1 2 3 4


ᠷᠦᠲ ᠨᠢᠭᠡ
 ᠷᠦᠲ ᠨᠠᠶᠣᠮᠢ ᠲᠠᠢ ᠬᠠᠮᠲᠤ ᠪᠧᠲ᠋ᠯᠧᠾᠧᠮ ᠤᠷᠤᠭᠤ ᠨᠡᠭᠦᠪᠡ

1 ᠰᠢᠭᠦᠭᠴᠢᠳ ᠤᠨ ᠵᠠᠬᠢᠷᠴᠤ ᠪᠠᠢᠭᠰᠠᠨ ᠡᠳᠦᠷ ᠤᠳ ᠲᠤ ᠲᠡᠷᠡ ᠭᠠᠵᠠᠷ ᠲᠤ ᠥᠯᠥᠰᠬᠥᠯᠡᠩ ᠪᠣᠯᠪᠠ᠃ ᠶᠦᠳᠠ ᠶᠢᠨ ᠪᠧᠲ᠋ᠯᠧᠾᠧᠮ ᠡᠴᠡ ᠨᠢᠭᠡᠨ ᠡᠷ᠎ᠡ ᠡᠬᠡᠨᠡᠷ ᠪᠣᠯᠣᠨ ᠬᠣᠶᠠᠷ ᠬᠥᠪᠡᠭᠦᠨ ᠲᠡᠢ ᠪᠡᠨ ᠭᠠᠷᠴᠤ ᠮᠣᠶᠠᠪ ᠤᠨ ᠨᠤᠲᠤᠭ ᠲᠤ ᠲᠦᠷ ᠰᠠᠭᠤᠬᠤ ᠪᠠᠷ ᠶᠠᠪᠤᠪᠠ᠃ 2 ᠲᠡᠷᠡ ᠬᠥᠮᠦᠨ ᠦ ᠨᠡᠷ᠎ᠡ ᠡᠯᠢᠮᠧᠯᠧᠺ᠂ ᠡᠬᠡᠨᠡᠷ ᠦᠨ ᠬᠢᠨᠢ ᠨᠡᠷ᠎ᠡ ᠨᠠᠶᠣᠮᠢ᠂ ᠬᠣᠶᠠᠷ ᠬᠥᠪᠡᠭᠦᠨ ᠦ ᠬᠢᠨᠢ ᠨᠡᠷ᠎ᠡ ᠮᠠᠯᠣᠨ ᠪᠠ ᠺᠢᠯᠢᠶᠣᠨ ᠪᠠᠢᠪᠠ᠃ ᠲᠡᠳᠡ ᠪᠣᠯ ᠶᠦᠳᠠ ᠶᠢᠨ ᠪᠧᠲ᠋ᠯᠧᠾᠧᠮ ᠤᠨ ᠡᠹᠷᠠᠲ ᠤᠨ ᠬᠢᠨ ᠠᠵᠢ᠃ ᠲᠡᠳᠡ ᠨᠠᠷ ᠮᠣᠶᠠᠪ ᠤᠨ ᠨᠤᠲᠤᠭ ᠲᠤ ᠬᠦᠷᠴᠦ᠂ ᠲᠡᠨᠳᠡ ᠪᠡᠨ ᠰᠠᠭᠤᠵᠤ ᠪᠠᠢᠲᠠᠯ᠎ᠠ 3 ᠨᠠᠶᠣᠮᠢ ᠶᠢᠨ ᠨᠥᠬᠥᠷ ᠡᠯᠢᠮᠧᠯᠧᠺ ᠨᠠᠶᠣᠮᠢ ᠪᠣᠯᠣᠨ ᠬᠣᠶᠠᠷ ᠬᠥᠪᠡᠭᠦᠨ ᠢᠶᠡᠨ ᠣᠷᠬᠢᠵᠤ ᠨᠠᠰᠤ ᠪᠠᠷᠠᠪᠠ᠃ 4 ᠬᠥᠪᠡᠭᠦᠳ ᠨᠢ ᠮᠣᠶᠠᠪ ᠡᠮᠡᠭᠲᠡᠢᠴᠦᠳ ᠡᠴᠡ ᠡᠬᠡᠨᠡᠷ ᠠᠪᠴᠠᠭᠠᠵᠠᠢ᠃ ᠨᠢᠭᠡᠨ ᠦ ᠬᠢᠨᠢ ᠨᠡᠷ᠎ᠡ ᠣᠷᠫᠠ᠂ ᠨᠥᠭᠥᠭᠡ ᠶᠢᠨ ᠬᠢᠨᠢ ᠨᠡᠷ᠎ᠡ ᠷᠦᠲ ᠪᠠᠢᠪᠠ᠃ ᠲᠡᠳᠡ ᠲᠡᠨᠳᠡ ᠪᠡᠨ ᠠᠷᠪᠠᠭᠠᠳ ᠵᠢᠯ ᠰᠠᠭᠤᠵᠤ ᠪᠠᠢᠲᠠᠯ᠎ᠠ 5 ᠮᠠᠯᠣᠨ᠂ ᠺᠢᠯᠢᠶᠣᠨ ᠬᠣᠶᠠᠷ ᠴᠤ ᠦᠬᠦᠪᠡ᠃ ᠢᠩᠭᠢᠭᠡᠳ ᠲᠡᠷᠡ ᠡᠮᠡᠭᠲᠡᠢ ᠬᠣᠶᠠᠷ ᠬᠥᠪᠡᠭᠦᠨ ᠴᠤ ᠦᠭᠡᠢ᠂ ᠨᠥᠬᠥᠷ ᠴᠤ ᠦᠭᠡᠢ ᠬᠣᠴᠣᠷᠪᠠ᠃

6 ᠲᠡᠭᠡᠬᠦ ᠳᠦ᠂ ᠶᠣᠬᠣᠸᠠ ᠠᠷᠠᠳ ᠲᠦᠮᠡᠨ ᠢᠶᠡᠨ ᠠᠩ᠋ᠬᠠᠷᠤᠨ ᠬᠣᠭᠣᠯᠠ ᠬᠦᠨᠡᠰᠦ ᠥᠭᠴᠦ ᠪᠤᠢ ᠶᠢ ᠨᠠᠶᠣᠮᠢ ᠮᠣᠶᠠᠪ ᠤᠨ ᠨᠤᠲᠤᠭ ᠲᠤ ᠣᠯᠵᠤ ᠳᠤᠭᠤᠯᠤᠭᠠᠳ ᠪᠡᠷᠢᠶᠡᠳ ᠲᠡᠢ ᠪᠡᠨ ᠬᠠᠮᠲᠤ ᠲᠡᠨᠳᠡ ᠡᠴᠡ ᠪᠤᠴᠠᠬᠤ ᠪᠠᠷ ᠰᠢᠢᠳᠪᠡ᠃ 7 ᠲᠡᠭᠡᠭᠡᠳ ᠲᠡᠷᠡ ᠰᠠᠭᠤᠭᠰᠠᠨ ᠭᠠᠵᠠᠷ ᠢᠶᠠᠨ ᠣᠷᠬᠢᠨ ᠬᠣᠶᠠᠷ ᠪᠡᠷᠢ ᠲᠠᠢ ᠪᠠᠨ ᠬᠠᠮᠲᠤ ᠶᠦᠳᠠ ᠨᠤᠲᠤᠭ ᠤᠷᠤᠭᠤ ᠪᠤᠴᠠᠬᠤ ᠵᠠᠮ ᠳᠠᠭᠠᠨ ᠭᠠᠷᠴᠠᠢ᠃ 8 ᠨᠠᠶᠣᠮᠢ ᠬᠣᠶᠠᠷ ᠪᠡᠷᠢ ᠳᠡᠭᠡᠨ᠄ 《ᠠᠯᠢ ᠪᠤᠢ᠂ ᠥᠪᠡᠷ ᠥᠪᠡᠷ ᠦᠨ ᠢᠶᠠᠨ ᠡᠬᠡ ᠶᠢᠨ ᠭᠡᠷ ᠲᠦ ᠪᠤᠴᠠᠭᠠᠷᠠᠢ᠂ ᠪᠦᠷᠢᠯᠡᠭᠡᠴᠢ ᠨᠠᠷ ᠲᠤ ᠮᠢᠨᠢ᠂ ᠪᠠᠰᠠ ᠨᠠᠳᠠ ᠳᠤ ᠬᠠᠨᠳᠤᠭᠰᠠᠨ ᠤ ᠴᠢᠨᠢ ᠠᠳᠠᠯᠢ ᠶᠣᠬᠣᠸᠠ ᠲᠠ ᠨᠠᠷ ᠲᠤ ᠴᠤ ᠬᠠᠢᠷ᠎ᠠ ᠡᠨᠡᠷᠢᠯ ᠢᠶᠠᠷ ᠬᠠᠨᠳᠤᠬᠤ ᠪᠣᠯᠲᠤᠭᠠᠢ︕ 9 ᠶᠣᠬᠣᠸᠠ ᠥᠪᠡᠷ ᠥᠪᠡᠷ ᠲᠦ ᠴᠢᠨᠢ᠂ ᠰᠢᠨ᠎ᠡ ᠨᠥᠬᠥᠷ ᠦᠨ ᠴᠢᠨᠢ ᠭᠡᠷ ᠲᠦ ᠠᠮᠠᠷᠠᠯ ᠢ ᠣᠯᠭᠣᠭ》 ᠬᠡᠮᠡᠨ ᠥᠭᠦᠯᠡᠭᠡᠳ ᠲᠡᠳᠡᠨ ᠢ ᠦᠨᠦᠰᠦᠭᠰᠡᠨ ᠳᠦ᠂ ᠲᠡᠳᠡ ᠳᠠᠭᠤ ᠲᠠᠯᠪᠢᠨ ᠤᠬᠢᠯᠠᠯᠳᠤᠵᠤ᠄ 10 《ᠪᠢᠳᠡ ᠵᠠᠪᠠᠯ ᠲᠠᠨ ᠲᠠᠢ ᠬᠠᠮᠲᠤ ᠲᠠᠨ ᠤ ᠠᠷᠠᠳ ᠲᠦᠮᠡᠨ ᠤᠷᠤᠭᠤ ᠶᠠᠪᠤᠨ᠎ᠠ》 ᠭᠡᠵᠦ ᠬᠡᠯᠡᠪᠡ᠃ 11 ᠬᠠᠷᠢᠨ ᠨᠠᠶᠣᠮᠢ᠄ 《ᠪᠤᠴᠠᠵᠠᠭ᠎ᠠ᠂ ᠥᠬᠢᠳ ᠮᠢᠨᠢ︕ ᠲᠠ ᠨᠠᠷ ᠶᠠᠭᠤᠨ ᠳᠤ ᠨᠠᠳᠠ ᠲᠠᠢ ᠬᠠᠮᠲᠤ ᠶᠠᠪᠤᠬᠤ ᠭᠡᠳ ᠪᠠᠢᠭ᠎ᠠ ᠶᠤᠮ ᠪᠤᠢ︖ ᠲᠠ ᠨᠠᠷ ᠲᠤ ᠨᠥᠬᠥᠷ ᠪᠣᠯᠴᠢᠬᠠᠬᠤ ᠪᠠᠷ ᠬᠥᠪᠡᠭᠦᠳ ᠮᠢᠨᠦ ᠬᠡᠪᠡᠯᠢ ᠳᠤ ᠣᠳᠣ ᠴᠤ ᠪᠠᠢᠨ᠎ᠠ ᠭᠡᠵᠢ ᠤᠤ︖ 12 ᠪᠤᠴᠠ ᠯᠠ ᠳᠠ᠂ ᠥᠬᠢᠳ ᠮᠢᠨᠢ︕ ᠶᠠᠪᠤ᠂ ᠬᠥᠭᠰᠢᠨ ᠪᠢ ᠬᠡᠵᠢᠶ᠎ᠡ ᠨᠥᠬᠥᠷ ᠲᠦ ᠭᠠᠷᠤᠨ᠎ᠠ ᠭᠡᠵᠢ︖ ᠨᠠᠢᠳᠠᠪᠤᠷᠢ ᠪᠤᠢ ᠭᠡᠳ ᠡᠨᠡ ᠰᠥᠨᠢ ᠨᠥᠬᠥᠷ ᠲᠡᠢ ᠪᠣᠯᠣᠯ᠎ᠠ ᠭᠡᠵᠦ ᠪᠣᠳᠣᠬᠤ ᠳᠤ᠂ ᠲᠠ ᠨᠠᠷ ᠲᠥᠷᠥᠬᠦ ᠬᠥᠪᠡᠭᠦᠳ ᠢ 13 ᠲᠣᠮᠣ ᠪᠣᠯᠵᠤ ᠥᠰᠲᠡᠯ᠎ᠡ ᠨᠢ ᠬᠦᠯᠢᠶᠡᠨ᠎ᠡ ᠤᠤ︖ ᠲᠡᠷᠡ ᠦᠶ᠎ᠡ ᠪᠣᠯᠲᠠᠯ᠎ᠠ ᠲᠠ ᠨᠠᠷ ᠨᠥᠬᠥᠷ ᠦᠭᠡᠢ ᠪᠠᠢᠭᠰᠠᠭᠠᠷ ᠪᠠᠢᠬᠤ ᠤᠤ︖ ᠦᠭᠡᠢ᠂ ᠥᠬᠢᠳ ᠮᠢᠨᠢ᠃ ᠲᠠ ᠨᠠᠷ ᠤᠨ ᠤᠯᠠᠮ ᠢᠶᠠᠷ ᠪᠢ ᠠᠰᠤᠷᠤ ᠶᠡᠬᠡ ᠰᠢᠨᠠᠯᠵᠤ ᠪᠠᠢᠨ᠎ᠠ᠃ ᠶᠣᠬᠣᠸᠠ ᠨᠠᠳᠠ ᠤᠷᠤᠭᠤ ᠮᠤᠲᠤᠷ ᠢᠶᠠᠨ ᠳᠠᠯᠠᠢᠭᠰᠠᠨ ᠨᠢ ᠯᠠᠪᠲᠠᠢ ᠪᠠᠢᠨ᠎ᠠ》 ᠭᠡᠪᠡ᠃ 14 ᠲᠡᠳᠡ ᠳᠠᠬᠢᠭᠠᠳ ᠯᠠ ᠳᠠᠭᠤ ᠪᠠᠨ ᠥᠨᠳᠥᠷᠰᠡᠭᠡᠨ ᠤᠬᠢᠯᠠᠯᠳᠤᠯ᠎ᠠ᠃ ᠣᠷᠫᠠ ᠬᠠᠳᠠᠮ ᠡᠬᠡ ᠪᠡᠨ ᠦᠨᠦᠰᠭᠡᠳ ᠶᠠᠪᠤᠵᠠᠢ᠂ ᠬᠠᠷᠢᠨ ᠷᠦᠲ ᠲᠡᠭᠦᠨ ᠡᠴᠡ ᠵᠢᠭᠤᠷᠠᠪᠠ᠃ 15 ᠲᠡᠭᠡᠬᠦ ᠳᠦ ᠨᠠᠶᠣᠮᠢ᠄ 《ᠬᠠᠷᠠ᠂ ᠠᠪᠢᠰᠤᠨ ᠴᠢᠨᠢ ᠥᠪᠡᠷ ᠦᠨ ᠢᠶᠠᠨ ᠠᠷᠠᠳ ᠲᠦᠮᠡᠨ ᠪᠣᠯᠣᠨ ᠥᠪᠡᠷ ᠦᠨ ᠢᠶᠠᠨ ᠪᠤᠷᠬᠠᠳ ᠤᠷᠤᠭᠤ ᠪᠤᠴᠠᠵᠤ ᠶᠠᠪᠤᠯ᠎ᠠ᠃ ᠴᠢ ᠴᠤ ᠠᠪᠢᠰᠤᠨ ᠤ ᠪᠠᠨ ᠠᠷᠤ ᠠᠴᠠ ᠪᠤᠴᠠᠭᠠᠷᠠᠢ》 ᠭᠡᠪᠡ᠃ 16 ᠬᠠᠷᠢᠨ ᠷᠦᠲ᠄

17 ᠲᠠ ᠬᠠᠮᠢᠭ᠎ᠠ ᠦᠬᠦᠪᠡᠯ ᠪᠢ ᠦᠬᠦᠵᠦ᠂ ᠲᠡᠨᠳᠡ ᠪᠤᠯᠠᠰᠢᠯᠠᠭᠳᠠᠨ᠎ᠠ᠃

18 ᠨᠠᠶᠣᠮᠢ ᠷᠦᠲ ᠤᠨ ᠥᠪᠡᠷ ᠲᠡᠢ ᠨᠢ ᠬᠠᠮᠲᠤ ᠶᠠᠪᠤᠬᠤ ᠪᠠᠷ ᠡᠷᠡᠰ ᠰᠢᠢᠳᠦᠭᠰᠡᠨ ᠢ ᠬᠠᠷᠠᠭᠠᠳ ᠲᠡᠭᠦᠨ ᠢ ᠳᠠᠬᠢᠨ ᠢᠳᠬᠠᠭᠰᠠᠨ ᠦᠭᠡᠢ᠃

19 ᠲᠡᠭᠡᠭᠡᠳ ᠲᠡᠷᠡ ᠬᠣᠶᠠᠭᠤᠯᠠ ᠶᠠᠪᠤᠭᠰᠠᠭᠠᠷ ᠪᠧᠲ᠋ᠯᠧᠾᠧᠮ ᠳᠤ ᠬᠦᠷᠴᠦ ᠢᠷᠡᠪᠡ᠃ ᠲᠡᠳᠡ ᠪᠧᠲ᠋ᠯᠧᠾᠧᠮ ᠳᠤ ᠢᠷᠡᠲᠡᠯ᠎ᠡ ᠲᠡᠳᠡᠨ ᠡᠴᠡ ᠪᠣᠯᠣᠭᠠᠳ ᠪᠦᠬᠦ ᠬᠣᠲᠠ ᠶᠢᠨ ᠬᠢᠨ ᠦᠢᠮᠡᠭᠡᠨ ᠪᠣᠯᠵᠤ ᠡᠮᠡᠭᠲᠡᠢᠴᠦᠳ ᠨᠢ᠄

20 ᠲᠡᠷᠡ ᠪᠡᠷ᠄

21 ᠪᠢ ᠳᠦᠭᠦᠷᠡᠩ ᠭᠠᠷᠴᠤ ᠶᠠᠪᠤᠭᠰᠠᠨ ᠪᠣᠯᠪᠠᠴᠤ ᠶᠣᠬᠣᠸᠠ ᠨᠠᠮᠠᠶᠢ ᠬᠣᠭᠣᠰᠣᠨ ᠪᠤᠴᠠᠭᠠᠵᠤ ᠠᠪᠴᠢᠷᠠᠪᠠ᠃

22 ᠨᠠᠶᠣᠮᠢ ᠪᠤᠴᠠᠵᠤ ᠢᠷᠡᠭᠰᠡᠨ ᠪᠥᠭᠡᠳ ᠲᠡᠭᠦᠨ ᠦ ᠳᠡᠷᠭᠡᠳᠡ ᠮᠣᠶᠠᠪ ᠨᠤᠲᠤᠭ ᠠᠴᠠ ᠡᠷᠭᠢᠵᠦ ᠢᠷᠡᠭᠰᠡᠨ ᠮᠣᠶᠠᠪ ᠡᠮᠡᠭᠲᠡᠢ ