ᠮᠢᠺᠠ ᠨᠢᠭᠡ
1 ᠶᠦᠳᠠ ᠶᠢᠨ ᠬᠠᠭᠠᠳ ᠶᠣᠲ᠋ᠠᠮ᠂ ᠠᠬᠠᠽ᠂ ᠾᠧᠽᠧᠺᠢᠶ᠎ᠠ ᠶᠢᠨ ᠡᠳᠦᠷ ᠤᠳ ᠲᠤ᠂ ᠮᠣᠷᠧᠱᠧᠲ ᠤᠨ ᠬᠥᠮᠦᠨ ᠮᠢᠺᠠ ᠳᠤ ᠢᠷᠡᠭᠰᠡᠨ ᠶᠣᠬᠣᠸᠠ ᠶᠢᠨ ᠦᠭᠡᠰ᠂ ᠰᠠᠮᠠᠷᠢᠶ᠎ᠠ ᠪᠣᠯᠣᠨ ᠶᠧᠷᠦ᠋ᠰᠠᠯᠧᠮ ᠤᠨ ᠲᠠᠯ᠎ᠠ ᠪᠠᠷ ᠬᠢ ᠦᠵᠡᠭᠳᠡᠯ᠄
2 ᠦᠨᠳᠦᠰᠦᠲᠡᠨ ᠨᠦᠭᠦᠳ ᠡ᠂ ᠪᠦᠭᠦᠳᠡ ᠰᠣᠨᠣᠰᠴᠠᠭ᠎ᠠ ᠭᠠᠵᠠᠷ ᠪᠣᠯᠣᠨ ᠲᠡᠭᠦᠨ ᠦ ᠳᠣᠲᠣᠷᠠᠬᠢ ᠪᠦᠬᠦᠨ ᠡ᠂ ᠴᠢᠩᠨᠠᠵᠠᠭᠠ ᠡᠵᠡᠨ ᠶᠣᠬᠣᠸᠠ ᠲᠠ ᠨᠠᠷ ᠤᠨ ᠡᠰᠡᠷᠭᠦ ᠭᠡᠷᠡᠴᠢᠯᠡᠨ᠎ᠡ ᠡᠵᠡᠨ ᠠᠷᠢᠭᠤᠨ ᠥᠷᠭᠥᠭᠡᠨ ᠡᠴᠡ ᠪᠡᠨ ᠠᠢᠯᠠᠳᠤᠨ᠎ᠠ᠃
ᠢᠰᠷᠧᠯ ᠳᠤ ᠪᠠᠭᠤᠬᠤ ᠰᠢᠳᠬᠡᠯ
3 ᠬᠠᠷ᠎ᠠ᠂ ᠶᠣᠬᠣᠸᠠ ᠣᠷᠣᠰᠢᠬᠤ ᠭᠠᠵᠠᠷ ᠠᠴᠠ ᠪᠠᠨ ᠭᠠᠷᠴᠤ ᠪᠠᠢᠨ᠎ᠠ ᠲᠡᠷᠡ ᠪᠠᠭᠤᠨ ᠢᠷᠡᠵᠦ ᠭᠠᠵᠠᠷ ᠤᠨ ᠥᠨᠳᠥᠷᠯᠢᠭ ᠤᠳ ᠢ ᠭᠢᠰᠬᠢᠨ᠎ᠡ᠂
4 ᠲᠡᠭᠦᠨ ᠦ ᠳᠣᠣᠷ᠎ᠠ ᠠᠭᠤᠯᠠᠰ ᠬᠠᠢᠯᠵᠤ᠂ ᠬᠥᠨᠳᠡᠢ ᠨᠦᠭᠦᠳ ᠬᠤᠪᠢᠶᠠᠭᠳᠠᠨ ᠭᠠᠯ ᠤᠨ ᠡᠮᠦᠨᠡᠬᠢ ᠯᠠ ᠶᠢᠨ ᠲᠣᠰᠣ ᠬᠢᠰᠠᠭ᠎ᠠ ᠠᠴᠠ ᠴᠢᠳᠬᠤᠬᠤ ᠤᠰᠤ ᠮᠡᠲᠦ ᠪᠣᠯᠣᠨ᠎ᠠ᠃
5 ᠡᠨᠡ ᠪᠦᠭᠦᠳᠡ ᠨᠢ ᠶᠠᠺᠣᠪ ᠤᠨ ᠭᠡᠮ ᠢᠰᠷᠧᠯ ᠤᠨ ᠭᠡᠷ ᠦᠨ ᠨᠢᠭᠦᠯ ᠡᠴᠡ ᠪᠣᠯᠣᠭᠰᠠᠨ ᠶᠤᠮ ᠶᠠᠺᠣᠪ ᠤᠨ ᠭᠡᠮ ᠨᠢ ᠬᠠᠮᠢᠭ᠎ᠠ ᠪᠠᠢᠨ᠎ᠠ︖ ᠰᠠᠮᠠᠷᠢᠶ᠎ᠠ ᠳᠤ ᠪᠢᠰᠢ ᠤᠤ︖ ᠶᠦᠳᠠ ᠶᠢᠨ ᠮᠥᠷᠭᠥᠯ ᠦᠨ ᠮᠠᠨᠳᠠᠯ ᠤᠳ ᠬᠠᠮᠢᠭ᠎ᠠ ᠪᠠᠢᠨ᠎ᠠ︖ ᠶᠧᠷᠦ᠋ᠰᠠᠯᠧᠮ ᠳᠤ ᠪᠢᠰᠢ ᠤᠤ︖
6 ᠡᠢᠮᠦ ᠡᠴᠡ ᠪᠢ ᠰᠠᠮᠠᠷᠢᠶ᠎ᠠ ᠶᠢ ᠬᠡᠭᠡᠷ᠎ᠡ ᠲᠠᠯ᠎ᠠ ᠳᠠᠬᠢ ᠣᠪᠣᠭ᠎ᠠ ᠦᠵᠦᠮ ᠦᠨ ᠲᠠᠯᠠᠪᠠᠢ ᠪᠠᠢᠭᠤᠯᠬᠤ ᠭᠠᠵᠠᠷ ᠪᠣᠯᠭᠠᠨ ᠴᠢᠯᠠᠭᠤ ᠶᠢ ᠨᠢ ᠬᠥᠨᠳᠡᠢ ᠤᠷᠤᠭᠤ ᠬᠠᠶᠠᠵᠤ᠂ ᠰᠠᠭᠤᠷᠢ ᠶᠢ ᠨᠢ ᠢᠯᠡ ᠭᠠᠷᠭᠠᠨ᠎ᠠ᠃
7 ᠰᠢᠲᠦᠭᠡᠨ ᠨᠦᠭᠦᠳ ᠨᠢ ᠬᠠᠭ᠎ᠠ ᠴᠣᠬᠢᠭᠳᠠᠵᠤ ᠶᠠᠩ᠋ᠬᠠᠨ ᠤ ᠬᠥᠯᠥᠰᠥ ᠨᠢ ᠪᠦᠭᠦᠳᠡ ᠭᠠᠯ ᠳᠤ ᠰᠢᠲᠠᠭᠠᠭᠳᠠᠬᠤ ᠳᠤ ᠪᠢ ᠪᠦᠬᠦ ᠬᠥᠷᠥᠭ ᠢ ᠨᠢ ᠤᠰᠠᠳᠬᠠᠨ᠎ᠠ ᠶᠠᠩ᠋ᠬᠠᠨ ᠤ ᠬᠥᠯᠥᠰᠥ ᠪᠡᠷ ᠴᠤᠭᠯᠠᠭᠤᠯᠤᠭᠰᠠᠨ ᠡᠳᠡᠭᠡᠷ ᠵᠦᠢᠯ ᠳᠠᠬᠢᠨ ᠶᠠᠩ᠋ᠬᠠᠨ ᠤ ᠬᠥᠯᠥᠰᠥ ᠪᠡᠷ ᠬᠡᠷᠡᠭᠯᠡᠭᠳᠡᠨ᠎ᠡ᠃
