ᠮᠠᠯᠠᠺᠢ ᠬᠣᠶᠠᠷ
ᠲᠠᠬᠢᠯᠴᠢᠳ ᠲᠤ ᠠᠩ᠋ᠬᠠᠷᠤᠭᠤᠯᠪᠠ
1 ᠲᠠᠬᠢᠯᠴᠢᠳ ᠡ᠂ ᠡᠨᠡ ᠪᠣᠯ ᠣᠳᠣ ᠲᠠ ᠨᠠᠷ ᠲᠤ ᠥᠭᠬᠦ ᠠᠩ᠋ᠬᠠᠷᠤᠭᠤᠯᠭ᠎ᠠ᠄ 2 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠄ 《〈ᠬᠡᠷᠪᠡ ᠲᠠ ᠨᠠᠷ ᠰᠣᠨᠣᠰᠬᠤ ᠦᠭᠡᠢ᠂ ᠮᠢᠨᠦ ᠨᠡᠷ᠎ᠡ ᠶᠢ ᠬᠦᠨᠳᠦᠳᠬᠡᠬᠦ ᠳᠦ ᠰᠠᠨᠠᠭ᠎ᠠ ᠲᠠᠯᠪᠢᠬᠤ ᠦᠭᠡᠢ ᠪᠣᠯ᠂ ᠪᠢ ᠲᠠ ᠨᠠᠷ ᠳᠡᠭᠡᠷ᠎ᠡ ᠬᠠᠷᠢᠶᠠᠯ ᠪᠠᠭᠤᠯᠭᠠᠨ᠂ ᠢᠷᠥᠭᠡᠯ ᠤᠳ ᠢ ᠴᠢᠨᠢ ᠬᠠᠷᠢᠶᠠᠯ ᠪᠣᠯᠭᠠᠨ᠎ᠠ〉 ᠭᠡᠰᠡᠨ᠂ ᠲᠠ ᠨᠠᠷ ᠰᠠᠨᠠᠭ᠎ᠠ ᠲᠠᠯᠪᠢᠭ᠎ᠠ ᠦᠭᠡᠢ ᠤᠴᠢᠷ ᠪᠢ ᠬᠡᠳᠦᠢᠨ ᠬᠠᠷᠢᠶᠠᠭᠰᠠᠨ᠂ 3 ᠬᠠᠷ᠎ᠠ᠂ ᠪᠢ ᠲᠠ ᠨᠠᠷ ᠤᠨ ᠦᠷ᠎ᠡ ᠤᠳᠤᠮ ᠢ ᠵᠢᠮᠡᠯᠡᠬᠦ ᠭᠡᠵᠦ ᠪᠠᠢᠨ᠎ᠠ︕ ᠪᠢ ᠲᠠ ᠨᠠᠷ ᠤᠨ ᠨᠢᠭᠤᠷ ᠳᠡᠭᠡᠷ᠎ᠡ ᠪᠠᠶᠠᠷ ᠳᠡᠭᠡᠷᠡᠬᠢ ᠲᠠᠬᠢᠯ ᠤᠳ ᠤᠨ ᠴᠢᠨᠢ ᠰᠡᠪᠡᠰᠦ ᠶᠢ ᠰᠠᠴᠤᠵᠤ᠂ ᠲᠠ ᠨᠠᠷ ᠲᠡᠳᠡᠭᠡᠷ ᠲᠡᠢ ᠪᠡᠨ ᠬᠠᠮᠲᠤ ᠠᠪᠠᠴᠢᠭᠳᠠᠨ᠎ᠠ᠃
4 ᠲᠡᠭᠡᠬᠦ ᠳᠦ ᠯᠧᠸᠢ ᠲᠠᠢ ᠪᠠᠢᠭᠤᠯᠤᠭᠰᠠᠨ ᠭᠡᠷ᠎ᠡ ᠪᠡᠨ ᠬᠦᠴᠦᠨ ᠲᠡᠢ ᠪᠠᠢᠯᠭᠠᠬᠤ ᠶᠢᠨ ᠲᠤᠯᠠᠳᠠ ᠪᠢ ᠡᠨᠡ ᠠᠩ᠋ᠬᠠᠷᠤᠭᠤᠯᠭ᠎ᠠ ᠶᠢ ᠲᠠ ᠨᠠᠷ ᠲᠤ ᠶᠠᠪᠤᠭᠤᠯᠤᠭᠰᠠᠨ ᠭᠡᠳᠡᠭ ᠢ ᠲᠠ ᠨᠠᠷ ᠮᠡᠳᠡᠬᠦ ᠪᠣᠯᠣᠨ᠎ᠠ᠂》 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃ 5 《ᠲᠡᠭᠦᠨ ᠲᠡᠢ ᠲᠣᠭᠲᠠᠭᠰᠠᠨ ᠨᠢ ᠠᠮᠢ ᠪᠠ ᠡᠩᠬᠡ ᠶᠢᠨ ᠭᠡᠷ᠎ᠡ ᠶᠤᠮ᠂ ᠪᠢ ᠡᠳᠡᠭᠡᠷ ᠢ ᠲᠡᠭᠦᠨ ᠳᠦ ᠬᠦᠷᠲᠡᠭᠡᠭᠰᠡᠨ᠃ ᠪᠢ ᠡᠮᠢᠶᠡᠯ ᠲᠡᠢ ᠪᠠᠢᠳᠠᠯ ᠢ ᠨᠢ ᠬᠦᠰᠡᠬᠦ ᠳᠦ᠂ ᠲᠡᠷᠡ ᠨᠠᠳᠠ ᠠᠴᠠ ᠡᠮᠢᠶᠡᠪᠡ᠂ ᠮᠢᠨᠦ ᠨᠡᠷ᠎ᠡ ᠶᠢᠨ ᠡᠮᠦᠨ᠎ᠡ ᠴᠡᠴᠡᠷᠡᠵᠦ ᠪᠠᠢᠪᠠ᠃ 6 ᠦᠨᠡᠨ ᠦ ᠵᠢᠭᠠᠪᠤᠷᠢ ᠲᠡᠭᠦᠨ ᠦ ᠠᠮᠠᠨ ᠳᠤ ᠪᠠᠢᠭᠰᠠᠨ᠂ ᠰᠢᠳᠤᠷᠭᠤ ᠪᠤᠰᠤ ᠨᠢ ᠲᠡᠭᠦᠨ ᠦ ᠣᠷᠣᠭᠤᠯ ᠠᠴᠠ ᠣᠯᠳᠠᠭ᠎ᠠ ᠦᠭᠡᠢ᠂ ᠲᠡᠷᠡ ᠨᠠᠳᠠ ᠲᠠᠢ ᠬᠠᠮᠲᠤ ᠠᠮᠤᠭᠤᠯᠠᠩ ᠢᠶᠠᠷ ᠴᠢᠭ᠍ᠴᠢ ᠠᠯᠬᠤᠵᠤ᠂ ᠣᠯᠠᠨ ᠢ ᠭᠡᠮ ᠡᠴᠡ ᠡᠷᠭᠢᠭᠦᠯᠦᠭᠰᠡᠨ ᠪᠢᠯᠡ᠃ 7 ᠲᠠᠬᠢᠯᠴᠢ ᠶᠢᠨ ᠣᠷᠣᠭᠤᠯ ᠮᠡᠳᠡᠯᠭᠡ ᠶᠢ ᠬᠠᠳᠠᠭᠠᠯᠠᠬᠤ ᠪᠠ ᠬᠥᠮᠦᠰ ᠲᠡᠭᠦᠨ ᠦ ᠠᠮᠠᠨ ᠠᠴᠠ ᠵᠢᠭᠠᠪᠤᠷᠢ ᠶᠢ ᠬᠦᠰᠡᠬᠦ ᠨᠢ ᠵᠦᠢᠲᠡᠢ᠃ ᠲᠡᠷᠡ ᠪᠣᠯ ᠠᠤᠭ᠎ᠠ ᠬᠦᠴᠦᠲᠦ ᠶᠣᠬᠣᠸᠠ ᠶᠢᠨ ᠡᠯᠴᠢ ᠶᠤᠮ︕ 8 ᠬᠠᠷᠢᠨ ᠲᠠ ᠨᠠᠷ ᠵᠠᠮ ᠠᠴᠠ ᠪᠠᠨ ᠭᠠᠵᠢᠵᠤ᠂ ᠵᠢᠭᠠᠪᠤᠷᠢ ᠪᠠᠷ ᠢᠶᠠᠨ ᠣᠯᠠᠨ ᠢ ᠪᠦᠳᠦᠷᠢᠭᠦᠯᠵᠡᠢ᠃ ᠲᠡᠢᠨ ᠬᠦ ᠲᠠ ᠨᠠᠷ ᠯᠧᠸᠢ ᠶᠢᠨ ᠭᠡᠷ᠎ᠡ ᠶᠢ ᠡᠪᠳᠡᠪᠡ᠂ ᠠᠤᠭ᠎ᠠ ᠬᠦᠴᠦᠲᠦ ᠶᠣᠬᠣᠸᠠ ᠠᠢᠯᠠᠳᠤᠯ᠎ᠠ᠃ 9 《ᠲᠠ ᠨᠠᠷ ᠵᠠᠮ ᠢ ᠮᠢᠨᠢ ᠳᠠᠭᠠᠯ ᠦᠭᠡᠢ᠂ ᠵᠢᠭᠠᠪᠤᠷᠢ ᠥᠭᠬᠦ ᠳᠡᠭᠡᠨ ᠠᠯᠠᠭᠴᠢᠯᠠᠳᠠᠭ ᠤᠴᠢᠷ ᠠᠴᠠ ᠪᠢ ᠴᠤ ᠲᠠ ᠨᠠᠷ ᠢ ᠪᠦᠬᠦ ᠠᠷᠠᠳ ᠲᠦᠮᠡᠨ ᠦ ᠡᠮᠦᠨ᠎ᠡ ᠳᠣᠭᠣᠭᠢ ᠲᠣᠬᠣᠭᠤ ᠪᠣᠯᠭᠠᠪᠠ᠃
ᠢᠲᠡᠭᠡᠯ ᠪᠦᠦ ᠠᠯᠳᠠ
10 ᠪᠢᠳᠡ ᠪᠦᠭᠦᠳᠡᠭᠡᠷ ᠨᠢᠭᠡ ᠡᠴᠢᠭᠡ ᠲᠠᠢ ᠪᠢᠰᠢ ᠤᠤ︖ ᠭᠠᠭᠴᠠ ᠪᠤᠷᠬᠠᠨ ᠪᠢᠳᠡᠨ ᠢ ᠪᠦᠲᠦᠭᠡᠭᠰᠡᠨ ᠪᠢᠰᠢ ᠤᠤ︖ ᠶᠠᠭᠠᠬᠢᠭᠠᠳ ᠪᠢᠳᠡᠨ ᠦ ᠬᠥᠮᠦᠨ ᠪᠦᠷᠢ ᠪᠡᠶ᠎ᠡ ᠪᠡᠶ᠎ᠡ ᠳᠡᠭᠡᠨ ᠢᠲᠡᠭᠡᠯ ᠠᠯᠳᠠᠵᠤ ᠡᠴᠢᠭᠡ ᠡᠪᠦᠭᠡᠳ ᠦᠨ ᠢᠶᠠᠨ ᠭᠡᠷ᠎ᠡ ᠶᠢ ᠪᠤᠵᠠᠷᠯᠠᠨ᠎ᠠ ᠪᠤᠢ︖ 11 ᠶᠦᠳᠠ ᠢᠲᠡᠭᠡᠯ ᠠᠯᠳᠠᠵᠤ᠂ ᠢᠰᠷᠧᠯ ᠪᠣᠯᠣᠨ ᠶᠧᠷᠦ᠋ᠰᠠᠯᠧᠮ ᠳᠤ ᠵᠢᠭᠰᠢᠭᠦᠷᠢᠲᠦ ᠵᠦᠢᠯ ᠦᠢᠯᠡᠳᠦᠭᠳᠡᠪᠡ᠃ ᠶᠦᠳᠠ ᠬᠠᠷᠢ ᠶᠢᠨ ᠪᠤᠷᠬᠠᠨ ᠤ ᠥᠬᠢᠨ ᠲᠠᠢ ᠭᠡᠷᠯᠡᠭᠰᠡᠨ ᠢᠶᠡᠷ ᠢᠶᠠᠨ ᠶᠣᠬᠣᠸᠠ ᠶᠢᠨ ᠬᠠᠢᠷᠠᠯᠠᠳᠠᠭ ᠠᠷᠢᠭᠤᠨ ᠢ ᠪᠤᠵᠠᠷᠯᠠᠵᠠᠢ᠃ 12 ᠲᠡᠢᠨ ᠬᠦ ᠦᠢᠯᠡᠳᠦᠭᠴᠢ ᠨᠢ ᠶᠠᠮᠠᠷ ᠬᠥᠮᠦᠨ ᠪᠠᠢᠭᠰᠠᠨ ᠴᠤ᠂ ᠠᠤᠭ᠎ᠠ ᠬᠦᠴᠦᠲᠦ ᠶᠣᠬᠣᠸᠠ ᠳᠤ ᠡᠷᠭᠦᠯ ᠠᠪᠴᠢᠷᠠᠳᠠᠭ ᠪᠠᠢᠭᠰᠠᠨ ᠴᠤ᠂ ᠶᠣᠬᠣᠸᠠ ᠲᠡᠭᠦᠨ ᠢ ᠶᠠᠺᠣᠪ ᠤᠨ ᠭᠡᠷ ᠡᠴᠡ ᠲᠠᠰᠤᠯᠬᠤ ᠪᠣᠯᠲᠤᠭᠠᠢ᠃
