ᠨᠢᠭᠡᠳᠦᠭᠡᠷ ᠰᠠᠮᠦ᠋ᠶᠧᠯ ᠠᠷᠪᠠᠨ ᠳᠥᠷᠪᠡ
ᠶᠣᠨᠠᠲ᠋ᠠᠨ ᠤ ᠪᠠᠭᠠᠲᠤᠷᠯᠢᠭ ᠦᠢᠯᠡ
1 ᠨᠢᠭᠡᠨ ᠡᠳᠦᠷ ᠰᠠᠦ᠋ᠯ ᠤᠨ ᠬᠥᠪᠡᠭᠦᠨ ᠶᠣᠨᠠᠲ᠋ᠠᠨ ᠵᠡᠪᠰᠡᠭ ᠪᠠᠷᠢᠭᠴᠢ ᠵᠠᠯᠠᠭᠤ ᠳᠠᠭᠠᠨ᠄ 《ᠵᠠ᠂ ᠪᠢᠳᠡ ᠬᠣᠶᠠᠭᠤᠯᠠ ᠡᠰᠡᠷᠭᠦ ᠲᠠᠯ᠎ᠠ ᠳᠤ ᠪᠠᠢᠭ᠎ᠠ ᠹᠢᠯᠢᠰᠲ᠋ᠴᠦᠳ ᠦᠨ ᠴᠡᠷᠢᠭ ᠠᠩ᠋ᠭᠢ ᠤᠷᠤᠭᠤ ᠬᠦᠷᠴᠦ ᠣᠴᠢᠶ᠎ᠠ》 ᠭᠡᠵᠦ ᠬᠡᠯᠡᠪᠡ᠃ ᠲᠡᠭᠡᠬᠦ ᠳᠡᠭᠡᠨ ᠶᠣᠨᠠᠲ᠋ᠠᠨ ᠡᠭᠦᠨ ᠢ ᠡᠴᠢᠭᠡ ᠳᠡᠭᠡᠨ ᠮᠡᠳᠡᠭᠳᠡᠭᠰᠡᠨ ᠦᠭᠡᠢ᠃ 2 ᠲᠡᠷᠡ ᠦᠶ᠎ᠡ ᠳᠦ ᠰᠠᠦ᠋ᠯ ᠭᠧᠪᠧᠶᠠ ᠶᠢᠨ ᠬᠢᠯᠢ ᠬᠢᠵᠠᠭᠠᠷ ᠤᠨ ᠮᠢᠭᠷᠣᠨ ᠳᠠᠬᠢ ᠠᠨᠠᠷ ᠮᠣᠳᠣᠨ ᠤ ᠳᠣᠣᠷ᠎ᠠ ᠬᠤᠸᠠᠷᠠᠩᠨᠠᠨ ᠪᠠᠭᠤᠭᠰᠠᠨ ᠪᠠᠢᠪᠠ᠃ ᠠᠷᠠᠳ ᠣᠯᠠᠨ ᠠᠴᠠ ᠵᠢᠷᠭᠤᠭᠠᠨ ᠵᠠᠭᠤ ᠣᠷᠴᠢᠮ ᠬᠥᠮᠦᠨ ᠲᠡᠭᠦᠨ ᠲᠡᠢ ᠬᠠᠮᠲᠤ ᠪᠠᠢᠯ᠎ᠠ᠃ 3 ᠱᠢᠯᠣ᠋ ᠳᠤ ᠪᠠᠢᠭᠰᠠᠨ ᠶᠣᠬᠣᠸᠠ ᠶᠢᠨ ᠲᠠᠬᠢᠯᠴᠢ ᠡᠯᠢ ᠶᠢᠨ ᠵᠢᠴᠢ᠂ ᠹᠢᠨᠧᠬᠠᠰ ᠤᠨ ᠠᠴᠢ᠂ ᠢᠺᠠᠪᠣᠳ᠋ ᠤᠨ ᠠᠬ᠎ᠠ᠂ ᠠᠾᠢᠲ᠋ᠦ᠋ᠪ ᠤᠨ ᠬᠥᠪᠡᠭᠦᠨ ᠠᠾᠢᠶᠠ ᠡᠹᠣᠳ ᠡᠮᠦᠰᠦᠨ ᠲᠡᠳᠡᠨ ᠦ ᠳᠤᠮᠳᠠ ᠪᠠᠢᠭᠰᠠᠨ ᠪᠣᠯᠪᠠᠴᠤ ᠬᠡᠨ ᠴᠤ ᠶᠣᠨᠠᠲ᠋ᠠᠨ ᠤ ᠶᠠᠪᠤᠭᠰᠠᠨ ᠢ ᠮᠡᠳᠡᠭᠰᠡᠨ ᠦᠭᠡᠢ᠃ 4 ᠶᠣᠨᠠᠲ᠋ᠠᠨ ᠹᠢᠯᠢᠰᠲ᠋ᠴᠦᠳ ᠦᠨ ᠴᠡᠷᠢᠭ ᠠᠩ᠋ᠭᠢ ᠤᠷᠤᠭᠤ ᠬᠦᠷᠴᠦ ᠣᠴᠢᠬᠤ ᠳᠤ᠂ ᠪᠣᠽᠧᠽ ᠪᠠ ᠰᠧᠨᠧ ᠭᠡᠳᠡᠭ ᠬᠣᠶᠠᠷ ᠬᠠᠳᠠᠨ ᠤ ᠬᠣᠭᠣᠷᠣᠨᠳᠣᠬᠢ ᠬᠠᠪᠴᠢᠯ ᠢᠶᠠᠷ ᠥᠩᠭᠡᠷᠡᠬᠦ ᠶᠣᠰᠣᠲᠠᠢ᠃ 5 ᠨᠢᠭᠡ ᠬᠠᠳᠠ ᠨᠢ ᠬᠣᠢᠨ᠎ᠠ ᠵᠦᠭ ᠦᠨ ᠮᠢᠺᠮᠠᠱ ᠤᠨ ᠬᠠᠷᠠᠯᠳᠤᠭ᠎ᠠ᠂ ᠨᠥᠭᠥᠭᠡ ᠬᠠᠳᠠ ᠨᠢ ᠡᠮᠦᠨ᠎ᠡ ᠵᠦᠭ ᠦᠨ ᠭᠢᠪᠧᠶ᠎ᠠ ᠶᠢᠨ ᠬᠠᠷᠠᠯᠳᠤᠭ᠎ᠠ ᠪᠠᠢᠪᠠ᠃
6 ᠶᠣᠨᠠᠲ᠋ᠠᠨ ᠵᠡᠪᠰᠡᠭ ᠪᠠᠷᠢᠭᠴᠢ ᠵᠠᠯᠠᠭᠤ ᠳᠠᠭᠠᠨ᠄ 《ᠵᠠ᠂ ᠪᠢᠳᠡ ᠡᠳᠡᠭᠡᠷ ᠬᠥᠪᠴᠢᠷᠬᠡᠢ ᠬᠥᠨᠳᠡᠭᠦᠯᠦᠭᠡ ᠦᠭᠡᠢ ᠬᠥᠮᠦᠰ ᠦᠨ ᠴᠡᠷᠢᠭ ᠠᠩ᠋ᠭᠢ ᠤᠷᠤᠭᠤ ᠬᠦᠷᠴᠦ ᠣᠴᠢᠶ᠎ᠠ᠃ ᠶᠣᠬᠣᠸᠠ ᠪᠢᠳᠡᠨ ᠦ ᠲᠥᠯᠥᠭᠡ ᠠᠵᠢᠯᠯᠠᠬᠤ ᠪᠠᠢᠬ᠎ᠠ ᠡ᠃ ᠶᠣᠬᠣᠸᠠ ᠶᠢᠨ ᠣᠯᠭᠣᠬᠤ ᠢᠯᠠᠯᠲᠠ ᠬᠥᠮᠦᠨ ᠦ ᠣᠯᠠᠨ ᠪᠠ ᠴᠥᠭᠡᠨ ᠡᠴᠡ ᠰᠢᠯᠲᠠᠭᠠᠯᠠᠬᠤ ᠪᠢᠰᠢ》 ᠭᠡᠬᠦ ᠳᠦ᠂ 7 ᠵᠡᠪᠰᠡᠭ ᠪᠠᠷᠢᠭᠴᠢ ᠨᠢ᠄ 《ᠰᠠᠨᠠᠭᠰᠠᠨ ᠢᠶᠠᠷ ᠢᠶᠠᠨ ᠦᠢᠯᠡᠳ᠂ ᠵᠠ᠂ ᠶᠠᠪᠤᠶ᠎ᠠ᠂ ᠪᠢ ᠵᠢᠷᠦᠬᠡ ᠰᠡᠳᠬᠢᠯ ᠢᠶᠠᠷ ᠢᠶᠠᠨ ᠲᠠᠨ ᠢ ᠳᠠᠭᠠᠶ᠎ᠠ》 ᠭᠡᠪᠡ᠃ 8 ᠲᠡᠭᠡᠬᠦ ᠳᠦ ᠶᠣᠨᠠᠲ᠋ᠠᠨ᠄ 《ᠰᠠᠢᠨ ᠪᠠᠢᠨ᠎ᠠ᠂ ᠪᠢᠳᠡ ᠲᠡᠷᠡ ᠬᠥᠮᠦᠰ ᠤᠷᠤᠭᠤ ᠬᠦᠷᠴᠦ ᠣᠴᠢᠭᠠᠳ ᠢᠯᠡ ᠬᠠᠷᠠᠭᠳᠠᠶᠠ᠃ 9 ᠬᠡᠷᠪᠡ ᠲᠡᠳᠡ ᠪᠢᠳᠡᠨ ᠳᠦ᠄ 〈ᠪᠢᠳᠡ ᠣᠴᠢᠲᠠᠯ᠎ᠠ ᠪᠢᠲᠡᠭᠡᠢ ᠬᠥᠳᠡᠯ〉 ᠭᠡᠵᠦ ᠬᠡᠯᠡᠪᠡᠯ᠂ ᠪᠢᠳᠡ ᠪᠠᠢᠭᠰᠠᠨ ᠭᠠᠵᠠᠷ ᠲᠠᠭᠠᠨ ᠪᠠᠢᠵᠤ᠂ ᠲᠡᠳᠡᠨ ᠳᠡᠭᠡᠷ᠎ᠡ ᠥᠭᠰᠥᠨ ᠣᠴᠢᠬᠤ ᠦᠭᠡᠢ᠃ 10 ᠬᠠᠷᠢᠨ ᠲᠡᠳᠡ᠄ 〈ᠪᠢᠳᠡᠨ ᠳᠡᠭᠡᠷ᠎ᠡ ᠢᠷᠡᠭᠲᠦᠨ〉 ᠭᠡᠪᠡᠯ᠂ ᠪᠢᠳᠡ ᠥᠭᠰᠥᠨ ᠣᠴᠢᠶ᠎ᠠ᠃ ᠡᠭᠦᠪᠡᠷ ᠶᠣᠬᠣᠸᠠ ᠲᠡᠳᠡᠨ ᠢ ᠪᠢᠳᠡᠨ ᠦ ᠭᠠᠷ ᠲᠤ ᠲᠤᠰᠢᠶᠠᠭᠰᠠᠨ ᠤ ᠰᠢᠨᠵᠢ ᠲᠡᠮᠳᠡᠭ ᠪᠣᠯᠭᠠᠶ᠎ᠠ》 ᠭᠡᠵᠦ ᠬᠡᠯᠡᠪᠡ᠃ 11 ᠲᠡᠷᠡ ᠬᠣᠶᠠᠷ ᠹᠢᠯᠢᠰᠲ᠋ᠴᠦᠳ ᠦᠨ ᠴᠡᠷᠢᠭ ᠠᠩ᠋ᠭᠢ ᠶᠢᠨ ᠡᠮᠦᠨ᠎ᠡ ᠢᠯᠡ ᠭᠠᠷᠬᠤ ᠳᠤ᠂ ᠹᠢᠯᠢᠰᠲ᠋ᠴᠦᠳ᠄ 《ᠬᠥᠶᠶ᠂ ᠢᠪᠷᠠᠢᠴᠤᠳ ᠨᠢᠭᠤᠭᠳᠠᠵᠤ ᠪᠠᠢᠭᠰᠠᠨ ᠨᠦᠬᠡ ᠨᠦᠭᠦᠳ ᠡᠴᠡ ᠪᠡᠨ ᠭᠠᠷᠴᠤ ᠢᠷᠡᠵᠦ ᠪᠠᠢᠨ᠎ᠠ ᠰᠢᠦ》 ᠭᠡᠯᠴᠡᠪᠡ᠃ 12 ᠲᠡᠭᠡᠭᠡᠳ ᠴᠡᠷᠢᠭ ᠤᠳ ᠶᠣᠨᠠᠲ᠋ᠠᠨ ᠪᠠ ᠲᠡᠭᠦᠨ ᠦ ᠵᠡᠪᠰᠡᠭ ᠪᠠᠷᠢᠭᠴᠢ ᠤᠷᠤᠭᠤ ᠬᠠᠰᠬᠢᠷᠤᠨ᠄ 《ᠨᠠᠰᠢ ᠢᠷ᠎ᠡ᠂ ᠪᠢᠳᠡ ᠲᠠ ᠨᠠᠷ ᠲᠤ ᠨᠢᠭᠡ ᠶᠠᠭᠤᠮ᠎ᠠ ᠰᠤᠷᠭᠠᠭᠠᠳ ᠥᠭᠭᠥᠶ᠎ᠡ》 ᠭᠡᠰᠡᠨ ᠳᠦ᠂ ᠶᠣᠨᠠᠲ᠋ᠠᠨ ᠵᠡᠪᠰᠡᠭ ᠪᠠᠷᠢᠭᠴᠢ ᠳᠠᠭᠠᠨ᠄ 《ᠨᠠᠮᠠᠶᠢ ᠳᠠᠭ᠎ᠠ᠂ ᠶᠣᠬᠣᠸᠠ ᠲᠡᠳᠡᠨ ᠢ ᠢᠰᠷᠧᠯ ᠤᠨ ᠭᠠᠷ ᠲᠤ ᠲᠤᠰᠢᠶᠠᠵᠠᠢ》 ᠭᠡᠪᠡ᠃ 13 ᠶᠣᠨᠠᠲ᠋ᠠᠨ ᠳᠥᠷᠪᠡᠨ ᠮᠥᠴᠢ ᠪᠠᠷ ᠢᠶᠠᠨ ᠠᠪᠠᠷᠢᠬᠤ ᠳᠤ᠂ ᠵᠡᠪᠰᠡᠭ ᠪᠠᠷᠢᠭᠴᠢ ᠨᠢ ᠲᠡᠭᠦᠨ ᠦ ᠠᠷᠤ ᠠᠴᠠ ᠳᠠᠭᠠᠪᠠ᠃ ᠹᠢᠯᠢᠰᠲ᠋ᠴᠦᠳ ᠶᠣᠨᠠᠲ᠋ᠠᠨ ᠤ ᠡᠮᠦᠨ᠎ᠡ ᠤᠨᠠᠵᠤ ᠪᠠᠢᠬᠤ ᠳᠤ᠂ ᠵᠡᠪᠰᠡᠭ ᠪᠠᠷᠢᠭᠴᠢ ᠨᠢ ᠴᠤ ᠲᠡᠭᠦᠨ ᠦ ᠠᠷᠤ ᠠᠴᠠ ᠵᠠᠷᠢᠮ ᠢ ᠨᠢ ᠠᠯᠠᠪᠠ᠃ 14 ᠡᠬᠢᠨ ᠤ ᠳᠠᠭᠠᠷᠢᠯᠲᠠ ᠳᠤ ᠶᠣᠨᠠᠲ᠋ᠠᠨ ᠵᠡᠪᠰᠡᠭ ᠪᠠᠷᠢᠭᠴᠢ ᠲᠠᠢ ᠪᠠᠨ ᠬᠠᠮᠲᠤ ᠪᠠᠷ ᠲᠠᠷᠢᠶᠠᠨ ᠲᠠᠯᠠᠪᠠᠢ ᠶᠢᠨ ᠨᠢᠭᠡ ᠪᠤᠭᠤᠯᠠᠭᠠᠨ ᠤ ᠬᠠᠭᠠᠰ ᠱᠠᠩ ᠣᠷᠴᠢᠮ ᠭᠠᠵᠠᠷ ᠲᠤ ᠬᠣᠷᠢᠭᠠᠳ ᠬᠥᠮᠦᠨ ᠢ ᠠᠯᠠᠪᠠ᠃ 15 ᠡᠨᠡ ᠦᠶ᠎ᠡ ᠳᠦ᠂ ᠬᠤᠸᠠᠷᠠᠨ ᠳᠤ᠂ ᠬᠡᠭᠡᠷ᠎ᠡ ᠲᠠᠯ᠎ᠠ ᠳᠤ ᠪᠦᠬᠦ ᠴᠡᠷᠢᠭ ᠤᠨ ᠳᠤᠮᠳᠠ ᠠᠢᠳᠠᠰ ᠨᠥᠮᠥᠷᠥᠨ ᠴᠡᠷᠢᠭ ᠠᠩ᠋ᠭᠢ ᠪᠣᠯᠣᠨ ᠬᠣᠰᠢᠭᠤᠴᠢ ᠴᠡᠷᠢᠭ ᠤᠳ ᠬᠦᠷᠲᠡᠯ᠎ᠡ ᠴᠡᠴᠡᠷᠡᠪᠡ᠂ ᠭᠠᠵᠠᠷ ᠴᠤ ᠬᠥᠳᠡᠯᠪᠡ᠃ ᠡᠨᠡ ᠨᠢ ᠪᠤᠷᠬᠠᠨ ᠤ ᠢᠯᠡᠭᠡᠭᠰᠡᠨ ᠠᠢᠳᠠᠰ ᠪᠠᠢᠯ᠎ᠠ᠃
16 ᠪᠢᠨᠶᠠᠮᠢᠨ ᠤ ᠭᠢᠪᠧᠶ᠎ᠠ ᠠᠴᠠ ᠰᠠᠦ᠋ᠯ ᠤᠨ ᠬᠠᠷᠠᠭᠤᠯ ᠤᠳ ᠬᠠᠷᠠᠵᠤ ᠪᠠᠢᠲᠠᠯ᠎ᠠ᠂ ᠦᠢ ᠣᠯᠠᠨ ᠹᠢᠯᠢᠰᠲ᠋ᠴᠦᠳ ᠲᠠᠯ᠎ᠠ ᠲᠠᠯ᠎ᠠ ᠤᠷᠤᠭᠤ ᠲᠠᠷᠬᠠᠨ ᠠᠭᠤᠰᠴᠤ ᠪᠠᠢᠯ᠎ᠠ᠃ 17 ᠰᠠᠦ᠋ᠯ ᠬᠠᠮᠲᠤ ᠪᠠᠢᠭᠰᠠᠨ ᠡᠷᠡᠴᠦᠳ ᠲᠦ᠄ 《ᠲᠣᠭ᠎ᠠ ᠪᠠᠨ ᠠᠪᠤᠭᠲᠤᠨ᠂ ᠪᠢᠳᠡᠨ ᠦ ᠳᠤᠮᠳᠠ ᠠᠴᠠ ᠬᠡᠨ ᠭᠠᠷᠴᠤ ᠶᠠᠪᠤᠭᠰᠠᠨ ᠢ ᠬᠠᠷ᠎ᠠ》 ᠭᠡᠵᠦ ᠬᠡᠯᠡᠪᠡ᠃ ᠲᠡᠭᠡᠭᠡᠳ ᠲᠣᠭ᠎ᠠ ᠠᠪᠬᠤ ᠳᠤ᠂ ᠶᠣᠨᠠᠲ᠋ᠠᠨ ᠪᠣᠯᠣᠨ ᠲᠡᠭᠦᠨ ᠦ ᠵᠡᠪᠰᠡᠭ ᠪᠠᠷᠢᠭᠴᠢ ᠠᠯᠠᠭ᠎ᠠ ᠪᠠᠢᠵᠠᠢ᠃ 18 ᠰᠠᠦ᠋ᠯ ᠠᠾᠢᠶᠠ ᠳᠤ᠄ 《ᠡᠹᠣᠳ 10 ᠢᠶᠠᠨ ᠨᠠᠰᠢ ᠠᠪᠴᠢᠷᠠ》 ᠭᠡᠪᠡ᠃ ᠲᠡᠷᠡ ᠦᠶ᠎ᠡ ᠳᠦ ᠡᠹᠣᠳ ᠡᠮᠦᠰᠦᠭᠴᠢ ᠨᠢ ᠠᠾᠢᠶᠠ ᠪᠠᠢᠪᠠ᠃ 19 ᠰᠠᠦ᠋ᠯ ᠲᠠᠬᠢᠯᠴᠢ ᠲᠠᠢ ᠡᠢᠨ ᠬᠦ ᠶᠠᠷᠢᠯᠴᠠᠵᠤ ᠪᠠᠢᠬᠤ ᠵᠠᠭᠤᠷ᠎ᠠ ᠹᠢᠯᠢᠰᠲ᠋ᠴᠦᠳ ᠦᠨ ᠬᠤᠸᠠᠷᠠᠨ ᠤ ᠦᠢᠮᠡᠭᠡᠨ ᠱᠤᠤᠭᠢᠶᠠᠨ ᠤᠯᠠᠮ ᠶᠡᠬᠡᠰᠪᠡ᠃ ᠰᠠᠦ᠋ᠯ ᠲᠠᠬᠢᠯᠴᠢ ᠳᠤ᠄ 《ᠪᠣᠯᠢ᠂ ᠪᠠᠢᠶ᠎ᠠ》 ᠭᠡᠵᠦ ᠬᠡᠯᠡᠭᠡᠳ 20 ᠬᠠᠮᠲᠤ ᠪᠠᠢᠭᠰᠠᠨ ᠪᠦᠬᠦ ᠠᠷᠠᠳ ᠣᠯᠠᠨ ᠢᠶᠠᠨ ᠴᠤᠭᠯᠠᠭᠤᠯᠵᠤ ᠲᠤᠯᠤᠯᠳᠤᠭᠠᠨ ᠤ ᠲᠠᠯᠠᠪᠤᠷ ᠳᠡᠭᠡᠷ᠎ᠡ ᠣᠴᠢᠵᠤ ᠦᠵᠡᠬᠦ ᠳᠦ᠂ ᠹᠢᠯᠢᠰᠲ᠋ᠴᠦᠳ ᠪᠦᠭᠦᠳᠡᠭᠡᠷ ᠨᠢᠭᠡ ᠨᠢ ᠨᠥᠭᠥᠭᠡ ᠲᠠᠢ ᠪᠠᠨ ᠢᠯᠳᠦ ᠵᠥᠷᠢᠭᠦᠯᠦᠨ ᠲᠡᠨᠳᠡ ᠮᠠᠰᠢ ᠶᠡᠬᠡ ᠦᠢᠮᠡᠭᠡᠨ ᠳᠡᠪᠵᠢᠶᠡᠨ ᠪᠣᠯᠵᠤ ᠪᠠᠢᠪᠠ᠃ 21 ᠡᠭᠦᠨ ᠡᠴᠡ ᠭᠠᠳᠠᠨ᠎ᠠ᠂ ᠡᠮᠦᠨ᠎ᠡ ᠨᠢ ᠹᠢᠯᠢᠰᠲ᠋ᠴᠦᠳ ᠦᠨ ᠲᠠᠯ᠎ᠠ ᠳᠤ ᠣᠷᠣᠵᠤ ᠲᠡᠳᠡᠨ ᠲᠡᠢ ᠬᠠᠮᠲᠤ ᠨᠢᠭᠡ ᠬᠤᠸᠠᠷᠠᠨ ᠳᠤ ᠪᠠᠢᠭᠰᠠᠨ ᠢᠪᠷᠠᠢ ᠬᠥᠮᠦᠰ ᠰᠠᠦ᠋ᠯ ᠪᠣᠯᠣᠨ ᠶᠣᠨᠠᠲ᠋ᠠᠨ ᠤ ᠢᠰᠷᠧᠯᠴᠦᠳ ᠲᠡᠢ ᠨᠡᠢᠯᠡᠪᠡ᠃ 22 ᠡᠹᠷᠠᠢᠮ ᠤᠨ ᠠᠭᠤᠯᠠᠨ ᠳᠤ ᠨᠢᠭᠤᠭᠳᠠᠭᠰᠠᠨ ᠢᠰᠷᠧᠯᠴᠦᠳ ᠴᠤ ᠹᠢᠯᠢᠰᠲ᠋ᠴᠦᠳ ᠦᠨ ᠵᠢᠭᠤᠲᠠᠭᠰᠠᠨ ᠢ ᠰᠣᠨᠣᠰᠣᠭᠠᠳ ᠪᠦᠭᠦᠳᠡᠭᠡᠷ ᠢᠶᠡᠨ ᠲᠤᠯᠤᠯᠳᠤᠭᠠᠨ ᠳᠤ ᠣᠷᠣᠯᠴᠠᠨ ᠹᠢᠯᠢᠰᠲ᠋ᠴᠦᠳ ᠢ ᠪᠣᠷᠪᠢᠳᠠᠨ ᠬᠥᠭᠡᠭᠡᠪᠡ᠃ 23 ᠲᠡᠷᠡ ᠡᠳᠦᠷ ᠶᠣᠬᠣᠸᠠ ᠢᠰᠷᠧᠯ ᠢ ᠡᠢᠨ ᠬᠦ ᠠᠪᠤᠷᠠᠵᠠᠢ᠃ ᠲᠤᠯᠤᠯᠳᠤᠭᠠᠨ ᠪᠧᠲ ᠠᠸᠧᠨ ᠡᠴᠡ ᠴᠢᠨᠠᠭᠰᠢ ᠳᠡᠯᠡᠨ ᠥᠷᠭᠡᠵᠢᠪᠡ᠃
24 ᠲᠡᠷᠡ ᠡᠳᠦᠷ ᠢᠰᠷᠧᠯ ᠤᠨ ᠡᠷᠡᠴᠦᠳ ᠶᠡᠬᠡᠳᠡ ᠲᠤᠢᠯᠳᠠᠭᠰᠠᠨ ᠪᠠᠢᠯ᠎ᠠ᠃ ᠰᠠᠦ᠋ᠯ ᠠᠷᠠᠳ ᠣᠯᠠᠨ ᠢᠶᠠᠷ ᠠᠨᠳᠠᠭᠠᠢᠯᠠᠭᠤᠯᠤᠨ᠄ 《ᠣᠷᠣᠢ ᠪᠣᠯᠬᠤ ᠠᠴᠠ ᠡᠮᠦᠨ᠎ᠡ᠂ ᠨᠠᠮᠠᠶᠢ ᠳᠠᠢᠰᠤᠨ ᠠᠴᠠ ᠪᠠᠨ ᠥᠰᠢᠶ᠎ᠡ ᠠᠪᠬᠤ ᠬᠦᠷᠲᠡᠯ᠎ᠡ ᠬᠣᠭᠣᠯᠠ ᠢᠳᠡᠬᠦ ᠬᠥᠮᠦᠨ ᠪᠣᠯᠭᠠᠨ ᠬᠠᠷᠢᠶᠠᠭᠳᠠᠬᠤ ᠪᠣᠯᠲᠤᠭᠠᠢ︕》 ᠭᠡᠰᠡᠨ ᠤᠴᠢᠷ ᠠᠴᠠ ᠪᠦᠬᠦ ᠠᠷᠠᠳ ᠢᠶᠠᠷ ᠢᠶᠠᠨ ᠬᠣᠭᠣᠯᠠ ᠠᠮᠰᠠᠭᠰᠠᠨ ᠦᠭᠡᠢ᠃ 25 ᠪᠦᠬᠦ ᠠᠷᠠᠳ ᠣᠢ ᠳᠤ ᠬᠦᠷᠬᠦ ᠳᠦ᠂ ᠲᠡᠨᠳᠡ ᠭᠠᠵᠠᠷ ᠳᠡᠭᠡᠷ᠎ᠡ ᠵᠥᠭᠡᠢ ᠶᠢᠨ ᠪᠠᠯ ᠪᠠᠢᠵᠠᠢ᠃ 26 ᠠᠷᠠᠳ ᠣᠯᠠᠨ ᠣᠢ ᠳᠣᠲᠣᠷ᠎ᠠ ᠣᠷᠣᠵᠤ ᠵᠥᠭᠡᠢ ᠶᠢᠨ ᠪᠠᠯ ᠤᠨ ᠤᠷᠤᠰᠴᠤ ᠪᠤᠢ ᠶᠢ ᠬᠠᠷᠠᠭᠰᠠᠨ ᠪᠣᠯᠪᠠᠴᠤ ᠥᠨᠥᠬᠢ ᠲᠠᠩ᠋ᠭᠠᠷᠢᠭ ᠠᠴᠠ ᠠᠶᠤᠵᠤ ᠨᠢᠭᠡ ᠴᠤ ᠬᠥᠮᠦᠨ ᠭᠠᠷ ᠬᠦᠷᠦᠭᠰᠡᠨ ᠦᠭᠡᠢ᠃ 27 ᠬᠠᠷᠢᠨ ᠶᠣᠨᠠᠲ᠋ᠠᠨ ᠡᠴᠢᠭᠡ ᠶᠢᠨ ᠢᠶᠠᠨ ᠠᠷᠠᠳ ᠣᠯᠠᠨ ᠢᠶᠠᠷ ᠲᠠᠩ᠋ᠭᠠᠷᠢᠭᠯᠠᠭᠤᠯᠤᠭᠰᠠᠨ ᠢ ᠰᠣᠨᠣᠰᠣᠭᠰᠠᠨ ᠦᠭᠡᠢ ᠪᠠᠢᠪᠠ᠃ ᠲᠡᠷᠡ ᠭᠠᠷ ᠲᠠᠭᠠᠨ ᠪᠠᠷᠢᠭᠰᠠᠨ ᠲᠠᠶᠠᠭ ᠤᠨ ᠢᠶᠠᠨ ᠦᠵᠦᠭᠦᠷ ᠢ ᠵᠥᠭᠡᠢ ᠶᠢᠨ ᠪᠠᠯ ᠤᠨ ᠰᠠᠷᠬᠢᠨᠠᠭ ᠲᠤ ᠳᠦᠷᠦᠵᠦ᠂ ᠠᠳᠬᠤ ᠶᠢ ᠠᠪᠴᠤ ᠠᠮᠠᠨ ᠳᠠᠭᠠᠨ ᠬᠢᠬᠦ ᠳᠦ᠂ ᠨᠢᠳᠦ ᠨᠢ ᠭᠡᠷᠡᠯᠲᠦᠪᠡ᠃ 28 ᠲᠡᠭᠡᠬᠦ ᠳᠦ ᠴᠡᠷᠢᠭ ᠤᠳ ᠤᠨ ᠳᠤᠮᠳᠠ ᠠᠴᠠ ᠨᠢᠭᠡ ᠬᠥᠮᠦᠨ᠄ 《ᠲᠠᠨ ᠤ ᠡᠴᠢᠭᠡ ᠴᠡᠷᠢᠭ ᠢ ᠬᠠᠲᠠᠭᠤ ᠲᠠᠩ᠋ᠭᠠᠷᠢᠭᠯᠠᠭᠤᠯᠤᠨ᠄ 〈ᠥᠨᠥᠳᠥᠷ ᠬᠣᠭᠣᠯᠠ ᠢᠳᠡᠬᠦ ᠬᠥᠮᠦᠨ ᠬᠠᠷᠢᠶᠠᠭᠳᠠᠬᠤ ᠪᠣᠯᠲᠤᠭᠠᠢ〉 ᠭᠡᠰᠡᠨ ᠪᠢᠯᠡ᠂ ᠡᠢᠮᠦ ᠡᠴᠡ ᠠᠷᠠᠳ ᠣᠯᠠᠨ ᠲᠤᠢᠯᠳᠠᠪᠠ》 ᠭᠡᠬᠦ ᠳᠦ᠂ 29 ᠶᠣᠨᠠᠲ᠋ᠠᠨ᠄ 《ᠮᠢᠨᠦ ᠡᠴᠢᠭᠡ ᠲᠠ ᠨᠠᠷ ᠢ ᠵᠣᠪᠠᠭᠠᠵᠠᠢ᠃ ᠬᠠᠷ᠎ᠠ᠂ ᠪᠢ ᠡᠨᠡ ᠪᠠᠯ ᠠᠴᠠ ᠵᠢᠭᠠᠬᠠᠨ ᠠᠮᠰᠠᠴᠢᠬᠠᠬᠤ ᠳᠤ ᠨᠢᠳᠦ ᠮᠢᠨᠢ ᠭᠡᠷᠡᠯᠲᠦᠵᠦ ᠪᠠᠢᠨ᠎ᠠ︕ 30 ᠥᠨᠥᠳᠥᠷ ᠮᠠᠨ ᠤ ᠬᠢᠨ ᠳᠠᠢᠰᠤᠨ ᠠᠴᠠ ᠣᠯᠵᠤ ᠠᠪᠤᠭᠰᠠᠨ ᠣᠯᠵᠠᠨ ᠠᠴᠠ ᠪᠠᠨ ᠬᠠᠨᠲᠠᠯ᠎ᠠ ᠪᠠᠨ ᠢᠳᠡᠭᠰᠡᠨ ᠴᠤ ᠪᠠᠢᠭᠠᠰᠠᠢ᠂ ᠲᠡᠭᠡᠪᠡᠯ ᠹᠢᠯᠢᠰᠲ᠋ᠴᠦᠳ ᠲᠦ ᠤᠯᠠᠮ ᠯᠠ ᠶᠡᠬᠡ ᠬᠣᠬᠢᠷᠠᠯ ᠠᠮᠰᠠᠭᠤᠯᠬᠤ ᠪᠠᠢᠭᠰᠠᠨ ᠪᠢᠰᠢ ᠤᠤ︖》 ᠭᠡᠵᠦ ᠬᠡᠯᠡᠪᠡ᠃
31 ᠢᠰᠷᠧᠯᠴᠦᠳ ᠲᠡᠷᠡ ᠡᠳᠦᠷ ᠲᠡᠭᠡᠨ ᠹᠢᠯᠢᠰᠲ᠋ᠴᠦᠳ ᠢ ᠮᠢᠺᠮᠠᠱ ᠡᠴᠡ ᠠᠶᠠᠯᠣᠨ ᠬᠦᠷᠲᠡᠯ᠎ᠡ ᠮᠥᠰᠬᠢᠨ ᠴᠣᠬᠢᠵᠤ ᠠᠰᠤᠷᠤ ᠶᠡᠬᠡ ᠲᠤᠢᠯᠳᠠᠵᠠᠢ᠃ 32 ᠲᠡᠳᠡ ᠡᠴᠦᠰ ᠲᠤᠨᠢ ᠣᠯᠵᠠᠨ ᠤ ᠶᠠᠭᠤᠮᠠᠰ ᠤᠷᠤᠭᠤ ᠳᠠᠭᠠᠷᠢᠵᠤ᠂ ᠬᠣᠨᠢ᠂ ᠦᠬᠡᠷ᠂ ᠲᠤᠭᠤᠯ ᠢ ᠢᠯᠭᠠᠯ ᠦᠭᠡᠢ ᠪᠠᠷᠢᠵᠤ᠂ ᠭᠠᠵᠠᠷ ᠳᠡᠭᠡᠷ᠎ᠡ ᠨᠢᠳᠤᠯᠤᠨ᠂ ᠴᠢᠰᠤ ᠲᠠᠢ ᠨᠢ ᠢᠳᠡᠵᠡᠭᠡᠪᠡ᠃ 33 ᠵᠠᠷᠢᠮ ᠨᠢ ᠰᠠᠦ᠋ᠯ ᠳᠤ᠄ 《ᠬᠠᠷᠠᠭᠲᠤᠨ᠂ ᠠᠷᠠᠳ ᠣᠯᠠᠨ ᠴᠢᠰᠤ ᠲᠠᠢ ᠨᠢ ᠢᠳᠡᠭᠰᠡᠨ ᠢᠶᠡᠷ ᠢᠶᠠᠨ ᠶᠣᠬᠣᠸᠠ ᠳᠤ ᠨᠢᠭᠦᠯ ᠦᠢᠯᠡᠳᠴᠦ ᠪᠠᠢᠨ᠎ᠠ ᠰᠢᠦ︕》 ᠭᠡᠰᠡᠨ ᠳᠦ᠂ ᠰᠠᠦ᠋ᠯ᠄ 《ᠦᠨᠡᠨᠴᠢ ᠪᠤᠰᠤ ᠶᠢ ᠦᠢᠯᠡᠳᠦᠭᠰᠡᠨ ᠪᠠᠢᠨ᠎ᠠ᠂ ᠲᠠ ᠨᠠᠷ ᠪᠤᠯᠤ ᠴᠢᠯᠠᠭᠤ ᠥᠩᠬᠥᠷᠢᠭᠦᠯᠵᠦ ᠲᠦᠷᠭᠡᠨ ᠨᠠᠰᠢ ᠠᠪᠴᠢᠷᠠᠭᠲᠤᠨ》 ᠭᠡᠪᠡ᠃ 34 ᠰᠠᠦ᠋ᠯ ᠪᠠᠰᠠ ᠳᠠᠬᠢᠨ᠄ 《ᠲᠠ ᠨᠠᠷ ᠠᠷᠠᠳ ᠣᠯᠠᠨ ᠤ ᠳᠤᠮᠳᠠᠭᠤᠷ ᠶᠠᠪᠤᠵᠤ᠂ ᠡᠢᠨ ᠬᠦ ᠮᠡᠳᠡᠭᠳᠡᠲᠦᠭᠡᠢ᠄ 〈ᠬᠥᠮᠦᠨ ᠪᠦᠷᠢ ᠥᠪᠡᠷ ᠦᠨ ᠢᠶᠠᠨ ᠦᠬᠡᠷ᠂ ᠬᠣᠨᠢ ᠶᠢ ᠨᠠᠰᠢ ᠠᠪᠴᠢᠷᠠᠵᠤ᠂ ᠡ᠊ᠨᠳᠡ ᠨᠢᠳᠤᠯᠤᠭᠠᠳ ᠢᠳᠡᠭᠲᠦᠨ᠃ ᠴᠢᠰᠤ ᠲᠠᠢ ᠨᠢ ᠢᠳᠡᠵᠦ ᠶᠣᠬᠣᠸᠠ ᠳᠤ ᠨᠢᠭᠦᠯ ᠦᠢᠯᠡᠳᠴᠦ ᠪᠣᠯᠬᠤ ᠦᠭᠡᠢ〉》 ᠭᠡᠵᠦ ᠬᠡᠯᠡᠪᠡ᠃ ᠡᠢᠨ ᠬᠦ ᠬᠥᠮᠦᠨ ᠪᠦᠷᠢ ᠲᠡᠷᠡ ᠰᠥᠨᠢ ᠥᠪᠡᠷ ᠦᠨ ᠢᠶᠠᠨ ᠦᠬᠡᠷ ᠢ ᠠᠪᠴᠢᠷᠠᠵᠤ᠂ ᠲᠡᠨᠳᠡ ᠨᠢᠲᠤᠯᠪᠠ᠃ 35 ᠢᠩᠭᠢᠭᠡᠳ ᠰᠠᠦ᠋ᠯ ᠶᠣᠬᠣᠸᠠ ᠳᠤ ᠵᠣᠷᠢᠭᠤᠯᠤᠨ ᠲᠠᠬᠢᠯ ᠤᠨ ᠰᠢᠷᠡᠭᠡ ᠪᠣᠰᠬᠠᠪᠠ᠃ ᠲᠡᠭᠦᠨ ᠦ ᠶᠣᠬᠣᠸᠠ ᠳᠤ ᠵᠣᠷᠢᠭᠤᠯᠤᠨ ᠪᠣᠰᠬᠠᠭᠰᠠᠨ ᠠᠩ᠋ᠬᠠᠨ ᠤ ᠲᠠᠬᠢᠯ ᠤᠨ ᠰᠢᠷᠡᠭᠡ ᠨᠢ ᠡᠨᠡ ᠪᠠᠢᠪᠠ᠃
36 ᠰᠠᠦ᠋ᠯ᠄ 《ᠹᠢᠯᠢᠰᠲ᠋ᠴᠦᠳ ᠢ ᠰᠥᠨᠢᠵᠢᠨ ᠬᠥᠭᠡᠭᠡᠶ᠎ᠡ᠂ ᠲᠡᠳᠡᠨ ᠢ ᠦᠷ ᠴᠠᠢᠲᠠᠯ᠎ᠠ ᠳᠡᠭᠡᠷᠡᠮᠳᠡᠵᠦ᠂ ᠨᠢᠭᠡ ᠴᠤ ᠬᠥᠮᠦᠨ ᠢ ᠪᠦᠦ ᠦᠯᠡᠳᠡᠭᠡᠶ᠎ᠡ》 ᠭᠡᠬᠦ ᠳᠦ᠂ ᠲᠡᠳᠡ᠄ 《ᠲᠠ ᠰᠠᠢᠨ ᠭᠡᠵᠦ ᠪᠣᠳᠣᠭᠰᠠᠨ ᠢᠶᠠᠨ ᠬᠢ》 ᠭᠡᠪᠡ᠃ ᠬᠠᠷᠢᠨ ᠲᠠᠬᠢᠯᠴᠢ᠄ 《ᠪᠤᠷᠬᠠᠨ ᠤᠷᠤᠭᠤ ᠣᠢᠷᠠᠲᠤᠵᠤ ᠲᠡᠭᠦᠨ ᠡᠴᠡ ᠯᠠᠪᠯᠠᠶ᠎ᠠ》 ᠭᠡᠬᠦ ᠳᠦ᠂ 37 ᠰᠠᠦ᠋ᠯ ᠪᠤᠷᠬᠠᠨ ᠠᠴᠠ᠄ 《ᠪᠢ ᠹᠢᠯᠢᠰᠲ᠋ᠴᠦᠳ ᠢ ᠬᠥᠭᠡᠭᠡᠬᠦ ᠤᠤ︖ ᠲᠠ ᠲᠡᠳᠡᠨ ᠢ ᠢᠰᠷᠧᠯ ᠤᠨ ᠭᠠᠷ ᠲᠤ ᠲᠤᠰᠢᠶᠠᠬᠤ ᠤᠤ︖》 ᠭᠡᠵᠦ ᠠᠰᠠᠭᠤᠭᠰᠠᠨ ᠪᠣᠯᠪᠠᠴᠤ ᠪᠤᠷᠬᠠᠨ ᠲᠡᠷᠡ ᠡᠳᠦᠷ ᠬᠠᠷᠢᠭᠤᠯᠤᠭᠰᠠᠨ ᠦᠭᠡᠢ᠃ 38 ᠡᠢᠮᠦ ᠡᠴᠡ ᠰᠠᠦ᠋ᠯ᠄ 《ᠴᠡᠷᠢᠭ ᠤᠨ ᠠᠬᠠᠯᠠᠭᠴᠢᠳ ᠡ᠂ ᠲᠠ ᠨᠠᠷ ᠪᠦᠭᠦᠳᠡᠭᠡᠷ ᠢᠶᠡᠨ ᠨᠠᠰᠢ ᠢᠷᠡᠭᠲᠦᠨ᠃ ᠥᠨᠥᠳᠥᠷ ᠦᠨ ᠨᠢᠭᠦᠯ ᠬᠡᠨ ᠳᠦ ᠪᠠᠢᠭ᠎ᠠ ᠶᠢ ᠪᠠᠢᠴᠠᠭᠠᠵᠤ ᠦᠵᠡᠶ᠎ᠡ᠃ 39 ᠢᠰᠷᠧᠯ ᠤᠨ ᠠᠪᠤᠷᠠᠭᠴᠢ ᠪᠤᠷᠬᠠᠨ ᠤ ᠠᠮᠢᠳᠤ ᠪᠤᠢ ᠪᠠᠷ ᠲᠠᠩ᠋ᠭᠠᠷᠢᠭᠯᠠᠶ᠎ᠠ᠃ ᠮᠢᠨᠦ ᠬᠥᠪᠡᠭᠦᠨ ᠶᠣᠨᠠᠲ᠋ᠠᠨ ᠪᠠᠢᠭᠰᠠᠨ ᠴᠤ ᠲᠡᠷᠡ ᠬᠥᠮᠦᠨ ᠵᠠᠪᠠᠯ ᠦᠬᠦᠬᠦ ᠶᠣᠰᠣᠲᠠᠢ》 ᠭᠡᠬᠦ ᠳᠦ᠂ ᠠᠷᠠᠳ ᠣᠯᠠᠨ ᠤ ᠬᠡᠨ ᠨᠢ ᠴᠤ ᠲᠡᠭᠦᠨ ᠳᠦ ᠬᠠᠷᠢᠭᠤᠯᠤᠭᠰᠠᠨ ᠦᠭᠡᠢ ᠪᠠᠢᠪᠠ᠃ 40 ᠰᠠᠦ᠋ᠯ ᠪᠦᠬᠦ ᠢᠰᠷᠧᠯ ᠳᠤ᠄ 《ᠲᠠ ᠨᠠᠷ ᠲᠡᠷᠡ ᠲᠠᠯ᠎ᠠ ᠳᠤ ᠵᠣᠭᠰᠣᠭᠲᠤᠨ᠃ ᠪᠢ ᠥᠪᠡᠷ ᠦᠨ ᠢᠶᠠᠨ ᠬᠥᠪᠡᠭᠦᠨ ᠶᠣᠨᠠᠲ᠋ᠠᠨ ᠲᠠᠢ ᠬᠠᠮᠲᠤ ᠡᠨᠡ ᠲᠠᠯ᠎ᠠ ᠳᠤ ᠵᠣᠭᠰᠣᠶ᠎ᠠ》 ᠭᠡᠬᠦ ᠳᠦ᠂ ᠠᠷᠠᠳ ᠣᠯᠠᠨ ᠰᠠᠦ᠋ᠯ ᠳᠤ᠄ 《ᠲᠠ ᠰᠠᠢᠨ ᠭᠡᠵᠦ ᠪᠣᠳᠣᠭᠰᠠᠨ ᠢᠶᠠᠨ ᠬᠢ》 ᠭᠡᠪᠡ᠃ 41 ᠰᠠᠦ᠋ᠯ ᠢᠰᠷᠧᠯ ᠤᠨ ᠪᠤᠷᠬᠠᠨ ᠶᠣᠬᠣᠸᠠ ᠳᠤ᠄ 《ᠲᠡᠭᠦᠰ ᠳ᠋ᠦᠩ ᠢ ᠰᠣᠶᠣᠷᠬᠠᠭᠠᠴᠢ》 ᠭᠡᠰᠡᠨ ᠳᠦ᠂ ᠶᠣᠨᠠᠲ᠋ᠠᠨ᠂ ᠰᠠᠦ᠋ᠯ ᠬᠣᠶᠠᠷ ᠤᠨᠤᠭᠳᠠᠵᠤ᠂ ᠠᠷᠠᠳ ᠣᠯᠠᠨ ᠮᠤᠯᠲᠤᠷᠠᠪᠠ᠃ 42 ᠲᠡᠭᠡᠭᠡᠳ ᠰᠠᠦ᠋ᠯ᠄ 《ᠮᠢᠨᠦ ᠬᠥᠪᠡᠭᠦᠨ ᠶᠣᠨᠠᠲ᠋ᠠᠨ ᠪᠢᠳᠡ ᠬᠣᠶᠠᠷ ᠤᠨ ᠳᠤᠮᠳᠠ ᠰᠢᠪᠠᠭ᠎ᠠ ᠬᠠᠶᠠ》 ᠭᠡᠬᠦ ᠳᠦ᠂ ᠶᠣᠨᠠᠲ᠋ᠠᠨ ᠤᠨᠤᠭᠳᠠᠵᠤ ᠦᠯᠡᠳᠡᠪᠡ᠃
43 ᠰᠠᠦ᠋ᠯ ᠶᠣᠨᠠᠲ᠋ᠠᠨ ᠳᠤ᠄ 《ᠶᠠᠭᠤ ᠦᠢᠯᠡᠳᠦᠭᠰᠡᠨ ᠢᠶᠡᠨ ᠨᠠᠳᠠ ᠳᠤ ᠬᠡᠯᠡᠭᠡᠴᠢ》 ᠭᠡᠬᠦ ᠳᠦ᠂ ᠶᠣᠨᠠᠲ᠋ᠠᠨ ᠲᠡᠭᠦᠨ ᠳᠦ᠄ 《ᠪᠢ ᠭᠠᠷ ᠲᠠᠭᠠᠨ ᠪᠠᠢᠭᠰᠠᠨ ᠲᠠᠶᠠᠭ ᠤᠨ ᠦᠵᠦᠭᠦᠷ ᠢᠶᠡᠷ ᠵᠢᠭᠠᠬᠠᠨ ᠪᠠᠯ ᠠᠮᠰᠠᠭᠰᠠᠨ ᠯᠠ ᠳᠠ᠃ ᠬᠠᠷᠢᠨ ᠪᠢ ᠣᠳᠣ ᠦᠬᠦᠵᠦ ᠪᠣᠯᠣᠨ᠎ᠠ ᠰᠢᠦ ᠳᠠ》 ᠭᠡᠵᠦ ᠬᠡᠯᠡᠪᠡ᠃ 44 ᠰᠠᠦ᠋ᠯ᠄ 《ᠶᠣᠨᠠᠲ᠋ᠠᠨ︕ ᠴᠢ ᠵᠠᠪᠠᠯ ᠦᠬᠦᠬᠦ ᠶᠣᠰᠣᠲᠠᠢ᠃ ᠲᠡᠭᠡᠬᠦ ᠦᠭᠡᠢ ᠪᠣᠯ ᠪᠤᠷᠬᠠᠨ ᠨᠠᠮᠠᠶᠢ ᠬᠠᠲᠠᠭᠤ ᠰᠢᠳᠬᠡᠬᠦ ᠪᠣᠯᠲᠤᠭᠠᠢ︕》 ᠭᠡᠰᠡᠨ ᠳᠦ᠂ 45 ᠠᠷᠠᠳ ᠣᠯᠠᠨ ᠰᠠᠦ᠋ᠯ ᠳᠤ᠄ 《ᠡᠨᠡ ᠠᠭᠤᠤ ᠶᠡᠬᠡ ᠢᠯᠠᠯᠲᠠ ᠶᠢ ᠢᠰᠷᠧᠯ ᠳᠤ ᠠᠪᠴᠢᠷᠠᠭᠰᠠᠨ ᠶᠣᠨᠠᠲ᠋ᠠᠨ ᠦᠬᠦᠨ᠎ᠡ ᠭᠡᠵᠢ ᠤᠤ︖ ᠡᠨᠡ ᠨᠢ ᠬᠣᠯᠠ ᠪᠠᠢᠭ᠃ ᠶᠣᠬᠣᠸᠠ ᠶᠢᠨ ᠠᠮᠢᠳᠤ ᠪᠤᠢ ᠪᠠᠷ ᠲᠠᠩ᠋ᠭᠠᠷᠢᠭᠯᠠᠶ᠎ᠠ᠂ ᠲᠣᠯᠣᠭᠠᠢ ᠶᠢᠨ ᠭᠠᠭᠴᠠ ᠰᠢᠷᠬᠡᠭ ᠦᠰᠦ ᠨᠢ ᠴᠤ ᠭᠠᠵᠠᠷ ᠲᠤ ᠤᠨᠠᠵᠤ ᠪᠣᠯᠬᠤ ᠦᠭᠡᠢ᠃ ᠲᠡᠷᠡ ᠥᠨᠥᠳᠥᠷ ᠪᠤᠷᠬᠠᠨ ᠲᠠᠢ ᠬᠠᠮᠲᠤ ᠠᠵᠢᠯᠯᠠᠭᠰᠠᠨ ᠰᠢᠦ︕》 ᠭᠡᠯᠴᠡᠪᠡ᠃ ᠡᠢᠨ ᠬᠦ ᠠᠷᠠᠳ ᠣᠯᠠᠨ ᠶᠣᠨᠠᠲ᠋ᠠᠨ ᠢ ᠠᠪᠤᠷᠠᠵᠤ᠂ ᠲᠡᠷᠡ ᠦᠬᠦᠭᠰᠡᠨ ᠦᠭᠡᠢ᠃ 46 ᠰᠠᠦ᠋ᠯ ᠹᠢᠯᠢᠰᠲ᠋ᠴᠦᠳ ᠢ ᠮᠥᠷᠳᠡᠨ ᠬᠥᠭᠡᠭᠡᠬᠦ ᠪᠡᠨ ᠵᠣᠭᠰᠣᠭᠠᠵᠤ ᠪᠤᠴᠠᠭᠰᠠᠨ ᠳᠤ᠂ ᠹᠢᠯᠢᠰᠲ᠋ᠴᠦᠳ ᠨᠤᠲᠤᠭ ᠤᠷᠤᠭᠤ ᠪᠠᠨ ᠶᠠᠪᠤᠵᠠᠭᠠᠪᠠ᠃
ᠰᠠᠦ᠋ᠯ ᠤᠨ ᠢᠯᠠᠯᠲᠠ ᠪᠠ ᠲᠡᠭᠦᠨ ᠦ ᠭᠡᠷ ᠪᠦᠯᠢ
47 ᠰᠠᠦ᠋ᠯ ᠢᠰᠷᠧᠯ ᠢ ᠭᠠᠷ ᠲᠠᠭᠠᠨ ᠠᠪᠤᠭᠰᠠᠨ ᠠᠴᠠ ᠬᠣᠢᠰᠢ ᠲᠡᠭᠦᠨ ᠢ ᠲᠣᠭᠣᠷᠢᠨ ᠬᠦᠷᠢᠶᠡᠯᠡᠵᠦ ᠪᠠᠢᠭᠰᠠᠨ ᠠᠯᠢᠪᠠ ᠳᠠᠢᠰᠤᠨ ᠨᠤᠭᠤᠳ ᠪᠣᠯᠬᠤ ᠮᠣᠶᠠᠪ᠂ ᠠᠮᠣᠨᠴᠤᠳ᠂ ᠡᠳᠣᠮ᠂ ᠽᠣᠪᠠ ᠶᠢᠨ ᠬᠠᠭᠠᠳ ᠪᠣᠯᠣᠨ ᠹᠢᠯᠢᠰᠲ᠋ᠴᠦᠳ ᠲᠡᠢ ᠪᠠᠢᠯᠳᠤᠵᠤ᠂ ᠬᠠᠮᠢᠭᠠᠰᠢ ᠪᠠᠨ ᠡᠷᠭᠢᠭᠰᠡᠨ ᠴᠤ ᠲᠡᠳᠡᠨ ᠢ ᠪᠤᠲᠠ ᠨᠢᠷᠭᠡᠵᠦ ᠪᠠᠢᠪᠠ᠃ 48 ᠲᠡᠷᠡ ᠬᠦᠴᠦ ᠪᠡᠨ ᠳᠠᠢᠴᠢᠯᠠᠨ ᠠᠮᠠᠯᠧᠺᠴᠤᠳ ᠢ ᠴᠣᠬᠢᠵᠤ᠂ ᠢᠰᠷᠧᠯ ᠢ ᠳᠡᠭᠡᠷᠡᠮᠴᠦᠳ ᠦᠨ ᠭᠠᠷ ᠠᠴᠠ ᠠᠪᠤᠷᠠᠵᠠᠢ᠃
49 ᠰᠠᠦ᠋ᠯ ᠤᠨ ᠬᠥᠪᠡᠭᠦᠳ ᠨᠢ ᠶᠣᠨᠠᠲ᠋ᠠᠨ᠂ ᠢᠱᠧᠢ᠂ ᠮᠠᠯᠺᠢᠱᠦ᠋ᠶᠠ᠃ ᠬᠣᠶᠠᠷ ᠥᠬᠢᠨ ᠤ ᠬᠢᠨᠢ ᠤᠤᠭᠠᠨ ᠨᠢ ᠮᠧᠷᠠᠪ᠂ ᠤᠳᠠᠭᠠᠬᠢ ᠨᠢ ᠮᠢᠺᠠᠯ᠃ 50 ᠰᠠᠦ᠋ᠯ ᠤᠨ ᠡᠬᠡᠨᠡᠷ ᠢ ᠠᠾᠢᠨᠣᠶᠠᠮ ᠭᠡᠳᠡᠭ᠂ ᠲᠡᠷᠡ ᠪᠣᠯ ᠠᠾᠢᠮᠠᠽ ᠤᠨ ᠥᠬᠢᠨ᠃ ᠰᠠᠦ᠋ᠯ ᠤᠨ ᠴᠡᠷᠢᠭ ᠤᠨ ᠵᠠᠩᠵᠤᠨ ᠪᠣᠯ ᠠᠪᠨᠧᠷ᠂ ᠲᠡᠷᠡ ᠪᠣᠯ ᠰᠠᠦ᠋ᠯ ᠤᠨ ᠠᠪᠠᠭ᠎ᠠ ᠨᠧᠷ ᠤᠨ ᠬᠥᠪᠡᠭᠦᠨ᠃ 51 ᠰᠠᠦ᠋ᠯ ᠤᠨ ᠡᠴᠢᠭᠡ ᠨᠢ ᠺᠢᠱ ᠶᠤᠮ᠃ ᠠᠪᠨᠧᠷ ᠤᠨ ᠡᠴᠢᠭᠡ ᠨᠧᠷ ᠪᠣᠯ ᠠᠪᠢᠶᠧᠯ ᠤᠨ ᠬᠥᠪᠡᠭᠦᠨ ᠶᠤᠮ᠃
52 ᠰᠠᠦ᠋ᠯ ᠨᠠᠰᠤᠨ ᠲᠤᠷᠰᠢᠳᠠ ᠪᠠᠨ ᠹᠢᠯᠢᠰᠲ᠋ᠴᠦᠳ ᠲᠡᠢ ᠣᠯᠠᠨᠲᠠ ᠰᠢᠷᠦᠭᠦᠨ ᠲᠤᠯᠤᠯᠳᠤᠵᠠᠢ᠃ ᠡᠢᠮᠦ ᠡᠴᠡ ᠰᠠᠦ᠋ᠯ ᠬᠠᠷᠠᠭᠳᠠᠭᠰᠠᠨ ᠵᠣᠷᠢᠭᠲᠠᠢ ᠳᠠᠢᠴᠢᠨ ᠡᠷ᠎ᠡ ᠪᠦᠬᠦᠨ ᠢ ᠥᠪᠡᠷ ᠤᠷᠤᠭᠤ ᠪᠠᠨ ᠴᠤᠭᠯᠠᠭᠤᠯᠳᠠᠭ ᠪᠠᠢᠯ᠎ᠠ᠃