1 2 3 4


ᠮᠠᠯᠠᠺᠢ ᠨᠢᠭᠡ
 ᠢᠰᠷᠧᠯ ᠬᠠᠢᠷᠠᠯᠠᠭᠳᠠᠵᠤ ᠡᠳᠣᠮ ᠵᠢᠭ᠍ᠰᠢᠭᠳᠡᠪᠡ

1 ᠨᠢᠭᠡᠨ ᠰᠡᠷᠡᠮᠵᠢᠯᠡᠭᠦᠯᠦᠯᠭᠡ᠄ ᠮᠠᠯᠠᠺᠢ ᠪᠠᠷ ᠳᠠᠮᠵᠢᠭᠤᠯᠤᠨ ᠢᠰᠷᠧᠯ ᠳᠤ ᠠᠢᠯᠠᠳᠤᠭᠰᠠᠨ ᠶᠣᠬᠣᠸᠠ ᠶᠢᠨ ᠦᠭᠡ᠄ 2 《ᠪᠢ ᠲᠠ ᠨᠠᠷ ᠢ ᠬᠠᠢᠷᠠᠯᠠᠳᠠᠭ᠂》 ᠶᠣᠬᠣᠸᠠ ᠠᠢᠯᠠᠳᠴᠤ ᠪᠠᠢᠨ᠎ᠠ᠃ ᠭᠡᠪᠡᠴᠦ ᠲᠠ ᠨᠠᠷ᠄ 《ᠲᠠ ᠪᠢᠳᠡᠨ ᠢ ᠶᠠᠭᠠᠬᠢᠵᠤ ᠬᠠᠢᠷᠠᠯᠠᠳᠠᠭ ᠶᠤᠮ ᠪᠤᠢ︖》 ᠭᠡᠨ᠎ᠡ᠃ ᠶᠣᠬᠣᠸᠠ ᠠᠢᠯᠠᠳᠴᠤ ᠪᠠᠢᠨ᠎ᠠ᠂ 《ᠡᠰᠡᠦ᠋ ᠶᠠᠺᠣᠪ ᠤᠨ ᠠᠬ᠎ᠠ ᠨᠢ ᠪᠢᠰᠢ ᠤᠤ︖ ᠭᠡᠪᠡᠴᠦ ᠪᠢ ᠶᠠᠺᠣᠪ ᠢ ᠬᠠᠢᠷᠠᠯᠠᠵᠤ᠂ 3 ᠡᠰᠡᠦ᠋ ᠶᠢ ᠦᠵᠡᠨ ᠶᠠᠳᠠᠭᠰᠠᠨ᠃ ᠪᠢ ᠲᠡᠭᠦᠨ ᠦ ᠠᠭᠤᠯᠠᠰ ᠢ ᠬᠣᠭᠣᠰᠣᠷᠠᠭᠤᠯᠵᠤ᠂ ᠲᠡᠭᠦᠨ ᠦ ᠥᠪ ᠢ ᠴᠥᠯ ᠦᠨ ᠰᠢᠷᠠᠨᠤᠳ ᠤᠳ ᠲᠤ ᠲᠤᠰᠢᠶᠠᠭᠰᠠᠨ᠃》 4 ᠡᠳᠣᠮ᠄ 《ᠪᠢᠳᠡ ᠰᠦᠢᠷᠡᠭᠰᠡᠨ᠂ ᠭᠡᠪᠡᠴᠦ ᠪᠢᠳᠡ ᠪᠠᠯᠭᠠᠰᠤ ᠶᠢ ᠳᠠᠬᠢᠨ ᠪᠣᠰᠬᠠᠨ᠎ᠠ》 ᠭᠡᠳᠡᠭ᠂ ᠬᠠᠷᠢᠨ ᠠᠤᠭ᠎ᠠ ᠬᠦᠴᠦᠲᠦ ᠶᠣᠬᠣᠸᠠ ᠡᠢᠨ ᠬᠦ ᠠᠢᠯᠠᠳᠴᠤ ᠪᠠᠢᠨ᠎ᠠ᠂ 《ᠲᠡᠳᠡ ᠪᠣᠰᠬᠠᠭ᠂ ᠪᠢ ᠨᠤᠷᠠᠭᠠᠨ᠎ᠠ᠃ ᠲᠡᠳᠡ 〈ᠬᠣᠷᠣᠨ ᠮᠠᠭᠤ ᠨᠤᠲᠤᠭ〉᠂ 〈ᠶᠣᠬᠣᠸᠠ ᠶᠢᠨ ᠮᠥᠩᠬᠡ ᠶᠢᠨ ᠬᠢᠯᠢᠩ ᠳᠣᠣᠷᠠᠬᠢ ᠠᠷᠠᠳ ᠲᠦᠮᠡᠨ〉 ᠭᠡᠭᠳᠡᠬᠦ ᠪᠣᠯᠣᠨ᠎ᠠ᠃》 5 ᠲᠠ ᠨᠠᠷ ᠡᠭᠦᠨ ᠢ ᠨᠢᠳᠦ ᠪᠡᠷ ᠢᠶᠠᠨ ᠦᠵᠡᠵᠦ᠄ 《ᠶᠣᠬᠣᠸᠠ ᠢᠰᠷᠧᠯ ᠤᠨ ᠬᠢᠯᠢ ᠶᠢᠨ ᠴᠢᠨᠠᠳᠤ 1  ᠳᠤ ᠠᠭᠤᠤ ᠪᠠᠢᠨ᠎ᠠ》 ᠭᠡᠵᠦ ᠬᠡᠯᠡᠨ᠎ᠡ᠃
 ᠥ ᠰᠡᠪ ᠲᠡᠢ ᠲᠠᠬᠢᠯ

6 《〈ᠬᠦᠦ ᠨᠢ ᠡᠴᠢᠭᠡ ᠪᠡᠨ᠂ ᠵᠠᠷᠤᠴᠠ ᠨᠢ ᠡᠵᠡᠨ ᠢᠶᠡᠨ ᠬᠦᠨᠳᠦᠳᠬᠡᠳᠡᠭ᠃ ᠪᠢ ᠡᠴᠢᠭᠡ ᠶᠤᠮ ᠪᠣᠯ᠂ ᠨᠠᠮᠠᠶᠢ ᠬᠦᠨᠳᠦᠳᠬᠡᠭᠰᠡᠨ ᠨᠢ ᠬᠠᠮᠢᠭ᠎ᠠ ᠪᠠᠢᠨ᠎ᠠ︖ ᠪᠢ ᠡᠵᠡᠨ ᠶᠤᠮ ᠪᠣᠯ ᠨᠠᠳᠠ ᠠᠴᠠ ᠡᠮᠢᠶᠡᠭᠴᠢ ᠨᠢ ᠬᠠᠮᠢᠭ᠎ᠠ ᠪᠠᠢᠨ᠎ᠠ︖〉 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠂ 〈ᠮᠢᠨᠦ ᠨᠡᠷ᠎ᠡ ᠶᠢ ᠪᠠᠰᠤᠮᠵᠢᠯᠠᠳᠠᠭ ᠲᠠᠬᠢᠯᠴᠢᠳ ᠡ᠂〉 ᠬᠠᠷᠢᠨ ᠲᠠ ᠨᠠᠷ᠄ 〈ᠪᠢᠳᠡ ᠲᠠᠨ ᠤ ᠨᠡᠷ᠎ᠡ ᠶᠢ ᠶᠠᠭᠠᠬᠢᠵᠤ ᠪᠠᠰᠤᠮᠵᠢᠯᠠᠳᠠᠭ ᠪᠤᠢ︖〉 ᠭᠡᠨ᠎ᠡ᠂ 7 ᠲᠠ ᠨᠠᠷ ᠪᠤᠵᠠᠷᠲᠤᠭᠰᠠᠨ ᠪᠣᠣᠪᠣ ᠶᠢ ᠲᠠᠬᠢᠯ ᠤᠨ ᠰᠢᠷᠡᠭᠡᠨ ᠳᠡᠭᠡᠷ᠎ᠡ ᠮᠢᠨᠢ ᠡᠷᠭᠦᠭᠰᠡᠭᠡᠷ ᠪᠠᠢᠭ᠎ᠠ ᠬᠢᠷᠢ ᠨᠢ᠄ 〈ᠪᠢᠳᠡ ᠲᠠᠨ ᠤ ᠬᠢ ᠶᠢ ᠶᠠᠭᠠᠬᠢᠵᠤ ᠪᠤᠵᠠᠷᠯᠠᠭᠰᠠᠨ ᠪᠤᠢ︖〉 ᠭᠡᠨ᠎ᠡ᠂ 〈ᠶᠣᠬᠣᠸᠠ ᠶᠢᠨ ᠰᠢᠷᠡᠭᠡ ᠭᠡᠳᠡᠭ ᠴᠢᠨᠢ ᠵᠢᠭ᠍ᠰᠢᠯ ᠲᠠᠢ〉 ᠭᠡᠵᠦ ᠶᠠᠷᠢᠳᠠᠭ ᠢᠶᠠᠷ ᠢᠶᠠᠨ ᠶᠤᠮ᠃ 8 ᠲᠠ ᠨᠠᠷ ᠰᠣᠬᠣᠷ ᠮᠠᠯ ᠢ ᠲᠠᠬᠢᠯ ᠪᠣᠯᠭᠠᠨ ᠠᠪᠴᠢᠷᠠᠳᠠᠭ ᠨᠢ ᠮᠠᠭᠤ ᠪᠢᠰᠢ ᠭᠡᠵᠢ ᠤᠤ︖ ᠳᠣᠭᠣᠯᠠᠩ ᠪᠤᠶᠤ ᠡᠪᠡᠳᠴᠢᠨ ᠲᠡᠢ ᠶᠢ ᠠᠪᠴᠢᠷᠠᠳᠠᠭ ᠨᠢ ᠮᠠᠭᠤ ᠪᠢᠰᠢ ᠭᠡᠵᠢ ᠤᠤ︖ ᠲᠡᠳᠡᠭᠡᠷ ᠢ ᠵᠠᠬᠢᠷᠤᠭᠴᠢ ᠳᠠᠭᠠᠨ ᠡᠷᠭᠦᠵᠦ ᠦᠵᠡ᠃ ᠲᠡᠷᠡ ᠴᠢᠮᠠᠶᠢ ᠲᠠᠭᠠᠯᠠᠬᠤ ᠤᠤ︖ ᠴᠢᠨᠦᠬᠢ ᠶᠢ ᠬᠦᠯᠢᠶᠡᠨ ᠠᠪᠬᠤ ᠤᠤ︖》 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃ 9 《ᠡᠳᠦᠭᠡ ᠲᠠ ᠨᠠᠷ ᠪᠤᠷᠬᠠᠨ ᠤ ᠲᠠᠭᠠᠯᠠᠯ ᠢ ᠬᠦᠰᠡᠨ᠂ ᠲᠡᠭᠦᠨ ᠡᠴᠡ ᠭᠤᠶᠤᠵᠤ ᠦᠵᠡ᠂ ᠲᠠ ᠨᠠᠷ ᠤᠨ ᠭᠠᠷ ᠠᠴᠠ ᠲᠡᠢᠮᠦ ᠵᠦᠢᠯ ᠭᠠᠷᠤᠭᠰᠠᠨ ᠪᠠᠢᠬᠤ ᠳᠤ᠂ ᠲᠡᠷᠡ ᠲᠠ ᠨᠠᠷ ᠢ ᠬᠦᠯᠢᠶᠡᠨ ᠠᠪᠬᠤ ᠤᠤ︖》 ᠠᠤᠭ᠎ᠠ ᠬᠦᠴᠦᠲᠦ ᠶᠣᠬᠣᠸᠠ ᠠᠢᠯᠠᠳᠤᠯ᠎ᠠ᠃ 10 《ᠮᠢᠨᠦ ᠲᠠᠬᠢᠯ ᠤᠨ ᠰᠢᠷᠡᠭᠡᠨ ᠳᠡᠭᠡᠷ᠎ᠡ ᠭᠠᠯ ᠢ ᠳᠡᠮᠡᠢ ᠠᠰᠠᠭᠠᠵᠤ ᠪᠣᠯᠬᠤ ᠦᠭᠡᠢ᠃ ᠲᠠ ᠨᠠᠷ ᠤᠨ ᠬᠡᠨ ᠨᠢᠭᠡᠨ ᠨᠢ ᠬᠠᠭᠠᠯᠭ᠎ᠠ ᠨᠤᠭᠤᠳ ᠢ ᠬᠠᠭᠠᠭᠰᠠᠨ ᠴᠤ ᠪᠣᠯᠣᠭᠠᠰᠠᠢ︕ ᠪᠢ ᠲᠠ ᠨᠠᠷ ᠢ ᠲᠠᠭᠠᠯᠠᠳᠠᠭ ᠦᠭᠡᠢ᠂》 ᠠᠤᠭ᠎ᠠ ᠬᠦᠴᠦᠲᠦ ᠶᠣᠬᠣᠸᠠ ᠠᠢᠯᠠᠳᠤᠯ᠎ᠠ᠃ 《ᠪᠢ ᠲᠠ ᠨᠠᠷ ᠤᠨ ᠭᠠᠷ ᠠᠴᠠ ᠡᠷᠭᠦᠯ ᠢ ᠬᠦᠯᠢᠶᠡᠨ ᠠᠪᠬᠤ ᠦᠭᠡᠢ᠃》 11 《ᠤᠴᠢᠷ ᠨᠢ ᠨᠠᠷᠠ ᠮᠠᠨᠳᠤᠬᠤ ᠠᠴᠠ ᠵᠢᠷᠭᠠᠬᠤ ᠬᠦᠷᠲᠡᠯ᠎ᠡ ᠮᠢᠨᠦ ᠨᠡᠷ᠎ᠡ ᠦᠨᠳᠦᠰᠦᠲᠡᠨ ᠨᠦᠭᠦᠳ ᠦᠨ ᠳᠤᠮᠳᠠ ᠠᠭᠤᠤ ᠪᠠᠢᠬᠤ ᠪᠣᠯᠣᠨ᠎ᠠ᠃ ᠮᠢᠨᠦ ᠨᠡᠷ᠎ᠡ ᠦᠨᠳᠦᠰᠦᠲᠡᠨ ᠨᠦᠭᠦᠳ ᠦᠨ ᠳᠤᠮᠳᠠ ᠠᠭᠤᠤ ᠪᠣᠯᠬᠣᠷ ᠲᠡᠳᠡ ᠮᠢᠨᠦ ᠨᠡᠷ᠎ᠡ ᠳᠦ ᠵᠣᠷᠢᠭᠤᠯᠤᠨ ᠤᠲᠤᠯᠭ᠎ᠠ ᠪᠣᠯᠣᠨ ᠴᠡᠪᠡᠷ ᠡᠷᠭᠦᠯ ᠤᠳ ᠢ ᠭᠠᠵᠠᠷ ᠰᠠᠢ ᠦᠭᠡᠢ ᠡᠷᠭᠦᠬᠦ ᠪᠣᠯᠣᠨ᠎ᠠ᠂》 ᠠᠤᠭ᠎ᠠ ᠬᠦᠴᠦᠲᠦ ᠶᠣᠬᠣᠸᠠ ᠠᠢᠯᠠᠳᠤᠯ᠎ᠠ᠃ 12 《ᠭᠡᠪᠡᠴᠦ ᠲᠠ ᠨᠠᠷ 〈ᠡᠵᠡᠨ ᠦ ᠰᠢᠷᠡᠭᠡ ᠭᠡᠳᠡᠭ ᠴᠢᠨᠢ ᠪᠤᠵᠠᠷ᠂ ᠦᠷ᠎ᠡ ᠵᠢᠮᠢᠰ᠂ ᠢᠳᠡᠭᠡᠨ ᠭᠡᠳᠡᠭ ᠴᠢᠨᠢ ᠵᠢᠭ᠍ᠰᠢᠯ ᠲᠠᠢ〉 ᠭᠡᠵᠦ ᠶᠠᠷᠢᠳᠠᠭ ᠢᠶᠠᠷ ᠨᠡᠷ᠎ᠡ ᠶᠢ ᠮᠢᠨᠢ ᠭᠤᠲᠤᠭᠠᠵᠤ ᠪᠠᠢᠨ᠎ᠠ᠃ 13 ᠲᠠ ᠨᠠᠷ ᠪᠠᠰᠠ᠄ 〈ᠥ᠂ ᠶᠠᠷᠰᠢᠭ〉 ᠭᠡᠳ ᠬᠥᠬᠡ ᠢᠨᠢᠶᠡᠳᠦ ᠠᠯᠳᠠᠳᠠᠭ᠂》 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃ 《ᠲᠠ ᠨᠠᠷ ᠬᠤᠯᠠᠭᠠᠢᠯᠠᠭᠰᠠᠨ 2 ᠂ ᠡᠰᠡᠪᠡᠯ ᠳᠣᠭᠣᠯᠠᠩ᠂ ᠡᠰᠡᠪᠡᠯ ᠡᠪᠡᠳᠴᠢᠨ ᠲᠡᠢ ᠠᠮᠢᠲᠠᠨ ᠢ ᠠᠪᠴᠢᠷᠠᠵᠤ᠂ ᠲᠠᠬᠢᠯ ᠪᠣᠯᠭᠠᠨ ᠡᠷᠭᠦᠳᠡᠭ᠃ ᠲᠡᠳᠡᠭᠡᠷ ᠢ ᠴᠢᠨᠢ ᠪᠢ ᠲᠠ ᠨᠠᠷ ᠤᠨ ᠭᠠᠷ ᠠᠴᠠ ᠠᠪᠬᠤ ᠶᠣᠰᠣᠲᠠᠢ ᠤᠤ︖》 ᠶᠣᠬᠣᠸᠠ ᠠᠢᠯᠠᠳᠤᠯ᠎ᠠ᠃ 14 《ᠥᠪᠡᠷ ᠦᠨ ᠬᠢᠨᠢ ᠰᠦᠷᠦᠭ ᠲᠦ ᠡᠷ᠎ᠡ ᠬᠣᠨᠢ ᠪᠠᠢᠵᠤ᠂ ᠲᠡᠭᠦᠨ ᠢ ᠪᠠᠨ ᠡᠷᠭᠦᠬᠦ ᠪᠡᠷ ᠲᠠᠩ᠋ᠭᠠᠷᠢᠭᠯᠠᠭᠰᠠᠨ ᠠᠲᠠᠯ᠎ᠠ ᠭᠡᠮ ᠰᠣᠭᠣᠭ ᠲᠠᠢ ᠶᠢ ᠡᠵᠡᠨ ᠳᠦ ᠲᠠᠬᠢᠯ ᠪᠣᠯᠭᠠᠨ ᠡᠷᠭᠦᠳᠡᠭ ᠯᠤᠢᠪᠠᠷᠴᠢᠨ ᠬᠠᠷᠢᠶᠠᠭᠳᠠᠨ᠎ᠠ᠃ ᠤᠴᠢᠷ ᠨᠢ ᠪᠢ ᠪᠣᠯ ᠠᠤᠭ᠎ᠠ ᠬᠠᠭᠠᠨ ᠶᠤᠮ᠂ ᠦᠨᠳᠦᠰᠦᠲᠡᠨ ᠨᠦᠭᠦᠳ ᠮᠢᠨᠦ ᠨᠡᠷ᠎ᠡ ᠡᠴᠡ ᠡᠮᠢᠶᠡᠬᠦ ᠶᠣᠰᠣᠲᠠᠢ᠂》 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