1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠶᠢᠰᠦ
 ᠡᠯᠵᠢᠭᠡ ᠪᠡᠨ ᠡᠷᠢᠭᠰᠡᠨ ᠰᠠᠦ᠋ᠯ ᠡᠷᠬᠢᠮ ᠲᠢᠲᠢᠮ ᠣᠯᠪᠠ

1 ᠪᠢᠨᠶᠠᠮᠢᠨᠴᠤᠳ ᠤᠨ ᠳᠣᠲᠣᠷ᠎ᠠ ᠺᠢᠱ ᠭᠡᠳᠡᠭ ᠬᠦᠴᠦ ᠲᠠᠢ᠂ ᠬᠥᠷᠥᠩᠭᠡ ᠲᠠᠢ ᠬᠥᠮᠦᠨ ᠪᠠᠢᠵᠠᠢ᠃ ᠲᠡᠷᠡ ᠪᠣᠯ ᠪᠢᠨᠶᠠᠮᠢᠨ ᠬᠥᠮᠦᠨ ᠠᠹᠢᠶ᠎ᠠ ᠶᠢᠨ ᠭᠤᠴᠢ᠂ ᠪᠧᠺᠣᠷᠠᠲ ᠤᠨ ᠵᠢᠴᠢ᠂ ᠠᠽᠧᠷᠣᠷ ᠤᠨ ᠠᠴᠢ᠂ ᠠᠪᠢᠶᠧᠯ ᠤᠨ ᠬᠥᠪᠡᠭᠦᠨ ᠪᠢᠯᠡ᠃ 2 ᠺᠢᠱ ᠨᠢᠭᠡ ᠬᠦᠦ ᠲᠠᠢ ᠪᠥᠭᠡᠳ ᠲᠡᠭᠦᠨ ᠦ ᠨᠡᠷ᠎ᠡ ᠶᠢ ᠰᠠᠦ᠋ᠯ ᠭᠡᠳᠡᠭ ᠪᠠᠢᠪᠠ᠃ ᠰᠠᠦ᠋ᠯ ᠨᠠᠰᠤ ᠵᠠᠯᠠᠭᠤ᠂ ᠪᠡᠶ᠎ᠡ ᠪᠢᠯᠳᠠᠷ ᠰᠠᠢᠲᠠᠢ ᠪᠥᠭᠡᠳ ᠢᠰᠷᠧᠯ ᠤᠨ ᠬᠥᠪᠡᠭᠦᠳ ᠦᠨ ᠳᠣᠲᠣᠷ᠎ᠠ ᠲᠡᠭᠦᠨ ᠡᠴᠡ ᠢᠯᠡᠭᠦᠦ ᠰᠠᠢᠬᠠᠨ ᠨᠢ ᠦᠭᠡᠢ ᠪᠠᠢᠪᠠ᠃ ᠲᠡᠷᠡ ᠠᠷᠠᠳ ᠣᠯᠠᠨ ᠠᠴᠠ ᠲᠣᠯᠣᠭᠠᠢ ᠢᠯᠡᠭᠦᠦ ᠥᠨᠳᠥᠷ ᠠᠵᠢ᠃

3 ᠨᠢᠭᠡ ᠤᠳᠠᠭ᠎ᠠ ᠰᠠᠦ᠋ᠯ ᠤᠨ ᠡᠴᠢᠭᠡ ᠺᠢᠱ ᠤᠨ ᠬᠡᠳᠦᠨ ᠡᠮ᠎ᠡ ᠡᠯᠵᠢᠭᠡ ᠨᠢ ᠠᠯᠠᠭ᠎ᠠ ᠪᠣᠯᠵᠠᠢ᠃ ᠺᠢᠱ ᠬᠦᠦ ᠰᠠᠦ᠋ᠯ ᠳᠠᠭᠠᠨ᠄ 《ᠵᠠᠷᠤᠴᠠ ᠠᠴᠠ ᠪᠠᠨ ᠨᠢᠭᠡ ᠶᠢ ᠳᠠᠭᠠᠭᠤᠯᠤᠨ ᠡᠮ᠎ᠡ ᠡᠯᠵᠢᠭᠡ ᠨᠦᠭᠦᠳ ᠢᠶᠡᠨ ᠬᠠᠢᠬᠤ ᠪᠠᠷ ᠶᠠᠪᠤ》 ᠭᠡᠰᠡᠨ ᠳᠦ᠂ 4 ᠲᠡᠳᠡ ᠡᠹᠷᠠᠢᠮ ᠤᠨ ᠠᠭᠤᠯᠠᠰ ᠢ ᠳᠠᠪᠠᠵᠤ᠂ ᠱᠠᠯᠢᠱᠠ ᠨᠤᠲᠤᠭ ᠢᠶᠠᠷ ᠳᠠᠭᠠᠷᠢᠭᠰᠠᠨ ᠪᠣᠯᠪᠠᠴᠤ ᠡᠯᠵᠢᠭᠡ ᠨᠦᠭᠦᠳ ᠢᠶᠡᠨ ᠣᠯᠣᠭᠰᠠᠨ ᠦᠭᠡᠢ᠂ ᠱᠠᠯᠢᠮ ᠨᠤᠲᠤᠭ ᠢᠶᠠᠷ ᠶᠠᠪᠤᠭᠰᠠᠨ ᠪᠣᠯᠪᠠᠴᠤ ᠡᠯᠵᠢᠭᠡ ᠨᠦᠭᠦᠳ ᠲᠡᠨᠳᠡ ᠪᠠᠢᠭᠰᠠᠨ ᠦᠭᠡᠢ᠃ ᠲᠡᠷᠡ ᠪᠢᠨᠶᠠᠮᠢᠨ ᠤ ᠨᠤᠲᠤᠭ ᠢᠶᠠᠷ ᠥᠩᠭᠡᠷᠡᠭᠰᠡᠨ ᠴᠤ ᠣᠯᠣᠭᠰᠠᠨ ᠦᠭᠡᠢ᠃

5 ᠲᠡᠳᠡ ᠽᠦᠹ ᠤᠨ ᠨᠤᠲᠤᠭ ᠲᠤ ᠬᠦᠷᠦᠭᠡᠳ ᠰᠠᠦ᠋ᠯ ᠬᠠᠮᠲᠤ ᠶᠠᠪᠤᠭᠰᠠᠨ ᠵᠠᠷᠤᠴᠠ ᠳᠠᠭᠠᠨ᠄ 《ᠵᠠ᠂ ᠪᠤᠴᠠᠶ᠎ᠠ︕ ᠡᠴᠢᠭᠡ ᠮᠠᠨᠢ ᠡᠯᠵᠢᠭᠡ ᠨᠦᠭᠦᠳ ᠲᠡᠭᠡᠨ ᠪᠢᠰᠢ᠂ ᠬᠠᠷᠢᠨ ᠪᠢᠳᠡᠨ ᠳᠦ ᠰᠠᠨᠠᠭ᠎ᠠ ᠵᠣᠪᠠᠬᠤ ᠪᠤᠢ》 ᠭᠡᠪᠡ᠃ 6 ᠵᠠᠷᠤᠴᠠ ᠨᠢ ᠲᠡᠭᠦᠨ ᠳᠦ᠄ 《ᠪᠠᠢᠵᠠ᠂ ᠡᠨᠡ ᠬᠣᠲᠠ ᠳᠤ ᠪᠤᠷᠬᠠᠨ ᠤ ᠬᠥᠮᠦᠨ ᠪᠤᠢ᠂ ᠲᠡᠷᠡ ᠮᠠᠰᠢ ᠬᠦᠨᠳᠦᠲᠡᠢ ᠬᠥᠮᠦᠨ ᠰᠢᠦ᠃ ᠲᠡᠭᠦᠨ ᠦ ᠬᠡᠯᠡᠭᠰᠡᠨ ᠦᠭᠡ ᠪᠦᠷᠢ ᠨᠢ ᠵᠠᠪᠠᠯ ᠪᠡᠶᠡᠯᠡᠭᠳᠡᠳᠡᠭ ᠭᠡᠨ᠎ᠡ᠃ ᠣᠳᠣ ᠲᠡᠰᠢ ᠪᠠᠨ ᠣᠴᠢᠵᠠᠭᠠᠶ᠎ᠠ᠃ ᠪᠢᠳᠡᠨ ᠦ ᠶᠠᠪᠤᠭ᠎ᠠ ᠵᠠᠮ ᠤᠨ ᠲᠤᠬᠠᠢ ᠲᠡᠷᠡ ᠵᠢᠭᠠᠵᠤ ᠥᠭᠴᠦ ᠮᠠᠭᠠᠳ ᠦᠭᠡᠢ ᠶᠤᠮ》 ᠭᠡᠪᠡ᠃ 7 ᠰᠠᠦ᠋ᠯ ᠵᠠᠷᠤᠴᠠ ᠳᠠᠭᠠᠨ᠄ 《ᠪᠢᠳᠡ ᠣᠴᠢᠬᠤ ᠪᠠᠷ ᠪᠣᠳᠣᠬᠤ ᠳᠤ᠂ ᠲᠡᠷᠡ ᠬᠥᠮᠦᠨ ᠳᠦ ᠶᠠᠭᠤ ᠠᠪᠠᠴᠢᠬᠤ ᠪᠢᠯᠡ︖ ᠪᠢᠳᠡᠨ ᠦ ᠪᠣᠭᠴᠣᠨ ᠳᠠᠬᠢ ᠪᠣᠣᠪᠣ ᠴᠤ ᠳᠠᠭᠤᠰᠴᠢᠬᠠᠭᠰᠠᠨ᠃ ᠪᠤᠷᠬᠠᠨ ᠤ ᠬᠥᠮᠦᠨ ᠳᠦ ᠪᠠᠷᠢᠬᠤ ᠪᠡᠯᠡᠭ ᠴᠤ ᠠᠯᠠᠭ᠎ᠠ᠂ ᠶᠠᠭᠤ ᠴᠤ ᠪᠠᠢᠬᠤ ᠦᠭᠡᠢ ᠪᠢᠵᠡ ᠳᠠ︖》 ᠭᠡᠬᠦ ᠳᠦ᠂ 8 ᠵᠠᠷᠤᠴᠠ ᠨᠢ ᠰᠠᠦ᠋ᠯ ᠳᠤ ᠳᠠᠬᠢᠨ᠄ 《ᠬᠥᠶᠶ᠂ ᠨᠠᠳᠠ ᠳᠤ ᠳᠥᠷᠪᠡᠨ ᠦ ᠨᠢᠭᠡ ᠱᠧᠺᠧᠯ ᠤᠨ ᠮᠥᠩᠭᠥ ᠪᠠᠢᠨ᠎ᠠ᠃ ᠪᠢ ᠡᠭᠦᠨ ᠢ ᠪᠤᠷᠬᠠᠨ ᠤ ᠬᠥᠮᠦᠨ ᠳᠦ ᠥᠭᠭᠥᠶ᠎ᠡ᠂ ᠲᠡᠷᠡ ᠶᠠᠪᠤᠬᠤ ᠵᠠᠮ ᠢ ᠮᠢᠨᠢ ᠵᠢᠭᠠᠵᠤ ᠥᠭᠭᠥᠨ᠎ᠡ》 ᠭᠡᠵᠦ ᠬᠠᠷᠢᠭᠤᠯᠪᠠ᠃ 9 (ᠤᠷᠢᠳᠤ ᠢᠰᠷᠧᠯ ᠳᠤ ᠬᠡᠨ ᠨᠢᠭᠡ ᠨᠢ ᠪᠤᠷᠬᠠᠨ ᠠᠴᠠ ᠯᠠᠪᠯᠠᠨ ᠠᠰᠠᠭᠤᠬᠤ ᠪᠠᠷ ᠣᠴᠢᠬᠤ ᠳᠠᠭᠠᠨ 〈ᠪᠣᠱᠣᠭᠴᠢ ᠳᠤ ᠣᠴᠢᠶ᠎ᠠ〉 ᠭᠡᠳᠡᠭ ᠪᠠᠢᠵᠠᠢ᠃ ᠣᠳᠣ ᠶᠢᠨ ᠡᠰᠢ ᠦᠵᠡᠭᠦᠯᠦᠭᠴᠢ ᠶᠢ ᠤᠷᠢᠳᠤ ᠴᠠᠭ ᠲᠤ ᠪᠣᠱᠣᠭᠴᠢ ᠭᠡᠳᠡᠭ ᠪᠠᠢᠪᠠ᠃) 10 ᠰᠠᠦ᠋ᠯ᠄ 《ᠰᠠᠢᠨ ᠪᠠᠢᠨ᠎ᠠ᠃ ᠵᠠ᠂ ᠶᠠᠪᠤᠵᠠᠭᠠᠶ᠎ᠠ》 ᠭᠡᠵᠦ ᠵᠠᠷᠤᠴᠠ ᠳᠠᠭᠠᠨ ᠬᠡᠯᠡᠭᠡᠳ ᠬᠣᠶᠠᠭᠤᠯᠠ ᠪᠤᠷᠬᠠᠨ ᠤ ᠬᠥᠮᠦᠨ ᠪᠠᠢᠭ᠎ᠠ ᠬᠣᠲᠠ ᠤᠷᠤᠭᠤ ᠶᠠᠪᠤᠪᠠ᠃

11 ᠲᠡᠳᠡ ᠬᠣᠲᠠ ᠤᠷᠤᠭᠤ ᠥᠭᠰᠥᠵᠦ ᠪᠠᠢᠬᠤ ᠳᠠᠭᠠᠨ ᠤᠰᠤ ᠲᠠᠲᠠᠬᠤ ᠪᠠᠷ ᠪᠠᠭᠤᠨ ᠢᠷᠡᠵᠦ ᠪᠤᠢ ᠪᠦᠰᠡᠭᠦᠢᠴᠦᠳ ᠲᠡᠢ ᠲᠠᠭᠠᠷᠠᠯᠳᠤᠵᠤ᠄ 《ᠪᠣᠱᠣᠭᠴᠢ ᠡ᠊ᠨᠳᠡ ᠪᠠᠢᠭ᠎ᠠ ᠤᠤ︖》 ᠭᠡᠬᠦ ᠳᠦ᠂ 12 ᠲᠡᠳᠡ ᠬᠠᠷᠢᠭᠤ ᠳᠤᠨᠢ᠄ 《ᠪᠠᠢᠨ᠎ᠠ᠂ ᠲᠡᠷᠡ ᠲᠠᠨ ᠤ ᠡᠮᠦᠨ᠎ᠡ ᠶᠠᠪᠤᠵᠤ ᠪᠠᠢᠭ᠎ᠠ᠃ ᠪᠤᠰᠢᠭᠤ ᠶᠠᠪᠤᠭᠠᠷᠠᠢ᠂ ᠥᠨᠥᠳᠥᠷ ᠠᠷᠠᠳ ᠣᠯᠠᠨ ᠮᠥᠷᠭᠥᠯ ᠦᠨ ᠥᠨᠳᠥᠷᠯᠢᠭ ᠳᠡᠭᠡᠷ᠎ᠡ ᠲᠠᠬᠢᠯ ᠡᠷᠭᠦᠬᠦ ᠪᠣᠯᠬᠣᠷ ᠲᠡᠷᠡ ᠰᠠᠶ᠋ᠢᠬᠠᠨ ᠬᠣᠲᠠ ᠳᠤ ᠣᠷᠣᠭᠰᠠᠨ᠃ 13 ᠲᠠ ᠨᠠᠷ ᠬᠣᠲᠠ ᠳᠤ ᠣᠷᠣᠪᠠᠯ᠂ ᠲᠡᠭᠦᠨ ᠢ ᠮᠥᠷᠭᠥᠯ ᠦᠨ ᠥᠨᠳᠥᠷᠯᠢᠭ ᠥᠭᠡᠳᠡ ᠭᠠᠷᠴᠤ᠂ ᠵᠣᠭᠣᠭ ᠪᠠᠷᠢᠬᠤ ᠠᠴᠠ ᠨᠢ ᠡᠮᠦᠨ᠎ᠡ ᠰᠢᠭᠤᠳ ᠠᠭᠤᠯᠵᠠ᠃ ᠲᠡᠷᠡ ᠢᠷᠡᠬᠦ ᠡᠴᠡ ᠨᠠᠰᠢ ᠬᠥᠮᠦᠰ ᠵᠣᠭᠣᠭ ᠪᠠᠷᠢᠬᠤ ᠦᠭᠡᠢ᠃ ᠲᠡᠷᠡ ᠲᠠᠬᠢᠯ ᠢ ᠢᠷᠥᠭᠡᠭᠰᠡᠨ ᠦ ᠳᠠᠷᠠᠭ᠎ᠠ ᠯᠠ ᠤᠷᠢᠭᠳᠠᠭᠰᠠᠨ ᠣᠯᠠᠨ ᠵᠣᠭᠣᠭ ᠪᠠᠷᠢᠨ᠎ᠠ᠃ ᠲᠠ ᠨᠠᠷ ᠣᠳᠣ ᠣᠴᠢ᠂ ᠲᠡᠭᠦᠨ ᠢ ᠰᠢᠭᠤᠳ ᠣᠯᠵᠤ ᠠᠭᠤᠯᠵᠠ》 ᠭᠡᠪᠡ᠃ 14 ᠲᠡᠢᠨ ᠬᠦ ᠲᠡᠳᠡ ᠬᠣᠲᠠ ᠥᠭᠡᠳᠡ ᠶᠠᠪᠤᠵᠠᠭᠠᠪᠠ᠃ ᠲᠡᠳᠡ ᠬᠣᠲᠠ ᠳᠤ ᠣᠷᠣᠲᠠᠯ᠎ᠠ᠂ ᠰᠠᠮᠦ᠋ᠶᠧᠯ ᠮᠥᠷᠭᠥᠯ ᠦᠨ ᠥᠨᠳᠥᠷᠯᠢᠭ ᠥᠭᠡᠳᠡ ᠭᠠᠷᠬᠤ ᠪᠠᠷ ᠲᠡᠳᠡᠨ ᠦ ᠡᠰᠡᠷᠭᠦ ᠡᠴᠡ ᠢᠷᠡᠵᠦ ᠪᠠᠢᠪᠠ᠃

15 ᠰᠠᠦ᠋ᠯ ᠢᠷᠡᠬᠦ ᠡᠴᠡ ᠨᠢᠭᠡ ᠡᠳᠦᠷ ᠦᠨ ᠡᠮᠦᠨ᠎ᠡ᠂ ᠶᠣᠬᠣᠸᠠ ᠰᠠᠮᠦ᠋ᠶᠧᠯ ᠤᠨ ᠰᠣᠨᠣᠷ ᠢ ᠨᠡᠭᠡᠭᠡᠵᠦ᠄ 16 《ᠮᠠᠷᠭᠠᠰᠢ ᠶᠢᠨ ᠡᠳᠦᠢ ᠳᠦ ᠪᠢ ᠴᠢᠮ᠎ᠠ ᠤᠷᠤᠭᠤ ᠪᠢᠨᠶᠠᠮᠢᠨ ᠤ ᠨᠤᠲᠤᠭ ᠠᠴᠠ ᠨᠢᠭᠡ ᠬᠥᠮᠦᠨ ᠢ ᠶᠠᠪᠤᠭᠤᠯᠤᠨ᠎ᠠ᠃ ᠴᠢ ᠲᠡᠭᠦᠨ ᠢ ᠲᠣᠰᠣᠯᠠᠵᠤ ᠮᠢᠨᠦ ᠠᠷᠠᠳ ᠲᠦᠮᠡᠨ ᠢᠰᠷᠧᠯ ᠤᠨ ᠵᠠᠬᠢᠷᠤᠭᠴᠢ ᠪᠠᠷ ᠲᠣᠮᠢᠯᠠ᠃ ᠲᠡᠷᠡ ᠮᠢᠨᠦ ᠠᠷᠠᠳ ᠲᠦᠮᠡᠨ ᠢ ᠹᠢᠯᠢᠰᠲ᠋ᠴᠦᠳ ᠦᠨ ᠭᠠᠷ ᠠᠴᠠ ᠠᠪᠤᠷᠠᠬᠤ ᠪᠣᠯᠣᠨ᠎ᠠ᠃ ᠪᠢ ᠠᠷᠠᠳ ᠲᠦᠮᠡᠨ ᠦ ᠪᠠᠨ ᠪᠠᠢᠳᠠᠯ ᠢ ᠬᠠᠷᠠᠯ᠎ᠠ᠂ ᠲᠡᠳᠡᠨ ᠦ ᠬᠠᠰᠬᠢᠷᠬᠤ ᠳᠠᠭᠤ ᠨᠠᠳᠠ ᠳᠤ ᠢᠷᠡᠭᠰᠡᠨ》 ᠭᠡᠵᠡᠢ᠃ 17 ᠰᠠᠮᠦ᠋ᠶᠧᠯ ᠰᠠᠦ᠋ᠯ ᠢ ᠬᠠᠷᠠᠬᠤ ᠦᠶ᠎ᠡ ᠳᠦ ᠶᠣᠬᠣᠸᠠ ᠲᠡᠭᠦᠨ ᠳᠦ᠄ 《ᠬᠠᠷᠠᠭᠲᠤᠨ᠂ ᠮᠢᠨᠦ ᠴᠢᠮ᠎ᠠ ᠳᠤ ᠬᠡᠯᠡᠭᠰᠡᠨ ᠬᠥᠮᠦᠨ ᠡᠨᠡ ᠪᠠᠢᠨ᠎ᠠ᠃ ᠡᠨᠡ ᠬᠥᠮᠦᠨ ᠮᠢᠨᠦ ᠠᠷᠠᠳ ᠲᠦᠮᠡᠨ ᠢ ᠠᠳᠬᠤᠨ ᠵᠠᠬᠢᠷᠤᠨ᠎ᠠ》 