ᠮᠢᠺᠠ ᠳᠥᠷᠪᠡ
ᠰᠡᠭᠦᠯᠴᠢ ᠶᠢᠨ ᠦᠶ᠎ᠡ ᠶᠢᠨ ᠨᠣᠶᠠᠷᠬᠠᠯ
1 ᠰᠡᠭᠦᠯᠴᠢ ᠶᠢᠨ ᠡᠳᠦᠷ ᠤᠳ ᠲᠤ ᠶᠣᠬᠣᠸᠠ ᠶᠢᠨ ᠥᠷᠭᠥᠭᠡᠨ ᠦ ᠠᠭᠤᠯᠠ ᠨᠢ ᠠᠭᠤᠯᠠᠰ ᠤᠨ ᠣᠷᠣᠢ ᠳᠤ ᠲᠣᠭᠲᠠᠨ ᠲᠣᠯᠣᠭᠠᠳ ᠠᠴᠠ ᠳᠡᠭᠡᠭᠦᠷ ᠡᠷᠭᠦᠮᠵᠢᠯᠡᠭᠳᠡᠨ᠎ᠡ ᠦᠨᠳᠦᠰᠦᠲᠡᠨ ᠨᠦᠭᠦᠳ ᠲᠡᠭᠦᠨ ᠤᠷᠤᠭᠤ ᠤᠷᠤᠰᠬᠤ ᠪᠣᠯᠣᠨ᠎ᠠ᠃
2 ᠣᠯᠠᠨ ᠦᠨᠳᠦᠰᠦᠲᠡᠨ᠄ 《ᠵᠠ︕ ᠪᠢᠳᠡ ᠶᠣᠬᠣᠸᠠ ᠶᠢᠨ ᠠᠭᠤᠯᠠ᠂ ᠶᠠᠺᠣᠪ ᠤᠨ ᠪᠤᠷᠬᠠᠨ ᠤ ᠥᠷᠭᠥᠭᠡ ᠥᠭᠡᠳᠡ ᠶᠠᠪᠤᠵᠠᠭᠠᠶ᠎ᠠ ᠲᠡᠷᠡ ᠪᠢᠳᠡᠨ ᠳᠦ ᠥᠪᠡᠷ ᠦᠨ ᠢᠶᠠᠨ ᠵᠠᠮ ᠢ ᠵᠢᠭᠠᠨ᠎ᠠ ᠪᠢᠳᠡ ᠲᠡᠭᠦᠨ ᠦ ᠵᠠᠮ ᠢᠶᠠᠷ ᠠᠯᠬᠤᠶ᠎ᠠ》 ᠬᠡᠮᠡᠨ ᠢᠷᠡᠵᠡᠭᠡᠬᠦ ᠪᠣᠯᠣᠨ᠎ᠠ᠃ ᠤᠴᠢᠷ ᠨᠢ ᠰᠤᠷᠭᠠᠯ ᠽᠢᠶᠣᠨ ᠠᠴᠠ ᠶᠣᠬᠣᠸᠠ ᠶᠢᠨ ᠦᠭᠡ ᠶᠧᠷᠦ᠋ᠰᠠᠯᠧᠮ ᠡᠴᠡ ᠭᠠᠷᠤᠨ᠎ᠠ᠃
3 ᠣᠯᠠᠨ ᠦᠨᠳᠦᠰᠦᠲᠡᠨ ᠦ ᠬᠣᠭᠣᠷᠣᠨᠳᠣᠬᠢ ᠶᠢ ᠲᠡᠷᠡ ᠰᠢᠭᠦᠵᠦ ᠠᠯᠤᠰ ᠤᠨ ᠬᠦᠴᠦᠲᠦ ᠭᠦᠷᠦᠨ ᠨᠦᠭᠦᠳ ᠦᠨ ᠲᠠᠯ᠎ᠠ ᠪᠠᠷ ᠴᠤ ᠲᠡᠷᠡ ᠰᠢᠢᠳᠦᠨ᠎ᠡ ᠲᠡᠳᠡ ᠢᠯᠳᠦ ᠪᠡᠨ ᠳᠠᠪᠲᠠᠨ ᠠᠨᠵᠢᠰᠤ᠂ ᠵᠢᠳᠠ ᠪᠠᠨ ᠳᠠᠪᠲᠠᠨ ᠬᠠᠳᠤᠭᠤᠷ ᠪᠣᠯᠭᠠᠨ᠎ᠠ ᠦᠨᠳᠦᠰᠦᠲᠡᠨ ᠦᠨᠳᠦᠰᠦᠲᠡᠨ ᠦ ᠪᠠᠨ ᠡᠰᠡᠷᠭᠦ ᠢᠯᠳᠦ ᠳᠠᠯᠠᠢᠬᠤ ᠦᠭᠡᠢ ᠳᠠᠢᠲᠤᠬᠤ ᠪᠠᠷ ᠳᠠᠬᠢᠨ ᠰᠤᠷᠭᠠᠭᠤᠯᠢᠯ ᠬᠢᠬᠦ ᠦᠭᠡᠢ᠃
4 ᠬᠥᠮᠦᠨ ᠪᠦᠷᠢ ᠦᠵᠦᠮ ᠪᠣᠯᠣᠨ ᠢᠨᠵᠢᠷ ᠤᠨ ᠮᠣᠳᠣᠨ ᠤ ᠪᠠᠨ ᠳᠣᠣᠷ᠎ᠠ ᠰᠠᠭᠤᠨ᠎ᠠ᠃ ᠬᠡᠨ ᠴᠤ ᠲᠡᠳᠡᠨ ᠢ ᠰᠦᠷᠳᠡᠭᠦᠯᠬᠦ ᠦᠭᠡᠢ ᠲᠡᠭᠦᠰ ᠬᠦᠴᠦᠲᠦ ᠶᠣᠬᠣᠸᠠ ᠶᠢᠨ ᠠᠮᠠ ᠡᠭᠦᠨ ᠢ ᠠᠢᠯᠠᠳᠪᠠ︕
5 ᠦᠨᠳᠦᠰᠦᠲᠡᠨ ᠪᠣᠯᠭᠠᠨ ᠥᠪᠡᠷ ᠦᠨ ᠪᠤᠷᠬᠠᠨ ᠤ ᠨᠡᠷ᠎ᠡ ᠪᠡᠷ ᠠᠯᠬᠤᠬᠤ ᠪᠣᠯᠪᠠᠴᠤ ᠪᠢᠳᠡ ᠦᠶ᠎ᠡ ᠶᠢᠨ ᠦᠶ᠎ᠡ ᠳᠦ ᠶᠣᠬᠣᠸᠠ ᠪᠤᠷᠬᠠᠨ ᠤ ᠪᠠᠨ ᠨᠡᠷ᠎ᠡ ᠪᠡᠷ ᠠᠯᠬᠤᠨ᠎ᠠ᠃
6 ᠶᠣᠬᠣᠸᠠ ᠠᠢᠯᠠᠳᠴᠤ ᠪᠠᠢᠨ᠎ᠠ᠄ 《ᠲᠡᠷᠡ ᠡᠳᠦᠷ ᠪᠢ ᠳᠣᠭᠣᠯᠠᠩ ᠤᠳ ᠪᠣᠯᠣᠨ ᠬᠥᠭᠡᠭᠡᠵᠦ ᠵᠣᠪᠠᠭᠠᠭᠰᠠᠨ ᠬᠥᠮᠦᠰ ᠢᠶᠡᠨ ᠬᠤᠷᠢᠶᠠᠨ ᠴᠤᠭᠯᠠᠭᠤᠯᠵᠤ
7 ᠳᠣᠭᠣᠯᠠᠩ ᠤᠳ ᠢ ᠨᠢ ᠦᠯᠡᠳᠡᠭᠰᠡᠳ᠂ ᠴᠥᠯᠡᠭᠳᠡᠭᠰᠡᠳ ᠢ ᠨᠢ ᠬᠦᠴᠦᠲᠦ ᠦᠨᠳᠦᠰᠦᠲᠡᠨ ᠪᠣᠯᠭᠠᠨ᠎ᠠ᠂ ᠶᠣᠬᠣᠸᠠ ᠪᠢ ᠽᠢᠶᠣᠨ ᠠᠭᠤᠯᠠᠨ ᠳᠤ ᠲᠡᠳᠡᠨ ᠢ ᠡᠳᠦᠭᠡ ᠡᠴᠡ ᠮᠥᠩᠬᠡᠳᠡ ᠬᠠᠭᠠᠨᠴᠢᠯᠠᠨ᠎ᠠ᠃》
8 ᠴᠢᠨᠦ ᠲᠤᠬᠠᠢ ᠳᠤ ᠭᠡᠪᠡᠯ᠂ ᠰᠦᠷᠦᠭ ᠦᠨ ᠴᠠᠮᠬᠠᠭ ᠡ ᠽᠢᠶᠣᠨ ᠥᠬᠢᠨ ᠤ ᠲᠣᠯᠣᠭᠠᠳ ᠡ ᠴᠢᠮ᠎ᠠ ᠳᠤ ᠤᠷᠢᠳᠤ ᠶᠢᠨ ᠨᠣᠶᠠᠷᠬᠠᠯ᠂ ᠶᠧᠷᠦ᠋ᠰᠠᠯᠧᠮ ᠤᠨ ᠥᠬᠢᠨ ᠤ ᠬᠠᠭᠠᠨᠴᠢᠯᠠᠯ ᠪᠤᠴᠠᠵᠤ ᠢᠷᠡᠨ᠎ᠡ︕
ᠴᠥᠯᠡᠯᠭᠡ ᠡᠴᠡ ᠢᠷᠡᠨ᠎ᠡ
9 ᠣᠳᠣ ᠴᠢ ᠶᠠᠭᠤᠨ ᠳᠤ ᠴᠢᠩᠭ᠍᠎ᠠ ᠪᠠᠷ ᠣᠷᠢᠯᠠᠨ᠎ᠠ ᠪᠤᠢ︖ ᠴᠢᠮ᠎ᠠ ᠳᠤ ᠬᠠᠭᠠᠨ ᠦᠭᠡᠢ ᠤᠤ︖ ᠵᠥᠪᠯᠡᠭᠴᠢ ᠴᠢᠨᠢ ᠠᠯᠠᠭ᠎ᠠ ᠪᠣᠯᠣᠭᠰᠠᠨ ᠤᠤ︖ ᠨᠢᠷᠠᠢᠯᠠᠵᠤ ᠪᠤᠢ ᠡᠮᠡᠭᠲᠡᠢ ᠰᠢᠭ ᠴᠢ ᠰᠢᠨᠠᠯᠤᠨ ᠵᠣᠪᠠᠵᠤ ᠪᠠᠢᠬᠤ ᠨᠢ᠃
10 ᠽᠢᠶᠣᠨ ᠥᠬᠢᠨ ᠡ᠂ ᠨᠢᠷᠠᠢᠯᠠᠵᠤ ᠪᠤᠢ ᠡᠮᠡᠭᠲᠡᠢ ᠰᠢᠭ ᠳᠦᠯᠢᠵᠦ ᠬᠦᠴᠦᠯᠡ ᠣᠳᠣ ᠴᠢ ᠬᠣᠲᠠ ᠠᠴᠠ ᠭᠠᠷᠴᠤ᠂ ᠬᠡᠭᠡᠷ᠎ᠡ ᠰᠠᠭᠤᠭᠰᠠᠨ ᠢᠶᠠᠨ ᠪᠠᠪᠢᠯᠣᠨ ᠬᠦᠷᠲᠡᠯ᠎ᠡ ᠶᠠᠪᠤᠵᠤ᠂ ᠲᠡᠨᠳᠡ ᠠᠪᠤᠷᠠᠭᠳᠠᠨ᠎ᠠ ᠲᠡᠨᠳᠡ ᠶᠣᠬᠣᠸᠠ ᠴᠢᠮᠠᠶᠢ ᠳᠠᠢᠰᠤᠨ ᠨᠤᠭᠤᠳ ᠤᠨ ᠴᠢᠨᠢ ᠭᠠᠷ ᠠᠴᠠ ᠵᠣᠯᠢᠨ ᠠᠪᠤᠨ᠎ᠠ᠃
