ᠮᠠᠯᠠᠺᠢ ᠭᠤᠷᠪᠠ
ᠡᠯᠴᠢ ᠠᠢᠰᠤᠢ
1 《ᠬᠠᠷ᠎ᠠ᠂ ᠪᠢ ᠥᠪᠡᠷ ᠦᠨ ᠢᠶᠠᠨ ᠡᠯᠴᠢ ᠶᠢ ᠢᠯᠡᠭᠡᠬᠦ ᠭᠡᠵᠦ ᠪᠠᠢᠨ᠎ᠠ᠃ ᠲᠡᠷᠡ ᠮᠢᠨᠦ ᠡᠮᠦᠨ᠎ᠡ ᠵᠠᠮ ᠢ ᠪᠡᠯᠡᠳᠬᠡᠨ᠎ᠡ᠃ ᠲᠡᠭᠡᠲᠡᠯ᠎ᠡ ᠲᠠ ᠨᠠᠷ ᠤᠨ ᠬᠠᠢᠵᠤ ᠪᠠᠢᠭ᠎ᠠ ᠡᠵᠡᠨ ᠥᠪᠡᠷ ᠦᠨ ᠢᠶᠠᠨ ᠣᠷᠳᠣᠨ ᠳᠤ ᠭᠡᠨᠡᠳᠲᠡ ᠢᠷᠡᠨ᠎ᠡ᠂ ᠬᠠᠷ᠎ᠠ᠂ ᠲᠠ ᠨᠠᠷ ᠤᠨ ᠮᠥᠷᠥᠭᠡᠳᠦᠯ ᠪᠣᠯᠭᠠᠵᠤ ᠪᠤᠢ ᠭᠡᠷ᠎ᠡ ᠶᠢᠨ ᠡᠯᠴᠢ ᠢᠷᠡᠵᠦ ᠪᠠᠢᠨ᠎ᠠ︕》 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠃ 2 《ᠲᠡᠷᠡ ᠪᠡᠷ ᠲᠡᠮᠦᠷ ᠪᠣᠯᠪᠠᠰᠤᠷᠠᠭᠤᠯᠤᠭᠴᠢ ᠶᠢᠨ ᠭᠠᠯ᠂ ᠤᠬᠢᠶᠠᠭᠴᠢ ᠶᠢᠨ ᠰᠠᠪᠤᠩ ᠮᠡᠲᠦ᠃ ᠲᠡᠭᠦᠨ ᠦ ᠢᠷᠡᠬᠦ ᠡᠳᠦᠷ ᠢ ᠬᠡᠨ ᠳᠠᠭᠠᠭᠠᠬᠤ ᠪᠤᠢ︖ ᠲᠡᠷᠡ ᠦᠵᠡᠭᠳᠡᠬᠦ ᠳᠦ ᠬᠡᠨ ᠵᠣᠭᠰᠣᠵᠤ ᠴᠢᠳᠠᠬᠤ ᠪᠤᠢ︖ 3 ᠲᠡᠷᠡ ᠪᠡᠷ ᠮᠥᠩᠭᠥ ᠶᠢ ᠪᠣᠯᠪᠠᠰᠤᠷᠠᠭᠤᠯᠤᠨ ᠴᠡᠪᠡᠷᠰᠢᠭᠦᠯᠦᠭᠴᠢ ᠮᠡᠲᠦ ᠰᠠᠭᠤᠨ᠎ᠠ᠂ ᠲᠡᠷᠡ ᠯᠧᠸᠢᠴᠦᠳ ᠢ ᠴᠡᠪᠡᠷᠰᠢᠭᠦᠯᠬᠦ ᠪᠣᠯᠣᠨ᠎ᠠ᠃ ᠠᠯᠲᠠ ᠪᠠ ᠮᠥᠩᠭᠥ ᠰᠢᠭ ᠡᠳ᠋ᠰᠢᠭᠦᠯᠦᠨ᠎ᠡ᠃ ᠢᠩᠭᠢᠭᠡᠳ ᠲᠡᠳᠡ ᠶᠣᠬᠣᠸᠠ ᠳᠤ ᠵᠣᠬᠢᠰᠲᠠᠢ ᠡᠷᠭᠦᠯ ᠤᠳ ᠢ ᠡᠷᠭᠦᠬᠦ ᠪᠣᠯᠵᠤ᠂ 4 ᠶᠦᠳᠠ ᠪᠠ ᠶᠧᠷᠦ᠋ᠰᠠᠯᠧᠮ ᠤᠨ ᠡᠷᠭᠦᠯ ᠨᠢ ᠡᠷᠲᠡᠨ ᠦ ᠡᠳᠦᠷ ᠤᠳ ᠤᠨ ᠬᠢ ᠰᠢᠭ᠂ ᠤᠷᠢᠳᠤ ᠶᠢᠨ ᠵᠢᠯ ᠤᠳ ᠤᠨ ᠬᠢ ᠰᠢᠭ ᠶᠣᠬᠣᠸᠠ ᠳᠤ ᠲᠠᠭᠠᠯᠠᠮᠵᠢᠲᠠᠢ ᠪᠠᠢᠬᠤ ᠪᠣᠯᠣᠨ᠎ᠠ᠃
5 ᠪᠢ ᠰᠢᠭᠦᠯᠲᠡ ᠬᠢᠬᠦ ᠪᠡᠷ ᠲᠠ ᠨᠠᠷ ᠲᠤ ᠣᠢᠷᠠᠲᠤᠨ ᠣᠴᠢᠨ᠎ᠠ᠃ ᠪᠢ ᠶᠢᠯᠸᠢᠴᠢᠳ᠂ ᠰᠠᠳᠤᠷᠯᠠᠭᠴᠢᠳ᠂ ᠬᠠᠭᠤᠷᠮᠠᠴᠢ ᠪᠠᠷ ᠲᠠᠩ᠋ᠭᠠᠷᠢᠭᠯᠠᠭᠴᠢᠳ᠂ ᠠᠵᠢᠯᠴᠢᠨ ᠤ ᠬᠥᠯᠥᠰᠥ ᠶᠢ ᠮᠥᠯᠵᠢᠭ᠍ᠴᠢᠳ᠂ ᠥᠨᠥᠴᠢᠨ ᠪᠡᠯᠪᠡᠰᠦᠨ ᠢ ᠳᠠᠷᠤᠯᠠᠭᠴᠢᠳ᠂ ᠬᠠᠷᠢ ᠬᠥᠮᠦᠨ ᠢ ᠬᠥᠭᠡᠭᠡᠭᠴᠢᠳ ᠪᠣᠯᠣᠨ ᠨᠠᠳᠠ ᠠᠴᠠ ᠦᠯᠦ ᠡᠮᠢᠶᠡᠭᠴᠢᠳ ᠤᠨ ᠡᠰᠡᠷᠭᠦ ᠲᠦᠭᠳᠡᠷᠡᠯ ᠦᠭᠡᠢ ᠭᠡᠷᠡᠴᠢᠯᠡᠨ᠎ᠡ᠃ ᠠᠤᠭ᠎ᠠ ᠬᠦᠴᠦᠲᠦ ᠶᠣᠬᠣᠸᠠ ᠠᠢᠯᠠᠳᠤᠯ᠎ᠠ᠃
ᠪᠤᠷᠬᠠᠨ ᠢ ᠪᠦᠦ ᠯᠤᠢᠪᠠᠷᠳᠠ
6 《ᠶᠣᠬᠣᠸᠠ ᠪᠢ ᠥᠭᠡᠷᠡᠴᠢᠯᠡᠭᠳᠡᠰᠢ ᠦᠭᠡᠢ᠂ ᠲᠡᠢᠮᠦ ᠡᠴᠡ ᠲᠠ ᠨᠠᠷ ᠮᠥᠬᠥᠬᠦ ᠦᠭᠡᠢ᠂ ᠶᠠᠺᠣᠪ ᠤᠨ ᠦᠷ᠎ᠡ ᠤᠳᠤᠮ ᠡ᠂ 7 ᠭᠡᠪᠡᠴᠦ ᠲᠠᠨ ᠤ ᠬᠢᠨ ᠡᠴᠢᠭᠡ ᠡᠪᠦᠭᠡᠳ ᠦᠨ ᠢᠶᠠᠨ ᠡᠳᠦᠷ ᠤᠳ ᠠᠴᠠ ᠡᠬᠢᠯᠡᠨ ᠲᠣᠭᠲᠠᠭᠠᠯ ᠤᠳ ᠠᠴᠠ ᠮᠢᠨᠢ ᠭᠠᠵᠢᠵᠤ ᠲᠡᠳᠡᠭᠡᠷ ᠢ ᠰᠠᠬᠢᠭ᠎ᠠ ᠦᠭᠡᠢ᠃ ᠲᠠ ᠨᠠᠷ ᠨᠠᠳᠠ ᠤᠷᠤᠭᠤ ᠡᠷᠭᠢ᠂ ᠲᠡᠭᠡᠪᠡᠯ ᠪᠢ ᠲᠠ ᠨᠠᠷ ᠤᠷᠤᠭᠤ ᠡᠷᠭᠢᠨ᠎ᠡ᠂》 ᠠᠤᠭ᠎ᠠ ᠬᠦᠴᠦᠲᠦ ᠶᠣᠬᠣᠸᠠ ᠠᠢᠯᠠᠳᠤᠯ᠎ᠠ᠃ ᠭᠡᠪᠡᠴᠦ ᠲᠠ ᠨᠠᠷ᠄ 《ᠶᠠᠭᠠᠬᠢᠵᠤ ᠡᠷᠭᠢᠬᠦ ᠪᠤᠢ︖》 ᠭᠡᠨ᠎ᠡ᠃
8 ᠬᠥᠮᠦᠨ ᠪᠤᠷᠬᠠᠨ ᠢ ᠯᠤᠢᠪᠠᠷᠳᠠᠬᠤ ᠤᠤ︖ ᠬᠠᠷᠢᠨ ᠲᠠ ᠨᠠᠷ ᠨᠠᠮᠠᠶᠢ ᠯᠤᠢᠪᠠᠷᠳᠠᠵᠤ ᠪᠠᠢᠨ᠎ᠠ︕ ᠭᠡᠪᠡᠴᠦ ᠲᠠ ᠨᠠᠷ᠄ 《ᠶᠠᠭᠠᠬᠢᠵᠤ ᠯᠤᠢᠪᠠᠷᠳᠠᠭᠰᠠᠨ ᠶᠤᠮ ᠪᠤᠢ︖》 ᠭᠡᠨ᠎ᠡ᠃ 《ᠠᠷᠪᠠᠨ ᠤ ᠨᠢᠭᠡ ᠪᠡᠷ ᠪᠠ ᠡᠷᠭᠦᠯ ᠢᠶᠡᠷ ᠶᠤᠮ᠃》 9 《ᠲᠠᠨ ᠤ ᠦᠨᠳᠦᠰᠦᠲᠡᠨ ᠪᠦᠬᠦᠯᠢ ᠳᠡᠭᠡᠨ ᠨᠠᠮᠠᠶᠢ ᠯᠤᠢᠪᠠᠷᠳᠠᠵᠤ ᠪᠠᠢᠭ᠎ᠠ ᠲᠤᠯᠠ ᠲᠠ ᠨᠠᠷ ᠬᠠᠷᠢᠶᠠᠯ ᠢᠶᠠᠷ ᠬᠠᠷᠢᠶᠠᠭᠳᠠᠭᠰᠠᠨ︕ 10 ᠲᠠ ᠨᠠᠷ ᠪᠦᠲᠦᠨ ᠠᠷᠪᠠᠨ ᠤ ᠨᠢᠭᠡ ᠪᠡᠨ ᠬᠥᠮᠥᠷᠭᠡ ᠳᠦ ᠠᠪᠴᠢᠷᠠᠵᠤ ᠥᠷᠭᠥᠭᠡᠨ ᠳᠦ ᠮᠢᠨᠢ ᠬᠣᠭᠣᠯᠠ ᠬᠦᠨᠡᠰᠦ ᠪᠠᠢᠯᠭ᠎ᠠ᠂》 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠂ 《ᠪᠢ ᠲᠠ ᠨᠠᠷ ᠤᠨ ᠲᠥᠯᠥᠭᠡ ᠲᠩᠷᠢ ᠶᠢᠨ ᠴᠣᠩ᠋ᠬᠣ ᠶᠢ ᠨᠡᠭᠡᠭᠡᠵᠦ᠂ ᠲᠠ ᠨᠠᠷ ᠲᠤ ᠢᠪᠡᠭᠡᠯ ᠢ ᠪᠢᠯᠬᠠᠷᠠᠲᠠᠯᠠ ᠴᠢᠳᠬᠤᠬᠤ ᠡᠰᠡᠬᠦ ᠶᠢᠨ ᠲᠠᠯ᠎ᠠ ᠪᠠᠷ ᠲᠠ ᠨᠠᠷ ᠡᠭᠦᠨ ᠢᠶᠡᠷ ᠨᠠᠮᠠᠶᠢ ᠰᠢᠯᠭ᠎ᠠ᠂ 11 ᠪᠢ ᠲᠠ ᠨᠠᠷ ᠤᠨ ᠲᠥᠯᠥᠭᠡ ᠴᠥᠯᠮᠥᠭᠴᠢ ᠶᠢ ᠵᠢᠮᠡᠯᠡᠬᠦ ᠲᠤᠯᠠ ᠲᠡᠷᠡ ᠨᠤᠲᠤᠭ ᠤᠨ ᠴᠢᠨᠢ ᠦᠷ᠎ᠡ ᠵᠢᠮᠢᠰ ᠢ ᠬᠥᠨᠥᠭᠡᠬᠦ ᠦᠭᠡᠢ᠂ ᠲᠠᠯᠠᠪᠠᠢ ᠳᠠᠬᠢ ᠦᠵᠦᠮ ᠦᠨ ᠮᠣᠳᠣᠨ ᠤ ᠴᠢᠨᠢ ᠵᠢᠮᠢᠰ ᠢ ᠬᠠᠲᠠᠭᠠᠬᠤ ᠦᠭᠡᠢ᠃》 ᠠᠤᠭ᠎ᠠ ᠬᠦᠴᠦᠲᠦ ᠶᠣᠬᠣᠸᠠ ᠠᠢᠯᠠᠳᠤᠯ᠎ᠠ᠃ 12 ᠲᠠ ᠨᠠᠷ ᠪᠠᠶᠠᠰᠬᠤᠯᠠᠩᠲᠤ ᠨᠤᠲᠤᠭ ᠤᠨ ᠬᠢᠨ ᠪᠣᠯᠬᠤ ᠤᠴᠢᠷ ᠠᠴᠠ ᠪᠦᠬᠦ ᠦᠨᠳᠦᠰᠦᠲᠡᠨ ᠲᠠ ᠨᠠᠷ ᠢ 《ᠪᠤᠶᠠᠨ ᠲᠠᠢ》 ᠭᠡᠵᠡᠭᠡᠬᠦ ᠪᠣᠯᠣᠨ᠎ᠠ᠂ ᠠᠤᠭ᠎ᠠ ᠬᠦᠴᠦᠲᠦ ᠶᠣᠬᠣᠸᠠ ᠠᠢᠯᠠᠳᠤᠯ᠎ᠠ᠃
ᠢᠲᠡᠭᠡᠯᠲᠡᠨ ᠦ ᠱᠠᠩᠨᠠᠯ
13 《ᠲᠠ ᠨᠠᠷ ᠨᠠᠳᠠ ᠳᠤ ᠰᠢᠷᠦᠭᠦᠨ ᠦᠭᠡ ᠶᠠᠷᠢᠳᠠᠭ᠂》 ᠶᠣᠬᠣᠸᠠ ᠠᠢᠯᠠᠳᠤᠯ᠎ᠠ᠃ ᠭᠡᠪᠡᠴᠦ ᠲᠠ ᠨᠠᠷ᠄ 《ᠲᠠᠨ ᠳᠤ ᠶᠠᠭᠤ ᠶᠠᠷᠢᠭᠰᠠᠨ ᠶᠤᠮ ᠪᠤᠢ︖》 ᠭᠡᠨ᠎ᠡ᠃ 14 ᠲᠠ ᠨᠠᠷ᠄ 《ᠪᠤᠷᠬᠠᠨ ᠳᠤ ᠦᠢᠯᠡᠴᠢᠯᠡᠬᠦ ᠨᠢ ᠳᠡᠮᠡᠢ᠂ ᠪᠢᠳᠡ ᠲᠡᠭᠦᠨ ᠦ ᠰᠠᠬᠢᠭᠤᠯᠤᠭᠰᠠᠨ ᠢ ᠰᠠᠬᠢᠬᠤ᠂ ᠠᠤᠭ᠎ᠠ ᠬᠦᠴᠦᠲᠦ ᠶᠣᠬᠣᠸᠠ ᠶᠢᠨ ᠡᠮᠦᠨ᠎ᠡ ᠭᠠᠰᠢᠭᠤᠳᠠᠨ ᠶᠠᠪᠤᠬᠤ ᠨᠢ ᠶᠠᠮᠠᠷ ᠠᠰᠢᠭ ᠲᠠᠢ ᠶᠤᠮ ᠪᠤᠢ︖
