ᠪᠠᠨ ᠶᠠᠪᠤᠵᠤ ᠪᠠᠢᠪᠠ᠃ ᠰᠠᠦ᠋ᠯ ᠳ᠋ᠠᠸᠢᠳ᠋ ᠤᠨ ᠺᠧᠶᠢᠯᠠ ᠠᠴᠠ ᠣᠷᠭᠣᠭᠰᠠᠨ ᠢ ᠰᠣᠨᠣᠰᠣᠭᠠᠳ ᠮᠥᠷᠳᠡᠬᠦ ᠪᠡᠨ ᠪᠣᠯᠢᠪᠠ᠃ 14 ᠳ᠋ᠠᠸᠢᠳ᠋ ᠴᠥᠯ ᠭᠠᠵᠠᠷ ᠤᠨ ᠪᠡᠬᠢᠯᠡᠯᠲᠡ ᠪᠡᠷ ᠬᠣᠷᠭᠣᠳᠠᠵᠤ ᠪᠠᠢᠪᠠ᠃ ᠽᠢᠹ ᠴᠥᠯ ᠦᠨ ᠠᠭᠤᠯᠠᠷᠬᠠᠭ ᠭᠠᠵᠠᠷ ᠲᠤ ᠪᠠᠢᠬᠤ ᠳᠤᠨᠢ ᠰᠠᠦ᠋ᠯ ᠲᠡᠭᠦᠨ ᠢ ᠡᠳᠦᠷ ᠪᠦᠷᠢ ᠡᠷᠢᠭᠰᠡᠭᠡᠷ ᠪᠠᠢᠭᠰᠠᠨ ᠪᠣᠯᠪᠠᠴᠤ ᠪᠤᠷᠬᠠᠨ ᠳ᠋ᠠᠸᠢᠳ᠋ ᠢ ᠰᠠᠦ᠋ᠯ ᠤᠨ ᠭᠠᠷ ᠲᠤ ᠥᠭᠭᠥᠭᠰᠡᠨ ᠦᠭᠡᠢ᠃
15 ᠰᠠᠦ᠋ᠯ ᠥᠪᠡᠷ ᠦᠨ ᠬᠢᠨᠢ ᠠᠮᠢ ᠶᠢ ᠬᠥᠨᠥᠭᠡᠬᠦ ᠭᠡᠵᠦ ᠢᠷᠡᠬᠦ ᠪᠣᠯᠭᠠᠨ ᠳᠤ ᠳ᠋ᠠᠸᠢᠳ᠋ ᠮᠡᠳᠡᠳᠡᠭ ᠪᠠᠢᠯ᠎ᠠ᠃ ᠳ᠋ᠠᠸᠢᠳ᠋ ᠽᠢᠹ ᠴᠥᠯ ᠦᠨ ᠬᠣᠷᠧᠱ ᠲᠤ ᠪᠠᠢᠬᠤ ᠳᠤ᠂ 16 ᠰᠠᠦ᠋ᠯ ᠤᠨ ᠬᠥᠪᠡᠭᠦᠨ ᠶᠣᠨᠠᠲ᠋ᠠᠨ ᠮᠣᠷᠳᠠᠵᠤ᠂ ᠬᠣᠷᠧᠱ ᠲᠤ ᠪᠠᠢᠭ᠎ᠠ ᠳ᠋ᠠᠸᠢᠳ᠋ ᠤᠷᠤᠭᠤ ᠣᠴᠢᠵᠤ᠂ ᠪᠤᠷᠬᠠᠨ ᠤ ᠳᠣᠲᠣᠷ᠎ᠠ ᠲᠡᠭᠦᠨ 18 ᠢ ᠵᠣᠷᠢᠭᠵᠢᠭᠤᠯᠵᠤ 17 ᠳ᠋ᠠᠸᠢᠳ᠋ ᠲᠤ᠄ 《ᠪᠦᠦ ᠠᠶᠤ᠂ ᠮᠢᠨᠦ ᠡᠴᠢᠭᠡ ᠰᠠᠦ᠋ᠯ ᠤᠨ ᠭᠠᠷ ᠴᠢᠮ᠎ᠠ ᠳᠤ ᠬᠦᠷᠬᠦ ᠦᠭᠡᠢ᠂ ᠴᠢ ᠢᠰᠷᠧᠯ ᠤᠨ ᠬᠠᠭᠠᠨ ᠪᠣᠯᠵᠤ᠂ ᠪᠢ ᠴᠢᠨᠦ ᠳᠠᠷᠠᠭᠠᠬᠢ ᠬᠥᠮᠦᠨ ᠪᠣᠯᠣᠨ᠎ᠠ᠃ ᠮᠢᠨᠦ ᠡᠴᠢᠭᠡ ᠰᠠᠦ᠋ᠯ ᠴᠤ ᠡᠢᠮᠦ ᠪᠣᠯᠬᠤ ᠶᠢ ᠮᠡᠳᠡᠵᠦ ᠪᠠᠢᠭ᠎ᠠ ᠶᠤᠮ》 ᠭᠡᠵᠦ ᠬᠡᠯᠡᠪᠡ᠃ 18 ᠢᠩᠭᠢᠭᠡᠳ ᠲᠡᠷᠡ ᠬᠣᠶᠠᠷ ᠶᠣᠬᠣᠸᠠ ᠶᠢᠨ ᠡᠮᠦᠨ᠎ᠡ ᠭᠡᠷ᠎ᠡ ᠪᠠᠢᠭᠤᠯᠪᠠ᠃ ᠳ᠋ᠠᠸᠢᠳ᠋ ᠬᠣᠷᠧᠱ ᠲᠤ ᠦᠯᠡᠳᠡᠵᠦ᠂ ᠶᠣᠨᠠᠲ᠋ᠠᠨ ᠭᠡᠷ ᠤᠷᠤᠭᠤ ᠪᠠᠨ ᠪᠤᠴᠠᠪᠠ᠃
19 ᠽᠢᠹᠴᠦᠳ ᠭᠢᠪᠧᠶ᠎ᠠ ᠳᠠᠬᠢ ᠰᠠᠦ᠋ᠯ ᠥᠭᠡᠳᠡ ᠢᠷᠡᠵᠦ᠄ 《ᠳ᠋ᠠᠸᠢᠳ᠋ ᠮᠠᠨ ᠤ ᠲᠡᠨᠳᠡ ᠨᠢᠭᠤᠭᠳᠠᠵᠤ ᠪᠠᠢᠨ᠎ᠠ᠂ ᠲᠡᠷᠡ ᠶᠧᠱᠢᠮᠣᠨ ᠤ ᠡᠮᠦᠨ᠎ᠡ ᠵᠦᠭ ᠲᠦ᠂ ᠬᠠᠺᠢᠯᠠ ᠶᠢᠨ ᠳᠠᠪᠠᠭᠠᠨ ᠤ ᠬᠣᠷᠧᠱ ᠳᠠᠬᠢ ᠪᠡᠬᠢᠯᠡᠯᠲᠡ ᠳᠦ ᠪᠠᠢᠨ᠎ᠠ ᠰᠢᠦ᠃ 20 ᠲᠡᠢᠮᠦ ᠡᠴᠡ ᠬᠠᠭᠠᠨᠲᠠᠨ ᠮᠢᠨᠢ᠂ ᠰᠡᠳᠬᠢᠯ ᠳᠤ ᠲᠠᠨᠢ ᠲᠠᠭᠠᠯᠠᠭᠳᠠᠭᠰᠠᠨ ᠴᠠᠭ ᠲᠠᠭᠠᠨ ᠢᠷᠡᠭᠡᠷᠡᠢ᠂ ᠲᠡᠭᠡᠪᠡᠯ ᠪᠢᠳᠡ ᠥᠪᠡᠷᠰᠡᠳ ᠢᠶᠡᠨ ᠲᠡᠭᠦᠨ ᠢ ᠬᠠᠭᠠᠨ ᠤ ᠭᠠᠷ ᠲᠤ ᠲᠤᠰᠢᠶᠠᠬᠤ ᠪᠣᠯᠣᠨ᠎ᠠ》 ᠭᠡᠵᠦ ᠬᠡᠯᠡᠪᠡ᠃ 21 ᠰᠠᠦ᠋ᠯ᠄ 《ᠨᠠᠮᠠᠶᠢ ᠬᠠᠯᠠᠮᠵᠢᠯᠠᠭᠰᠠᠨ ᠲᠠ ᠨᠠᠷ ᠢ ᠶᠣᠬᠣᠸᠠ ᠢᠪᠡᠭᠡᠬᠦ ᠪᠣᠯᠲᠤᠭᠠᠢ᠃ 22 ᠲᠠ ᠨᠠᠷ ᠣᠳᠣ ᠶᠠᠪᠤᠵᠤ ᠳᠠᠬᠢᠨ ᠯᠠᠪᠯᠠᠭᠲᠤᠨ᠂ ᠳ᠋ᠠᠸᠢᠳ᠋ ᠤᠨ ᠣᠴᠢᠳᠠᠭ ᠭᠠᠵᠠᠷ ᠢ ᠦᠵᠡᠭᠡᠳ ᠬᠡᠨ ᠲᠡᠨᠳᠡ ᠲᠡᠭᠦᠨ ᠢ ᠬᠠᠷᠠᠭᠰᠠᠨ ᠢ ᠮᠡᠳᠡᠵᠦ ᠠᠪ᠂ ᠲᠡᠭᠦᠨ ᠢ ᠮᠠᠰᠢ ᠵᠠᠯᠢ ᠲᠠᠢ ᠭᠡᠵᠦ ᠪᠢ ᠰᠣᠨᠣᠰᠣᠭᠰᠠᠨ᠃ 23 ᠲᠡᠢᠮᠦ ᠡᠴᠡ ᠲᠡᠭᠦᠨ ᠦ ᠨᠢᠭᠤᠭᠳᠠᠵᠤ ᠪᠣᠯᠬᠤ ᠪᠦᠬᠦ ᠭᠠᠵᠠᠷ ᠢ ᠮᠡᠳᠡᠵᠦ ᠠᠪᠤᠭᠠᠳ ᠨᠠᠳᠠ ᠳᠤ ᠪᠠᠲᠤᠲᠠᠢ ᠮᠡᠳᠡᠭᠡ ᠠᠪᠴᠤ ᠢᠷ᠎ᠡ᠃ ᠲᠡᠷᠡ ᠦᠶ᠎ᠡ ᠳᠦ ᠪᠢ ᠲᠠ ᠨᠠᠷ ᠲᠠᠢ ᠬᠠᠮᠲᠤ ᠣᠴᠢᠶ᠎ᠠ᠃ ᠬᠡᠷᠪᠡ ᠲᠡᠷᠡ ᠮᠠᠨ ᠤ ᠨᠤᠲᠤᠭ ᠲᠤ ᠪᠠᠢᠭ᠎ᠠ ᠶᠤᠮ ᠪᠣᠯ᠂ ᠪᠢ ᠲᠡᠭᠦᠨ ᠢ ᠮᠢᠩ᠋ᠭ᠎ᠠ ᠲᠦᠮᠡᠨ ᠶᠦᠳᠠᠴᠤᠳ ᠤᠨ ᠳᠣᠲᠣᠷ᠎ᠠ ᠠᠴᠠ ᠴᠤ ᠣᠯᠵᠤ ᠠᠪᠤᠨ᠎ᠠ》 ᠭᠡᠵᠦ ᠬᠡᠯᠡᠪᠡ᠃
24 ᠢᠩᠭᠢᠭᠡᠳ ᠲᠡᠳᠡ ᠮᠣᠷᠳᠠᠵᠤ᠂ ᠰᠠᠦ᠋ᠯ ᠡᠴᠡ ᠤᠷᠢᠲᠠᠨ ᠽᠢᠹ ᠤᠷᠤᠭᠤ ᠶᠠᠪᠤᠯ᠎ᠠ᠃
25 ᠰᠠᠦ᠋ᠯ ᠪᠣᠯᠣᠨ ᠲᠡᠭᠦᠨ ᠦ ᠬᠥᠮᠦᠰ ᠴᠤ ᠳ᠋ᠠᠸᠢᠳ᠋ ᠢ ᠬᠠᠢᠬᠤ ᠪᠠᠷ ᠭᠠᠷᠪᠠ᠃ ᠳ᠋ᠠᠸᠢᠳ᠋ ᠡᠨᠡ ᠲᠤᠬᠠᠢ ᠰᠣᠨᠣᠰᠣᠭᠠᠳ ᠮᠠᠶᠣᠨ ᠤ ᠴᠥᠯ ᠳᠤ ᠪᠠᠢᠭ᠎ᠠ ᠬᠠᠳᠠ ᠤᠷᠤᠭᠤ ᠶᠠᠪᠤᠵᠠᠢ᠃ ᠰᠠᠦ᠋ᠯ ᠡᠭᠦᠨ ᠢ ᠰᠣᠨᠣᠰᠣᠭᠠᠳ ᠮᠠᠶᠣᠨ ᠤ ᠴᠥᠯ ᠳᠤ ᠬᠦᠷᠴᠦ ᠳ᠋ᠠᠸᠢᠳ᠋ ᠢ ᠮᠥᠰᠬᠢᠨ ᠬᠥᠭᠡᠭᠡᠪᠡ᠃ 26 ᠠᠭᠤᠯᠠ ᠶᠢᠨ ᠨᠢᠭᠡ ᠲᠠᠯ᠎ᠠ ᠪᠠᠷ ᠰᠠᠦ᠋ᠯ᠂ ᠨᠥᠭᠥᠭᠡ ᠲᠠᠯ᠎ᠠ ᠪᠠᠷ ᠳ᠋ᠠᠸᠢᠳ᠋ ᠪᠣᠯᠣᠨ ᠲᠡᠭᠦᠨ ᠦ ᠬᠥᠮᠦᠰ ᠶᠠᠪᠤᠵᠤ ᠪᠠᠢᠯ᠎ᠠ᠃ ᠳ᠋ᠠᠸᠢᠳ᠋ ᠶᠠᠭᠠᠷᠠᠤ ᠰᠠᠨᠳᠤᠷᠤᠤ ᠰᠠᠦ᠋ᠯ ᠡᠴᠡ ᠵᠢᠭᠤᠲᠠᠵᠤ ᠪᠠᠢᠬᠤ ᠳᠤ᠂ ᠰᠠᠦ᠋ᠯ ᠪᠣᠯᠣᠨ ᠲᠡᠭᠦᠨ ᠦ ᠬᠥᠮᠦᠰ ᠳ᠋ᠠᠸᠢᠳ᠋ ᠢ ᠬᠥᠮᠦᠰ ᠲᠡᠢ ᠨᠢ ᠬᠠᠮᠲᠤ ᠪᠠᠷᠢᠬᠤ ᠪᠠᠷ ᠪᠦᠰᠡᠯᠡᠵᠦ ᠪᠠᠢᠪᠠ᠃ 27 ᠲᠡᠭᠡᠲᠡᠯ᠎ᠡ ᠨᠢᠭᠡᠨ ᠡᠯᠴᠢ ᠰᠠᠦ᠋ᠯ ᠳᠤ ᠢᠷᠡᠵᠦ᠄ 《ᠬᠤᠷᠳᠤᠨ ᠪᠤᠴᠠᠭᠠᠷᠠᠢ᠃ ᠹᠢᠯᠢᠰᠲ᠋ᠴᠦᠳ ᠳᠣᠪᠲᠣᠯᠵᠤ ᠢᠷᠡᠯ᠎ᠡ》 ᠭᠡᠵᠦ ᠬᠡᠯᠡᠪᠡ᠃ 28 ᠡᠢᠨ ᠬᠦ ᠰᠠᠦ᠋ᠯ ᠳ᠋ᠠᠸᠢᠳ᠋ ᠢ ᠮᠥᠰᠬᠢᠬᠦ ᠪᠡᠨ ᠪᠣᠯᠢᠵᠤ᠂ ᠹᠢᠯᠢᠰᠲ᠋ᠴᠦᠳ ᠢ ᠤᠭᠲᠤᠨ ᠲᠤᠯᠤᠯᠳᠤᠬᠤ ᠪᠠᠷ ᠶᠠᠪᠤᠵᠠᠢ᠃ ᠡᠢᠮᠦ ᠤᠴᠢᠷ ᠠᠴᠠ ᠲᠡᠳᠡ ᠡᠨᠡ ᠭᠠᠵᠠᠷ ᠢ 《ᠰᠠᠯᠭᠠᠭᠴᠢ ᠬᠠᠳᠠ》 ᠭᠡᠵᠦ ᠨᠡᠷᠡᠯᠡᠪᠡ᠃ 29 ᠳ᠋ᠠᠸᠢᠳ᠋ ᠲᠡᠨᠳᠡ ᠡᠴᠡ ᠶᠠᠪᠤᠵᠤ᠂ ᠧᠨ ᠭᠧᠳᠢ 19 ᠶᠢᠨ ᠪᠡᠬᠢᠯᠡᠯᠲᠡ ᠳᠦ ᠰᠠᠭᠤᠪᠠ᠃