11 ᠣᠳᠣ ᠣᠯᠠᠨ ᠦᠨᠳᠦᠰᠦᠲᠡᠨ ᠴᠢᠨᠦ ᠡᠰᠡᠷᠭᠦ ᠴᠤᠭᠯᠠᠷᠠᠵᠤ᠄ 《ᠽᠢᠶᠣᠨ ᠤ ᠪᠤᠵᠠᠷᠯᠠᠭᠳᠠᠬᠤ ᠶᠢ ᠪᠢᠳᠡ ᠨᠢᠳᠦ ᠪᠡᠷ ᠢᠶᠠᠨ ᠬᠠᠷᠠᠨ᠎ᠠ ᠳᠠ︕》 ᠭᠡᠵᠡᠭᠡᠵᠦ ᠪᠠᠢᠨ᠎ᠠ᠃
12 ᠶᠡᠦᠵᠢᠯᠡᠭᠰᠡᠨ ᠲᠠᠷᠢᠶ᠎ᠠ ᠶᠢ ᠦᠲᠦᠷᠮ᠎ᠡ ᠳᠦ ᠴᠤᠭᠯᠠᠭᠤᠯᠳᠠᠭ ᠰᠢᠭ᠋ ᠶᠣᠬᠣᠸᠠ ᠲᠡᠳᠡᠨ ᠢ ᠴᠤᠭᠯᠠᠭᠤᠯᠤᠭᠰᠠᠨ ᠠᠲᠠᠯ᠎ᠠ ᠲᠡᠳᠡ ᠲᠡᠭᠦᠨ ᠦ ᠰᠠᠨᠠᠭ᠎ᠠ ᠶᠢ ᠮᠡᠳᠡᠳᠡᠭ ᠦᠭᠡᠢ ᠲᠡᠭᠦᠨ ᠦ ᠵᠣᠷᠢᠯᠭ᠎ᠠ ᠶᠢ ᠣᠢᠯᠠᠭᠠᠳᠠᠭ ᠦᠭᠡᠢ᠃
13 ᠪᠣᠰᠴᠤ ᠭᠢᠰᠬᠢᠭᠲᠦᠨ᠂ ᠽᠢᠶᠣᠨ ᠥᠬᠢᠨ ᠡ ᠪᠢ ᠡᠪᠡᠷ ᠢ ᠴᠢᠨᠢ ᠲᠡᠮᠦᠷ᠂ ᠲᠤᠭᠤᠷᠠᠢ ᠶᠢ ᠴᠢᠨᠢ ᠬᠦᠷᠡᠯ ᠪᠣᠯᠭᠠᠨ᠎ᠠ ᠴᠢ ᠣᠯᠠᠨ ᠦᠨᠳᠦᠰᠦᠲᠡᠨ ᠢ ᠪᠤᠲᠠ ᠴᠣᠬᠢᠵᠤ ᠣᠯᠵᠠ ᠶᠢ ᠨᠢ ᠶᠣᠬᠣᠸᠠ ᠳᠤ᠂ ᠡᠳ᠋ ᠪᠠᠶᠠᠯᠢᠭ ᠢ ᠨᠢ ᠪᠦᠬᠦ ᠳᠡᠯᠡᠬᠡᠢ ᠶᠢᠨ ᠡᠵᠡᠨ ᠳᠦ ᠵᠣᠷᠢᠭᠤᠯᠬᠤ 11 ᠪᠣᠯᠣᠨ᠎ᠠ᠃