15 ᠣᠳᠣ ᠪᠢᠳᠡ ᠶᠡᠬᠡᠮᠰᠦᠭ ᠬᠥᠮᠦᠨ ᠢ 〈ᠪᠤᠶᠠᠨ ᠲᠠᠢ〉 ᠭᠡᠶ᠎ᠡ᠂ ᠭᠡᠮ ᠪᠤᠷᠤᠭᠤ ᠶᠢ ᠦᠢᠯᠡᠳᠦᠭᠴᠢᠳ ᠪᠠᠳᠠᠷᠠᠬᠤ ᠪᠠᠷ ᠪᠠᠷᠠᠬᠤ ᠦᠭᠡᠢ᠂ ᠪᠤᠷᠬᠠᠨ ᠢ ᠰᠥᠷᠥᠭᠰᠡᠨ ᠴᠤ ᠮᠤᠯᠲᠤᠷᠠᠳᠠᠭ ᠶᠤᠮ》 ᠭᠡᠯᠴᠡᠳᠡᠭ᠃ 16 ᠲᠡᠭᠡᠬᠦ ᠳᠦ ᠶᠣᠬᠣᠸᠠ ᠠᠴᠠ ᠡᠮᠢᠶᠡᠭᠴᠢᠳ ᠪᠡᠶ᠎ᠡ ᠪᠡᠶ᠎ᠡ ᠲᠠᠢ ᠪᠠᠨ ᠶᠠᠷᠢᠯᠴᠠᠪᠠ᠃ ᠶᠣᠬᠣᠸᠠ ᠠᠩ᠋ᠬᠠᠷᠤᠯ ᠲᠠᠢ ᠰᠣᠨᠣᠰᠴᠤ᠂ ᠶᠣᠬᠣᠸᠠ ᠠᠴᠠ ᠡᠮᠢᠶᠡᠭᠴᠢᠳ ᠪᠣᠯᠣᠨ ᠲᠡᠭᠦᠨ ᠦ ᠨᠡᠷ᠎ᠡ ᠶᠢ ᠬᠦᠨᠳᠦᠳᠬᠡᠭᠴᠢᠳ ᠤᠨ ᠲᠠᠯ᠎ᠠ ᠪᠠᠷ ᠥᠪᠡᠷ ᠦᠨ ᠢᠶᠠᠨ ᠡᠮᠦᠨᠡᠬᠢ ᠲᠡᠮᠳᠡᠭᠯᠡᠯ ᠦᠨ ᠨᠣᠮ ᠳᠡᠭᠡᠷ᠎ᠡ ᠪᠢᠴᠢᠵᠡᠢ᠃ 17 ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠄ 《ᠡᠷᠳᠡᠨᠢᠰ ᠢᠶᠠᠨ ᠬᠤᠷᠢᠶᠠᠬᠤ ᠡᠳᠦᠷ ᠲᠦ ᠮᠢᠨᠢ ᠲᠡᠳᠡ ᠮᠢᠨᠦᠬᠢ ᠪᠣᠯᠣᠨ᠎ᠠ᠂ ᠬᠥᠮᠦᠨ ᠥᠪᠡᠷ ᠲᠤᠨᠢ ᠦᠢᠯᠡᠴᠢᠯᠡᠳᠡᠭ᠌ ᠬᠦᠦ ᠪᠡᠨ ᠪᠥᠭᠡᠴᠡᠢᠯᠡᠳᠡᠭ ᠦᠨ ᠠᠳᠠᠯᠢ ᠪᠢ ᠲᠡᠳᠡᠨ ᠢ ᠪᠥᠭᠡᠴᠡᠢᠯᠡᠬᠦ ᠪᠣᠯᠣᠨ᠎ᠠ᠃ 18 ᠲᠡᠭᠡᠬᠦ ᠳᠦ ᠲᠠ ᠨᠠᠷ ᠵᠥᠪᠲᠡᠨ ᠪᠠ ᠪᠤᠷᠤᠭᠤᠲᠠᠨ ᠤ ᠬᠣᠭᠣᠷᠣᠨᠳᠣᠬᠢ᠂ ᠪᠤᠷᠬᠠᠨ ᠳᠤ ᠦᠢᠯᠡᠴᠢᠯᠡᠭᠴᠢ ᠪᠠ ᠦᠯᠦ ᠦᠢᠯᠡᠴᠢᠯᠡᠭᠴᠢ ᠶᠢᠨ ᠬᠣᠭᠣᠷᠣᠨᠳᠣᠬᠢ ᠢᠯᠭᠠᠭ᠎ᠠ ᠶᠢ ᠳᠠᠬᠢᠨ ᠬᠠᠷᠠᠬᠤ ᠪᠣᠯᠣᠨ᠎ᠠ᠃》