13 ᠲᠠ ᠨᠠᠷ ᠡᠢᠮᠦ ᠵᠦᠢᠯ ᠢ ᠴᠤ ᠦᠢᠯᠡᠳᠴᠦ ᠪᠠᠢᠨ᠎ᠠ᠂ ᠲᠠ ᠨᠠᠷ ᠶᠣᠬᠣᠸᠠ ᠶᠢᠨ ᠲᠠᠬᠢᠯ ᠤᠨ ᠰᠢᠷᠡᠭᠡ ᠶᠢ ᠨᠢᠯᠪᠤᠰᠤ᠂ ᠤᠬᠢᠯᠠᠭᠠᠨ ᠪᠠ ᠰᠢᠨᠠᠯᠤᠯ ᠢᠶᠠᠷ ᠪᠦᠲᠡᠭᠡᠳᠡᠭ᠃ ᠡᠢᠮᠦ ᠡᠴᠡ ᠲᠡᠷᠡ ᠪᠡᠷ ᠴᠢᠨᠠᠭᠰᠢᠳᠠ ᠡᠷᠭᠦᠯ ᠢ ᠴᠢᠨᠢ ᠣᠢᠰᠢᠶᠠᠬᠤ ᠦᠭᠡᠢ᠂ ᠲᠡᠭᠦᠨ ᠢ ᠲᠠ ᠨᠠᠷ ᠤᠨ ᠭᠠᠷ ᠠᠴᠠ ᠳᠤᠷᠠᠲᠠᠢ ᠬᠦᠯᠢᠶᠡᠨ ᠠᠪᠬᠤ ᠦᠭᠡᠢ᠃ 14 ᠭᠡᠪᠡᠴᠦ ᠲᠠ ᠨᠠᠷ᠄ 〈ᠶᠠᠭᠠᠬᠢᠭᠠᠳ︖〉 ᠭᠡᠨ᠎ᠡ᠂ ᠤᠴᠢᠷ ᠨᠢ ᠴᠢᠨᠦ ᠵᠠᠯᠠᠭᠤ ᠨᠠᠰᠤᠨ ᠳᠠᠭᠠᠨ ᠠᠪᠤᠭᠰᠠᠨ ᠡᠬᠡᠨᠡᠷ ᠲᠠ ᠬᠣᠶᠠᠷ ᠤᠨ ᠬᠣᠭᠣᠷᠣᠨᠳᠣᠬᠢ ᠭᠡᠷᠡᠴᠢ ᠨᠢ ᠶᠣᠬᠣᠸᠠ ᠪᠠᠢᠭᠰᠠᠨ ᠠᠲᠠᠯ᠎ᠠ ᠴᠢ ᠥᠪᠡᠷ ᠦᠨ ᠢᠶᠠᠨ ᠬᠠᠨᠢ᠂ ᠲᠠᠩ᠋ᠭᠠᠷᠢᠭ ᠬᠢᠵᠦ ᠠᠪᠤᠭᠰᠠᠨ ᠡᠬᠡᠨᠡᠷ ᠲᠡᠭᠡᠨ ᠢᠲᠡᠭᠡᠯ ᠠᠯᠳᠠᠭᠰᠠᠨ᠃ 15 ᠶᠣᠬᠣᠸᠠ ᠲᠠ ᠨᠠᠷ ᠢ ᠨᠢᠭᠡ ᠪᠣᠯᠭᠠᠭᠰᠠᠨ ᠪᠢᠰᠢ ᠤᠤ︖ ᠮᠢᠬᠠᠨ ᠪᠡᠶ᠎ᠡ ᠪᠡᠷ ᠴᠤ᠂ ᠰᠦᠨᠡᠰᠦ ᠪᠡᠷ ᠴᠤ ᠲᠡᠳᠡ ᠪᠣᠯ ᠲᠡᠭᠦᠨ ᠦ ᠬᠢ᠃ ᠶᠠᠭᠠᠬᠢᠭᠠᠳ ᠨᠢᠭᠡ ᠪᠣᠯᠭᠠᠪᠠ︖ 3 ᠲᠡᠷᠡ ᠪᠡᠷ ᠪᠤᠷᠬᠠᠨ ᠤ ᠦᠷ᠎ᠡ ᠤᠳᠤᠮ ᠢ ᠬᠦᠰᠡᠵᠦ ᠪᠠᠢᠨ᠎ᠠ᠃ ᠲᠡᠢᠮᠦ ᠡᠴᠡ ᠲᠠ ᠨᠠᠷ ᠰᠦᠨᠡᠰᠦᠨ ᠳᠡᠭᠡᠨ ᠠᠩ᠋ᠬᠠᠷᠤᠯ ᠲᠠᠯᠪᠢᠵᠤ᠂ ᠵᠠᠯᠠᠭᠤ ᠨᠠᠰᠤᠨ ᠳᠠᠭᠠᠨ ᠠᠪᠤᠭᠰᠠᠨ ᠡᠬᠡᠨᠡᠷ ᠲᠡᠭᠡᠨ ᠢᠲᠡᠭᠡᠯ ᠪᠦᠦ ᠠᠯᠳᠠ᠃ 16 ᠤᠴᠢᠷ ᠨᠢ ᠪᠢ ᠰᠠᠯᠤᠯᠲᠠ ᠶᠢ ᠦᠵᠡᠨ ᠶᠠᠳᠠᠳᠠᠭ᠂》 ᠢᠰᠷᠧᠯ ᠤᠨ ᠪᠤᠷᠬᠠᠨ ᠶᠣᠬᠣᠸᠠ ᠠᠢᠯᠠᠳᠴᠤ ᠪᠠᠢᠨ᠎ᠠ᠃ 《ᠲᠡᠷᠡ ᠨᠢ ᠥᠪᠡᠷ ᠢ ᠪᠠᠨ ᠬᠦᠴᠦᠷᠬᠡᠭᠯᠡᠯ ᠢᠶᠡᠷ ᠬᠤᠪᠴᠠᠰᠤᠯᠠᠭᠰᠠᠨ ᠬᠡᠷᠡᠭ ᠶᠤᠮ᠂》 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃ 《ᠥᠪᠡᠷ ᠦᠨ ᠢᠶᠠᠨ ᠰᠦᠨᠡᠰᠦᠨ ᠳᠦ ᠰᠠᠨᠠᠭ᠎ᠠ ᠲᠠᠯᠪᠢᠵᠤ᠂ ᠢᠲᠡᠭᠡᠯ ᠪᠦᠦ ᠠᠯᠳᠠ᠃》
17 ᠲᠠ ᠨᠠᠷ ᠥᠪᠡᠷᠰᠡᠳ ᠦᠨ ᠢᠶᠠᠨ ᠦᠭᠡᠰ ᠢᠶᠡᠷ ᠶᠣᠬᠣᠸᠠ ᠶᠢ ᠲᠦᠪᠡᠭᠳᠡᠭᠦᠯᠳᠡᠭ᠌᠃ ᠭᠡᠪᠡᠴᠦ ᠲᠠ ᠨᠠᠷ᠄ 《ᠶᠠᠭᠠᠬᠢᠵᠤ ᠲᠦᠪᠡᠭᠳᠡᠭᠦᠯᠳᠡᠭ᠌ ᠶᠤᠮ ᠪᠤᠢ︖》 ᠭᠡᠨ᠎ᠡ᠃ ᠲᠠ ᠨᠠᠷ᠄ 《ᠮᠠᠭᠤ ᠶᠢ ᠦᠢᠯᠡᠳᠦᠭᠴᠢ ᠬᠥᠮᠦᠨ ᠪᠦᠷᠢ ᠶᠢ ᠶᠣᠬᠣᠸᠠ ᠰᠠᠢᠨ ᠬᠡᠮᠡᠨ ᠦᠵᠡᠵᠦ ᠲᠡᠳᠡᠨ ᠢ ᠲᠠᠭᠠᠰᠢᠶᠠᠳᠠᠭ》 ᠭᠡᠳ 《ᠰᠢᠳᠤᠷᠭᠤ ᠪᠤᠷᠬᠠᠨ ᠭᠡᠵᠦ ᠬᠠᠮᠢᠭ᠎ᠠ ᠪᠠᠢᠨ᠎ᠠ︖》 ᠭᠡᠳᠡᠭ ᠢᠶᠡᠷ ᠶᠤᠮ᠃