8 ᠡᠢᠮᠦ ᠡᠴᠡ ᠪᠢ ᠭᠠᠰᠢᠭᠤᠳᠠᠨ ᠤᠬᠢᠯᠠᠵᠤ ᠬᠥᠯ ᠨᠢᠴᠦᠭᠦᠨ᠂ ᠱᠠᠯᠳᠠᠩ ᠶᠠᠪᠤᠨ᠎ᠠ ᠴᠢᠨᠣ᠎ᠠ ᠮᠡᠲᠦ ᠤᠯᠢᠨ᠂ ᠬᠢᠷᠭᠤᠤᠯ ᠮᠡᠲᠦ ᠣᠷᠢᠯᠠᠨ᠎ᠠ᠃
9 ᠰᠢᠷᠬ᠎ᠠ ᠨᠢ ᠡᠳᠡᠭᠡᠷᠡᠰᠢ ᠦᠭᠡᠢ ᠪᠥᠭᠡᠳ ᠶᠦᠳᠠ ᠳᠤ ᠬᠦᠷᠴᠦ ᠪᠠᠰᠠ ᠶᠧᠷᠦ᠋ᠰᠠᠯᠧᠮ ᠳᠤ᠂ ᠠᠷᠠᠳ ᠲᠦᠮᠡᠨ ᠦ ᠮᠢᠨᠢ ᠬᠠᠭᠠᠯᠭᠠᠨ ᠳᠤ ᠢᠷᠡᠭᠰᠡᠨ ᠪᠠᠢᠨ᠎ᠠ᠃
10 ᠭᠠᠲ ᠲᠤ ᠪᠦᠦ ᠮᠡᠳᠡᠭᠦᠯ᠂ ᠣᠭᠲᠣᠬᠠᠨ ᠴᠤ ᠪᠦᠦ ᠤᠬᠢᠯᠠ ᠪᠧᠲ ᠯᠧ ᠠᠹᠷᠠ 1 ᠳᠤ ᠰᠢᠷᠣᠢ ᠳᠡᠭᠡᠷ᠎ᠡ ᠥᠩᠬᠥᠷᠢ᠃
11 ᠱᠠᠹᠢᠷ 2 ᠤᠨ ᠰᠠᠭᠤᠭᠠᠯᠢᠴᠢᠳ ᠡ ᠰᠢᠪᠰᠢᠭ ᠲᠠᠢ ᠱᠠᠯᠳᠠᠩ ᠢᠶᠠᠷ ᠢᠶᠠᠨ ᠶᠠᠪᠤ ᠽᠠᠨᠠᠨ 3 ᠤ ᠰᠠᠭᠤᠭᠠᠯᠢᠴᠢᠳ ᠭᠠᠷᠴᠤ ᠢᠷᠡᠬᠦ ᠦᠭᠡᠢ ᠪᠠᠢᠨ᠎ᠠ ᠪᠧᠲ ᠡᠽᠧᠯ 4 ᠰᠠᠭᠤᠷᠢ ᠪᠠᠨ ᠪᠤᠯᠢᠶᠠᠯᠭᠠᠭᠰᠠᠨ ᠳᠠᠭᠠᠨ ᠭᠠᠰᠢᠭᠤᠳᠠᠨ᠎ᠠ᠃
12 ᠶᠣᠬᠣᠸᠠ ᠠᠴᠠ ᠵᠣᠪᠠᠯᠠᠩ ᠶᠧᠷᠦ᠋ᠰᠠᠯᠧᠮ ᠤᠨ ᠬᠠᠭᠠᠯᠭ᠎ᠠ ᠤᠷᠤᠭᠤ ᠪᠠᠭᠤᠭᠰᠠᠨ ᠤᠴᠢᠷ ᠮᠠᠷᠣᠲ 5 ᠤᠨ ᠰᠠᠭᠤᠭᠠᠯᠢᠴᠢᠳ ᠵᠢᠷᠭᠠᠯ ᠢ ᠬᠦᠰᠡᠨ ᠲᠡᠮᠡᠦᠯᠦᠨ᠎ᠡ᠃
