1 2 3 4 5 6 7 8 9 10 11 12 13 14 15 16 17 18 19 20 21 22 23 24 25 26 27 28 29 30 31


ᠨᠢᠭᠡᠳᠦᠭᠡᠷ ᠰᠠᠮᠦ᠋ᠶᠧᠯ ᠬᠣᠷᠢᠨ ᠳᠥᠷᠪᠡ
 ᠳ᠋ᠠᠸᠢᠳ᠋ ᠰᠠᠦ᠋ᠯ ᠢ ᠬᠡᠯᠲᠦᠷᠢᠭᠦᠯᠪᠡ

1 ᠰᠠᠦ᠋ᠯ ᠹᠢᠯᠢᠰᠲ᠋ᠴᠦᠳ ᠢ ᠮᠥᠰᠬᠢᠨ ᠬᠥᠭᠡᠭᠡᠭᠡᠳ ᠪᠤᠴᠠᠨ ᠢᠷᠡᠬᠦ ᠳᠦ᠂ ᠬᠥᠮᠦᠰ ᠲᠡᠭᠦᠨ ᠳᠦ᠄ 《ᠬᠠᠷᠠ᠂ ᠳ᠋ᠠᠸᠢᠳ᠋ ᠧᠨ ᠭᠧᠳᠢ ᠶᠢᠨ ᠴᠥᠯ ᠳᠤ ᠪᠠᠢᠨ᠎ᠠ ᠰᠢᠦ︕》 ᠭᠡᠵᠦ ᠮᠡᠳᠡᠭᠳᠡᠪᠡ᠃ 2 ᠰᠠᠦ᠋ᠯ ᠪᠦᠬᠦ ᠢᠰᠷᠧᠯ ᠡᠴᠡ ᠭᠤᠷᠪᠠᠨ ᠮᠢᠩ᠋ᠭᠠᠨ ᠴᠡᠷᠢᠭ ᠰᠢᠯᠢᠨ ᠠᠪᠴᠤ᠂ ᠳ᠋ᠠᠸᠢᠳ᠋ ᠪᠣᠯᠣᠨ ᠲᠡᠭᠦᠨ ᠦ ᠬᠥᠮᠦᠰ ᠢ ᠡᠷᠢᠬᠦ ᠪᠡᠷ ᠶᠠᠩᠭᠢᠷ ᠤᠨ ᠬᠠᠳᠠᠨ ᠬᠠᠪᠴᠢᠯ ᠤᠨ ᠤᠷᠳᠤᠭᠤᠷ ᠶᠠᠪᠤᠪᠠ᠃ 3 ᠲᠡᠷᠡ ᠵᠠᠮ ᠳᠠᠭᠠᠨ ᠬᠣᠨᠢᠨ ᠤ ᠬᠠᠰᠢᠶ᠎ᠠ ᠣᠯᠠᠨ ᠲᠠᠢ ᠭᠠᠵᠠᠷ ᠲᠤ ᠢᠷᠡᠭᠰᠡᠨ ᠪᠥᠭᠡᠳ ᠲᠡᠨᠳᠡ ᠨᠢᠭᠡᠨ ᠠᠭᠤᠢ ᠪᠠᠢᠵᠠᠢ᠃ ᠰᠠᠦ᠋ᠯ ᠪᠡᠶ᠎ᠡ ᠵᠠᠰᠠᠬᠤ ᠪᠠᠷ ᠲᠡᠰᠢ ᠣᠷᠣᠬᠤ ᠳᠤ᠂ ᠳ᠋ᠠᠸᠢᠳ᠋ ᠪᠣᠯᠣᠨ ᠲᠡᠭᠦᠨ ᠦ ᠬᠥᠮᠦᠰ ᠲᠡᠷᠡ ᠠᠭᠤᠢ ᠶᠢᠨ ᠮᠤᠬᠤᠷ ᠲᠤ ᠰᠠᠭᠤᠵᠠᠭᠠᠵᠤ ᠪᠠᠢᠪᠠ᠃ 4 ᠬᠥᠮᠦᠰ ᠨᠢ ᠳ᠋ᠠᠸᠢᠳ᠋ ᠲᠤ᠄ 《ᠲᠠᠨ ᠳᠤ ᠶᠣᠬᠣᠸᠠ ᠶᠢᠨ ᠬᠡᠯᠡᠭᠰᠡᠨ ᠲᠡᠷᠡ ᠡᠳᠦᠷ ᠢᠷᠡᠭᠰᠡᠨ ᠪᠠᠢᠨ᠎ᠠ ᠰᠢᠦ︕ 〈ᠬᠠᠷᠠᠭᠲᠤᠨ᠂ ᠳᠠᠢᠰᠤᠨ ᠢ ᠴᠢᠨᠢ ᠪᠢ ᠥᠪᠡᠷ ᠢᠶᠡᠨ ᠴᠢᠨᠦ ᠭᠠᠷ ᠲᠤ ᠲᠤᠰᠢᠶᠠᠶ᠎ᠠ᠂ ᠲᠡᠭᠦᠨ ᠳᠦ ᠴᠢ ᠳᠤᠷᠠᠲᠠᠢ ᠪᠠᠨ ᠦᠢᠯᠡᠳᠬᠦ ᠪᠣᠯᠣᠨ᠎ᠠ︕〉 ᠭᠡᠵᠦ ᠲᠡᠷᠡ ᠠᠢᠯᠠᠳᠤᠭᠰᠠᠨ ᠪᠢᠰᠢ ᠤᠤ︖》 ᠭᠡᠰᠡᠨ ᠳᠦ᠂ ᠳ᠋ᠠᠸᠢᠳ᠋ ᠪᠣᠰᠴᠤ ᠰᠠᠦ᠋ᠯ ᠤᠨ ᠳᠡᠪᠡᠯ ᠦᠨ ᠬᠣᠷᠮᠣᠢ ᠶᠢ ᠰᠡᠮᠬᠡᠨ ᠣᠭᠲᠣᠯᠵᠤ ᠠᠪᠤᠪᠠ᠃ 5 ᠲᠡᠭᠡᠭᠰᠡᠨ ᠢᠶᠡᠨ ᠳ᠋ᠠᠸᠢᠳ᠋ ᠰᠠᠦ᠋ᠯ ᠤᠨ ᠳᠡᠪᠡᠯ ᠦᠨ ᠬᠣᠷᠮᠣᠢ ᠠᠴᠠ ᠣᠭᠲᠣᠯᠵᠤ ᠠᠪᠤᠭᠰᠠᠨ ᠳᠠᠭᠠᠨ ᠰᠡᠳᠬᠢᠯ ᠵᠣᠪᠠᠨᠢᠪᠠ᠃ 6 ᠲᠡᠷᠡ ᠬᠥᠮᠦᠰ ᠲᠡᠭᠡᠨ᠄ 《ᠶᠣᠬᠣᠸᠠ ᠳᠤ ᠲᠣᠰᠣᠯᠠᠭᠳᠠᠭᠰᠠᠨ ᠬᠠᠭᠠᠨ ᠢᠶᠠᠨ ᠪᠢ ᠭᠠᠷ ᠳᠠᠯᠠᠢᠨ ᠴᠣᠬᠢᠬᠤ ᠭᠡᠵᠢ᠂ ᠲᠡᠢᠮᠦ ᠬᠡᠷᠡᠭ ᠨᠠᠳᠠ ᠠᠴᠠ ᠬᠣᠯᠠ ᠪᠠᠢᠭ᠃ ᠲᠡᠷᠡ ᠴᠢᠨᠢ ᠶᠣᠬᠣᠸᠠ ᠳᠤ ᠲᠣᠰᠣᠯᠠᠭᠳᠠᠭᠰᠠᠨ ᠬᠥᠮᠦᠨ ᠶᠤᠮ》 ᠭᠡᠪᠡ᠃ 7 ᠳ᠋ᠠᠸᠢᠳ᠋ ᠢᠩᠭᠢᠵᠦ ᠬᠡᠯᠡᠭᠡᠳ ᠬᠥᠮᠦᠰ ᠢᠶᠡᠨ ᠢᠳᠬᠠᠨ᠂ ᠰᠠᠦ᠋ᠯ ᠤᠷᠤᠭᠤ ᠳᠠᠭᠠᠷᠢᠬᠤ ᠶᠢ ᠨᠢ ᠵᠥᠪᠰᠢᠶᠡᠷᠡᠬᠦ ᠦᠭᠡᠢ ᠪᠠᠢᠲᠠᠯ᠎ᠠ ᠰᠠᠦ᠋ᠯ ᠴᠤ ᠪᠣᠰᠴᠤ᠂ ᠠᠭᠤᠢ ᠠᠴᠠ ᠭᠠᠷᠤᠨ᠂ ᠵᠠᠮ ᠳᠠᠭᠠᠨ ᠣᠷᠣᠪᠠ᠃

8 ᠳ᠋ᠠᠸᠢᠳ᠋ ᠴᠤ ᠪᠣᠰᠣᠭᠠᠳ ᠠᠭᠤᠢ ᠠᠴᠠ ᠭᠠᠷᠴᠤ᠂ ᠰᠠᠦ᠋ᠯ ᠤᠨ ᠠᠷᠤ ᠠᠴᠠ ᠳᠠᠭᠤᠳᠠᠨ᠄ 《ᠡᠵᠡᠨ ᠬᠠᠭᠠᠨᠲᠠᠨ ᠮᠢᠨᠢ︕》 ᠭᠡᠪᠡ᠃ ᠰᠠᠦ᠋ᠯ ᠡᠷᠭᠢᠨ ᠬᠠᠷᠠᠬᠤ ᠳᠤ᠂ ᠳ᠋ᠠᠸᠢᠳ᠋ ᠰᠥᠭᠥᠳᠴᠦ ᠨᠢᠭᠤᠷ ᠢᠶᠠᠨ ᠭᠠᠵᠠᠷ ᠲᠤ ᠬᠦᠷᠭᠡᠨ ᠮᠥᠷᠭᠥᠪᠡ᠃ 9 ᠳ᠋ᠠᠸᠢᠳ᠋ ᠰᠠᠦ᠋ᠯ ᠳᠤ᠄ 《ᠲᠠ ᠶᠠᠭᠤᠨ ᠳᠤ᠄ 〈ᠳ᠋ᠠᠸᠢᠳ᠋ ᠬᠠᠭᠠᠨ ᠢ ᠬᠣᠣᠷᠯᠠᠬᠤ ᠭᠡᠵᠦ ᠪᠠᠢᠨ᠎ᠠ︕〉 ᠬᠡᠮᠡᠨ ᠬᠡᠯᠡᠳᠡᠭ ᠬᠥᠮᠦᠨ ᠦ ᠦᠭᠡ ᠶᠢ ᠰᠣᠨᠣᠰᠣᠨ᠎ᠠ ᠪᠤᠢ︖ 10 ᠦᠨᠡᠨ ᠳᠡᠭᠡᠨ ᠥᠨᠥᠳᠥᠷ ᠡᠨᠡ ᠠᠭᠤᠢ ᠳᠤ ᠶᠣᠬᠣᠸᠠ ᠲᠠᠨ ᠢ ᠮᠢᠨᠦ ᠭᠠᠷ ᠲᠤ ᠲᠤᠰᠢᠶᠠᠭᠰᠠᠨ ᠰᠢᠦ︕ ᠲᠠ ᠡᠭᠦᠨ ᠢ ᠨᠢᠳᠦ ᠪᠡᠷ ᠢᠶᠠᠨ ᠬᠠᠷᠠᠯ᠎ᠠ᠃ ᠲᠠᠨ ᠢ ᠠᠯᠠᠶ᠎ᠠ ᠭᠡᠰᠡᠨ ᠬᠥᠮᠦᠨ ᠴᠤ ᠪᠠᠢᠭᠰᠠᠨ᠂ ᠬᠠᠷᠢᠨ ᠪᠢ ᠲᠠᠨ ᠢ ᠥᠮᠥᠭᠯᠡᠵᠦ᠄ 〈ᠪᠢ ᠶᠣᠬᠣᠸᠠ ᠳᠤ ᠲᠣᠰᠣᠯᠠᠭᠳᠠᠭᠰᠠᠨ ᠬᠠᠭᠠᠨ ᠤ ᠪᠠᠨ ᠥᠭᠡᠳᠡ ᠭᠠᠷ ᠳᠠᠯᠠᠢᠬᠤ ᠦᠭᠡᠢ〉 ᠭᠡᠰᠡᠨ᠃ 11 ᠡᠴᠢᠭᠡ ᠮᠢᠨᠢ᠂ ᠮᠢᠨᠦ ᠭᠠᠷ ᠲᠤ ᠪᠠᠢᠭ᠎ᠠ ᠳᠡᠪᠡᠯ ᠦᠨ ᠢᠶᠠᠨ ᠬᠣᠷᠮᠣᠢ ᠶᠢ ᠬᠠᠷᠠᠭᠠᠴᠢ︕ ᠪᠢ ᠲᠠᠨ ᠢ ᠬᠣᠷᠣᠭᠠᠭᠰᠠᠨ ᠦᠭᠡᠢ᠂ ᠬᠠᠷᠢᠨ ᠬᠣᠷᠮᠣᠢ ᠶᠢ ᠴᠢᠨᠢ ᠯᠠ ᠣᠭᠲᠣᠯᠵᠤ ᠠᠪᠤᠭᠰᠠᠨ ᠶᠤᠮ᠃ ᠮᠢᠨᠦ ᠭᠠᠷ ᠲᠤ ᠬᠣᠷᠣᠰᠣᠯ ᠴᠤ᠂ ᠤᠷᠪᠠᠯᠲᠠ ᠴᠤ ᠪᠠᠢᠬᠤ ᠦᠭᠡᠢ ᠶᠢ ᠲᠠ ᠮᠡᠳᠡᠭᠡᠷᠡᠢ᠃ ᠪᠢ ᠲᠠᠨ ᠳᠤ ᠬᠣᠷᠣᠨ ᠮᠠᠭᠤ ᠶᠢ ᠦᠢᠯᠡᠳᠦᠭᠡ ᠦᠭᠡᠢ ᠰᠢᠦ᠂ ᠬᠠᠷᠢᠨ ᠲᠠ ᠠᠮᠢ ᠶᠢ ᠮᠢᠨᠢ ᠠᠪᠬᠤ ᠪᠠᠷ ᠤᠷᠠᠬ᠎ᠠ ᠲᠠᠯᠪᠢᠨ ᠬᠦᠯᠢᠶᠡᠵᠦ ᠪᠠᠢᠳᠠᠭ᠃ 12 ᠶᠣᠬᠣᠸᠠ ᠲᠠ ᠪᠢᠳᠡ ᠬᠣᠶᠠᠷ ᠢ ᠰᠢᠭᠦᠵᠦ᠂ ᠶᠣᠬᠣᠸᠠ ᠲᠠᠨ ᠠᠴᠠ ᠥᠰᠢᠶ᠎ᠡ ᠶᠢ ᠮᠢᠨᠢ ᠠᠪᠬᠤ ᠪᠣᠯᠲᠤᠭᠠᠢ᠂ ᠬᠠᠷᠢᠨ ᠪᠢ ᠲᠠᠨ ᠳᠤ ᠭᠠᠷ ᠬᠦᠷᠬᠦ ᠦᠭᠡᠢ᠃ 13 ᠡᠷᠲᠡᠨ ᠦ ᠰᠡᠴᠡᠨ ᠦᠭᠡᠨ ᠳᠦ᠄ 〈ᠮᠠᠭᠤ ᠠᠴᠠ ᠮᠠᠭᠤ〉 ᠭᠡᠳᠡᠭ᠃ ᠪᠢ ᠲᠠᠨ ᠳᠤ ᠭᠠᠷ ᠬᠦᠷᠬᠦ ᠦᠭᠡᠢ᠃ 14 ᠢᠰᠷᠧᠯ ᠤᠨ ᠬᠠᠭᠠᠨ ᠬᠡᠨ ᠦ ᠠᠷᠤ ᠠᠴᠠ ᠢᠷᠡᠵᠦ ᠪᠠᠢᠨ᠎ᠠ ᠪᠤᠢ︖ ᠲᠠ ᠬᠡᠨ ᠢ ᠬᠥᠭᠡᠭᠡᠨ ᠮᠥᠰᠬᠢᠵᠦ ᠪᠠᠢᠨ᠎ᠠ ᠪᠤᠢ︖ ᠦᠬᠦᠭᠰᠡᠨ ᠨᠣᠬᠠᠢ ᠶᠢᠨ ᠬᠣᠢᠨ᠎ᠠ ᠠᠴᠠ᠂ ᠥᠨᠥᠴᠢᠨ ᠪᠥᠭᠡᠰᠦᠨ ᠦ ᠠᠷᠤ ᠠᠴᠠ ᠪᠢᠰᠢ ᠤᠤ︖ 15 ᠶᠣᠬᠣᠸᠠ ᠰᠢᠭᠦᠭᠴᠢ ᠪᠣᠯᠵᠤ᠂ ᠲᠠ ᠪᠢᠳᠡ ᠬᠣᠶᠠᠷ ᠤᠨ ᠬᠣᠭᠣᠷᠣᠨᠳᠣᠬᠢ ᠶᠢ ᠰᠢᠭᠦᠬᠦ ᠪᠣᠯᠲᠤᠭᠠᠢ᠃ ᠲᠡᠷᠡ ᠮᠢᠨᠦ ᠪᠠᠢᠳᠠᠯ ᠢ ᠬᠠᠷᠠᠭᠠᠳ ᠥᠮᠥᠭᠯᠡᠵᠦ᠂ ᠲᠠᠨ ᠤ ᠭᠠᠷ ᠠᠴᠠ ᠨᠠᠮᠠᠶᠢ ᠥᠷᠥᠰᠢᠶᠡᠨ ᠠᠪᠤᠷᠠᠵᠤ ᠭᠠᠷᠭᠠᠬᠤ ᠪᠠᠷ ᠰᠢᠢᠳᠬᠦ ᠪᠣᠯᠲᠤᠭᠠᠢ》 ᠭᠡᠵᠦ ᠬᠡᠯᠡᠪᠡ᠃

16 ᠳ᠋ᠠᠸᠢᠳ᠋ ᠡᠳᠡᠭᠡᠷ ᠢ ᠰᠠᠦ᠋ᠯ ᠳᠤ ᠬᠡᠯᠡᠵᠦ ᠳᠠᠭᠤᠰᠬᠤ ᠳᠤ᠂ ᠰᠠᠦ᠋ᠯ᠄ 《ᠮᠢᠨᠦ ᠬᠦᠦ ᠳ᠋ᠠᠸᠢᠳ᠋᠂ ᠡᠨᠡ ᠴᠢᠨᠦ ᠳᠠᠭᠤ ᠮᠥᠨ ᠤᠤ︖》 ᠭᠡᠳ ᠴᠢᠩᠭ᠍᠎ᠠ ᠪᠠᠷ ᠤᠬᠢᠯᠠᠪᠠ᠃ 17 ᠲᠡᠷᠡ ᠳ᠋ᠠᠸᠢᠳ᠋ ᠲᠤ᠄ 《ᠪᠢ ᠴᠢᠮ᠎ᠠ ᠳᠤ ᠮᠠᠭᠤ ᠪᠠᠷ ᠬᠠᠨᠳᠤᠬᠤ ᠳᠤ᠂ ᠴᠢ ᠨᠠᠳᠠ ᠳᠤ ᠰᠠᠢᠨ ᠢᠶᠠᠷ ᠬᠠᠨᠳᠤᠳᠠᠭ ᠪᠣᠯᠬᠣᠷ ᠴᠢ ᠨᠠᠳᠠ ᠠᠴᠠ ᠢᠯᠡᠭᠦᠦ ᠵᠥᠪᠲᠦ ᠪᠠᠢᠨ᠎ᠠ᠃ 18 ᠥᠨᠥᠳᠥᠷ ᠶᠣᠬᠣᠸᠠ ᠨᠠᠮᠠᠶᠢ ᠭᠠᠷ ᠲᠤ ᠴᠢᠨᠢ ᠣᠷᠣᠭᠤᠯᠤᠭᠰᠠᠨ ᠪᠠᠢᠲᠠᠯ᠎ᠠ ᠴᠢ ᠨᠠᠮᠠᠶᠢ ᠠᠯᠠᠭᠰᠠᠨ ᠦᠭᠡᠢ᠂ ᠡᠭᠦᠨ ᠢᠶᠡᠷ ᠢᠶᠠᠨ ᠴᠢ ᠨᠠᠳᠠ ᠳᠤ ᠰᠠᠢᠨ ᠬᠠᠨᠳᠤᠳᠠᠭ ᠢᠶᠠᠨ ᠮᠡᠳᠡᠭᠦᠯᠦᠯ᠎ᠡ᠃ 19 ᠥᠪᠡᠷ ᠲᠤᠨᠢ ᠣᠯᠳᠠᠭᠳᠠᠭᠰᠠᠨ ᠥᠰᠲᠡᠨ ᠳᠠᠢᠰᠤᠨ ᠢᠶᠠᠨ ᠬᠡᠨ ᠵᠦᠭᠡᠷ ᠲᠠᠯᠪᠢᠬᠤ ᠪᠤᠢ︖ ᠥᠨᠥᠳᠥᠷ ᠦᠨ ᠨᠠᠳᠠ ᠳᠤ ᠬᠠᠨᠳᠤᠭᠰᠠᠨ ᠪᠦᠬᠦᠨ ᠦ ᠴᠢᠨᠢ ᠲᠥᠯᠥᠭᠡ ᠶᠣᠬᠣᠸᠠ ᠰᠠᠢᠨ ᠰᠠᠢᠬᠠᠨ ᠢᠶᠠᠷ ᠬᠠᠷᠢᠭᠤᠯᠬᠤ ᠪᠣᠯᠲᠤᠭᠠᠢ︕ 20 ᠣᠳᠣ ᠪᠢ ᠴᠤ ᠮᠡᠳᠡᠯ᠎ᠡ᠃ ᠴᠢ ᠯᠠᠪᠲᠠᠢ ᠬᠠᠭᠠᠨ ᠪᠣᠯᠣᠨ᠎ᠠ᠃ ᠬᠠᠭᠠᠨᠲᠤ ᠤᠯᠤᠰ ᠢᠰᠷᠧᠯ ᠴᠢᠨᠦ ᠭᠠᠷ ᠲᠤ ᠮᠠᠨᠳᠤᠬᠤ ᠪᠣᠯᠣᠨ᠎ᠠ᠃ 21 ᠣᠳᠣ ᠨᠠᠳᠠ ᠳᠤ ᠶᠣᠬᠣᠸᠠ ᠶᠢᠨ ᠨᠡᠷ᠎ᠡ ᠪᠡᠷ ᠲᠠᠩ᠋ᠭᠠᠷᠢᠭ ᠲᠠᠯᠪᠢᠨ ᠦᠷ᠎ᠡ ᠤᠳᠤᠮ ᠢ ᠮᠢᠨᠢ ᠲᠠᠰᠤᠯᠤᠨ ᠤᠰᠠᠳᠬᠠᠬᠤ ᠦᠭᠡᠢ᠂ ᠮᠢᠨᠦ ᠦᠷ᠎ᠡ ᠤᠳᠤᠮ ᠠᠴᠠ ᠨᠡᠷ᠎ᠡ ᠶᠢ ᠮᠢᠨᠢ ᠠᠷᠴᠢᠬᠤ ᠦᠭᠡᠢ ᠪᠠᠢᠬᠤ ᠶᠢ ᠠᠮᠠᠯᠠᠭᠲᠤᠨ》 ᠭᠡᠵᠦ ᠬᠡᠯᠡᠪᠡ᠃ 22 ᠳ᠋ᠠᠸᠢᠳ᠋ ᠡᠭᠦᠨ ᠢ ᠰᠠᠦ᠋ᠯ ᠳᠤ ᠲᠠᠩ᠋ᠭᠠᠷᠢᠭᠯᠠᠭᠰᠠᠨ ᠤ ᠳᠠᠷᠠᠭ᠎ᠠ᠂ ᠰᠠᠦ᠋ᠯ ᠭᠡᠷ ᠲᠡᠭᠡᠨ ᠬᠠᠷᠢᠵᠤ᠂ ᠳ᠋ᠠᠸᠢᠳ᠋ ᠪᠣᠯᠣᠨ ᠲᠡᠭᠦᠨ ᠦ ᠬᠥᠮᠦᠰ ᠪᠡᠬᠢᠯᠡᠯᠲᠡ ᠤᠷᠤᠭᠤ ᠪᠠᠨ ᠶᠠᠪᠤᠪᠠ᠃