ᠭᠡᠵᠦ ᠮᠡᠳᠡᠭᠳᠡᠪᠡ᠃ 18 ᠰᠠᠦ᠋ᠯ ᠬᠠᠭᠠᠯᠭᠠᠨ ᠤ ᠳᠣᠲᠣᠭᠣᠳᠤ ᠲᠠᠯ᠎ᠠ ᠳᠤ ᠰᠠᠮᠦ᠋ᠶᠧᠯ ᠤᠷᠤᠭᠤ ᠣᠢᠷᠠᠲᠤᠵᠤ ᠢᠷᠡᠭᠡᠳ᠄ 《ᠪᠣᠱᠣᠭᠴᠢ ᠶᠢᠨ ᠭᠡᠷ ᠬᠠᠮᠢᠭ᠎ᠠ ᠪᠠᠢᠨ᠎ᠠ︖ ᠨᠠᠳᠠ ᠳᠤ ᠵᠢᠭᠠᠵᠤ ᠥᠭᠭᠥᠨ᠎ᠡ ᠤᠤ︖》 ᠭᠡᠪᠡ᠃ 19 ᠰᠠᠮᠦ᠋ᠶᠧᠯ ᠰᠠᠦ᠋ᠯ ᠳᠤ ᠬᠠᠷᠢᠭᠤᠯᠤᠨ᠄ 《ᠪᠢ ᠪᠣᠱᠣᠭᠴᠢ ᠪᠠᠢᠨ᠎ᠠ᠂ ᠴᠢ ᠮᠥᠷᠭᠥᠯ ᠦᠨ ᠥᠨᠳᠥᠷᠯᠢᠭ ᠥᠭᠡᠳᠡ ᠮᠢᠨᠦ ᠲᠦᠷᠦᠭᠦᠨ ᠳᠦ ᠶᠠᠪᠤᠭᠠᠷᠠᠢ᠃ ᠲᠠ ᠨᠠᠷ ᠥᠨᠥᠳᠥᠷ ᠨᠠᠳᠠ ᠲᠠᠢ ᠬᠠᠮᠲᠤ ᠬᠣᠭᠣᠯᠠ ᠢᠳᠡᠬᠦ ᠪᠣᠯᠣᠨ᠎ᠠ᠃ ᠮᠠᠷᠭᠠᠰᠢ ᠥᠷᠯᠥᠭᠡ ᠪᠢ ᠴᠢᠮᠠᠶᠢ ᠶᠠᠪᠤᠭᠤᠯᠬᠤ ᠳᠠᠭᠠᠨ ᠰᠡᠳᠬᠢᠯ ᠳᠤ ᠴᠢᠨᠢ ᠪᠠᠢᠭ᠎ᠠ ᠪᠦᠭᠦᠳᠡ ᠶᠢ ᠴᠢᠮ᠎ᠠ ᠳᠤ ᠬᠡᠯᠡᠶ᠎ᠡ᠃ 20 ᠭᠤᠷᠪᠠᠨ ᠬᠣᠨᠣᠭ ᠤᠨ ᠡᠮᠦᠨ᠎ᠡ ᠠᠯᠠᠭ᠎ᠠ ᠪᠣᠯᠣᠭᠰᠠᠨ ᠬᠡᠳᠦᠨ ᠡᠮ᠎ᠡ ᠡᠯᠵᠢᠭᠡ ᠶᠢᠨ ᠢᠶᠠᠨ ᠲᠥᠯᠥᠭᠡ ᠰᠠᠨᠠᠭ᠎ᠠ ᠪᠣᠯᠬᠤ ᠬᠡᠷᠡᠭ ᠦᠭᠡᠢ᠂ ᠣᠯᠳᠠᠭᠰᠠᠨ᠃ ᠬᠠᠷᠢᠨ ᠢᠰᠷᠧᠯ ᠪᠦᠬᠦ ᠭᠣᠷᠢᠳᠠᠯᠭ᠎ᠠ ᠪᠠᠨ ᠬᠡᠨ ᠳᠦ ᠲᠠᠯᠪᠢᠬᠤ ᠪᠢᠯᠡ︖ ᠴᠢᠮ᠎ᠠ ᠳᠤ ᠪᠣᠯᠣᠨ ᠡᠴᠢᠭᠡ ᠶᠢᠨ ᠴᠢᠨᠢ ᠪᠦᠬᠦ ᠭᠡᠷ ᠲᠦ ᠲᠠᠯᠪᠢᠭ᠎ᠠ ᠪᠢᠰᠢ ᠤᠤ︖》 ᠭᠡᠵᠦ ᠬᠡᠯᠡᠪᠡ᠃ 21 ᠰᠠᠦ᠋ᠯ ᠬᠠᠷᠢᠭᠤ ᠳᠤᠨᠢ᠄ 《ᠪᠢ ᠢᠰᠷᠧᠯ ᠤᠨ ᠬᠠᠮᠤᠭ ᠤᠨ ᠵᠢᠵᠢᠭ ᠣᠪᠣᠭ ᠪᠢᠨᠶᠠᠮᠢᠨ ᠤ ᠬᠥᠮᠦᠨ᠂ ᠮᠢᠨᠦ ᠠᠢᠮᠠᠭ ᠴᠤ ᠪᠢᠨᠶᠠᠮᠢᠨ ᠣᠪᠣᠭ ᠤᠨ ᠪᠦᠬᠦ ᠠᠢᠮᠠᠭ ᠤᠨ ᠳᠣᠲᠣᠷ᠎ᠠ ᠠᠴᠠ ᠳᠣᠷᠣᠢ ᠨᠢ ᠪᠢᠰᠢ ᠤᠤ︖ ᠲᠠ ᠶᠠᠭᠠᠬᠢᠭᠠᠳ ᠨᠠᠳᠠ ᠳᠤ ᠡᠢᠮᠦ ᠦᠭᠡ ᠶᠠᠷᠢᠨ᠎ᠠ ᠪᠤᠢ︖》 ᠭᠡᠪᠡ᠃

22 ᠰᠠᠮᠦ᠋ᠶᠧᠯ ᠰᠠᠦ᠋ᠯ ᠢ ᠵᠠᠷᠤᠴᠠ ᠲᠠᠢ ᠨᠢ ᠬᠠᠮᠲᠤ ᠳᠠᠭᠠᠭᠤᠯᠤᠨ ᠲᠠᠩᠬᠢᠮ ᠳᠤ ᠣᠷᠣᠵᠤ᠂ ᠤᠷᠢᠭᠳᠠᠭᠰᠠᠨ ᠣᠯᠠᠨ ᠤ ᠲᠡᠷᠢᠭᠦᠨ ᠰᠠᠭᠤᠳᠠᠯ ᠳᠤ ᠰᠠᠭᠤᠯᠭᠠᠪᠠ᠃ ᠲᠡᠨᠳᠡ ᠤᠷᠢᠭᠳᠠᠭᠰᠠᠨ ᠭᠤᠴᠢ ᠣᠷᠴᠢᠮ ᠬᠥᠮᠦᠨ ᠪᠠᠢᠵᠠᠢ᠃ 23 ᠰᠠᠮᠦ᠋ᠶᠧᠯ ᠲᠣᠭᠣᠭᠠᠴᠢ ᠳᠤ᠄ 《ᠴᠢᠮ᠎ᠠ ᠳᠤ 〈ᠴᠠᠰᠢ ᠲᠠᠯᠪᠢ〉 ᠭᠡᠳ ᠥᠭᠭᠥᠭᠰᠡᠨ ᠬᠤᠪᠢ ᠶᠢᠨ ᠮᠢᠬ᠎ᠠ ᠶᠢ ᠠᠪᠴᠢᠷᠠ》 ᠭᠡᠬᠦ ᠳᠦ᠂ 24 ᠲᠣᠭᠣᠭᠠᠴᠢ ᠨᠢ ᠪᠦᠲᠦᠨ ᠭᠤᠶ᠎ᠠ ᠶᠢᠨ ᠮᠢᠬ᠎ᠠ ᠶᠢ ᠠᠪᠴᠢᠷᠠᠵᠤ᠂ ᠰᠠᠦ᠋ᠯ ᠤᠨ ᠡᠮᠦᠨ᠎ᠡ ᠲᠠᠯᠪᠢᠪᠠ᠃ ᠰᠠᠮᠦ᠋ᠶᠧᠯ᠄ 《ᠴᠢᠮ᠎ᠠ ᠳᠤ ᠦᠯᠡᠳᠡᠭᠡᠭᠰᠡᠨ ᠵᠦᠢᠯ ᠡᠨᠡ ᠪᠠᠢᠨ᠎ᠠ᠂ ᠡᠮᠦᠨ᠎ᠡ ᠪᠡᠨ ᠲᠠᠯᠪᠢᠵᠤ᠂ ᠡᠭᠦᠨ ᠢ ᠵᠣᠭᠣᠭᠯᠠᠭᠲᠤᠨ᠃ ᠪᠢ ᠵᠣᠴᠢᠳ ᠤᠷᠢᠭᠰᠠᠨ ᠭᠡᠵᠦ ᠬᠡᠯᠡᠭᠰᠡᠨ ᠴᠠᠭ ᠠᠴᠠ ᠥᠨᠥ ᠬᠦᠷᠲᠡᠯ᠎ᠡ ᠴᠢᠮ᠎ᠠ ᠳᠤ ᠵᠣᠷᠢᠭᠤᠯᠤᠨ ᠡᠭᠦᠨ ᠢ ᠬᠠᠳᠠᠭᠠᠯᠠᠭᠰᠠᠨ ᠶᠤᠮ》 ᠭᠡᠪᠡ᠃ ᠡᠢᠨ ᠬᠦ ᠲᠡᠷᠡ ᠡᠳᠦᠷ ᠰᠠᠦ᠋ᠯ ᠰᠠᠮᠦ᠋ᠶᠧᠯ ᠲᠠᠢ ᠬᠠᠮᠲᠤ ᠬᠣᠭᠣᠯᠠᠯᠠᠪᠠ᠃ 25 ᠲᠡᠳᠡ ᠮᠥᠷᠭᠥᠯ ᠦᠨ ᠥᠨᠳᠥᠷᠯᠢᠭ ᠡᠴᠡ ᠬᠣᠲᠠ ᠳᠤ ᠣᠷᠣᠪᠠ᠂ ᠰᠠᠮᠦ᠋ᠶᠧᠯ ᠰᠠᠦ᠋ᠯ ᠲᠠᠢ ᠳᠡᠭᠡᠪᠦᠷ ᠳᠡᠭᠡᠷ᠎ᠡ ᠶᠠᠷᠢᠯᠴᠠᠵᠤ ᠪᠠᠢᠯ᠎ᠠ᠃ 26 ᠲᠡᠳᠡ ᠡᠷᠲᠡ ᠪᠣᠰᠣᠯ᠎ᠠ᠃ ᠦᠷ ᠴᠠᠢᠬᠤ ᠳᠤ ᠳᠡᠭᠡᠪᠦᠷ ᠳᠡᠭᠡᠷ᠎ᠡ ᠰᠠᠮᠦ᠋ᠶᠧᠯ ᠰᠠᠦ᠋ᠯ ᠢ ᠳᠠᠭᠤᠳᠠᠨ᠄ 《ᠪᠣᠰᠣᠭᠲᠤᠨ᠂ ᠪᠢ ᠴᠢᠮᠠᠶᠢ ᠦᠳᠡᠶ᠎ᠡ》 ᠭᠡᠬᠦ ᠳᠦ᠂ ᠰᠠᠦ᠋ᠯ ᠪᠣᠰᠪᠠ᠃ ᠰᠠᠮᠦ᠋ᠶᠧᠯ ᠲᠡᠭᠦᠨ ᠲᠡᠢ ᠬᠠᠮᠲᠤ ᠭᠠᠳᠠᠭᠰᠢ ᠪᠠᠨ ᠭᠠᠷᠤᠯ᠎ᠠ᠃ 27 ᠲᠡᠳᠡ ᠬᠣᠲᠠ ᠶᠢᠨ ᠵᠠᠬ᠎ᠠ ᠳᠤ ᠬᠦᠷᠦᠭᠡᠳ ᠰᠠᠮᠦ᠋ᠶᠧᠯ ᠰᠠᠦ᠋ᠯ ᠳᠤ᠄ 《ᠵᠠᠷᠤᠴᠠ ᠳᠠᠭᠠᠨ ᠪᠢᠳᠡᠨ ᠡᠴᠡ ᠲᠦᠷᠦᠭᠦᠨ ᠳᠦ ᠶᠠᠪᠤᠬᠤ ᠶᠢ ᠵᠠᠬᠢᠭᠠᠷᠠᠢ》 ᠭᠡᠰᠡᠨ ᠪᠠ ᠵᠠᠷᠤᠴᠠ ᠨᠢ ᠲᠥᠷᠥᠭᠦᠯᠦᠨ ᠶᠠᠪᠤᠭᠰᠠᠨ ᠳᠤ᠄ 《ᠬᠠᠷᠢᠨ ᠴᠢ ᠲᠦᠷ ᠪᠠᠢᠵᠤ ᠪᠠᠢ᠃ ᠪᠢ ᠴᠢᠮ᠎ᠠ ᠳᠤ ᠪᠤᠷᠬᠠᠨ ᠤ ᠦᠭᠡ ᠶᠢ ᠰᠣᠨᠣᠰᠬᠠᠶ᠎ᠠ》 ᠭᠡᠵᠦ ᠬᠡᠯᠡᠪᠡ᠃