13 ᠯᠠᠺᠢᠱ 6 ᠤᠨ ᠰᠠᠭᠤᠭᠠᠯᠢᠴᠢᠳ ᠡ᠂ ᠮᠣᠷᠢᠳ ᠢᠶᠠᠨ ᠲᠡᠷᠭᠡᠨ ᠳᠦ ᠬᠥᠯᠯᠡ ᠽᠢᠶᠣᠨ ᠥᠬᠢᠨ ᠤ ᠨᠢᠭᠦᠯ ᠴᠢᠮ᠎ᠠ ᠠᠴᠠ ᠡᠬᠢ ᠲᠠᠢ ᠢᠰᠷᠧᠯ ᠤᠨ ᠭᠡᠮ ᠪᠤᠷᠤᠭᠤ ᠴᠢᠮ᠎ᠠ ᠠᠴᠠ ᠣᠯᠳᠠᠳᠠᠭ᠃
14 ᠮᠣᠷᠧᠱᠧᠲ ᠭᠠᠳ᠋ 7 ᠲᠤ ᠴᠢ ᠰᠠᠯᠤᠯᠲᠠ ᠶᠢᠨ ᠪᠡᠯᠡᠭ ᠥᠭ ᠠᠺᠰᠢᠪ 8 ᠤᠨ ᠠᠢᠯ ᠤᠳ ᠢᠰᠷᠧᠯ ᠤᠨ ᠬᠠᠭᠠᠳ ᠤᠨ ᠤᠷᠮ᠎ᠠ ᠶᠢ ᠬᠤᠭᠤᠯᠬᠤ ᠪᠣᠯᠣᠨ᠎ᠠ᠃
15 ᠮᠠᠷᠧᠱᠠ 9 ᠶᠢᠨ ᠰᠠᠭᠤᠭᠠᠯᠢᠴᠢᠳ ᠡ᠂ ᠪᠢ ᠴᠢᠮ᠎ᠠ ᠳᠡᠭᠡᠷ᠎ᠡ ᠡᠵᠡᠯᠡᠭᠴᠢ ᠶᠢ ᠠᠪᠴᠢᠷᠠᠨ᠎ᠠ ᠢᠰᠷᠧᠯ ᠤᠨ ᠠᠯᠳᠠᠷᠲᠠᠳ ᠠᠳᠦ᠋ᠯᠠᠮ 10 ᠳᠤ ᠢᠷᠡᠬᠦ ᠪᠣᠯᠣᠨ᠎ᠠ᠃
16 ᠬᠥᠭᠡᠷᠦᠬᠦᠢ ᠬᠡᠦᠬᠡᠳ ᠦᠨ ᠢᠶᠠᠨ ᠲᠥᠯᠥᠭᠡ ᠴᠢ ᠭᠠᠰᠢᠭᠤᠳᠠᠵᠤ᠂ ᠦᠰᠦ ᠪᠡᠨ ᠬᠤᠰᠤ ᠲᠡᠳᠡ ᠴᠢᠮ᠎ᠠ ᠠᠴᠠ ᠠᠪᠠᠴᠢᠭᠳᠠᠵᠤ᠂ ᠴᠥᠯᠡᠭᠳᠡᠬᠦ ᠲᠤᠯᠠ ᠴᠢ ᠥᠪᠡᠷ ᠢ ᠪᠠᠨ ᠪᠦᠷᠭᠦᠳ ᠮᠡᠲᠦ ᠬᠠᠯᠵᠠᠨ ᠪᠣᠯᠭ᠎ᠠ᠃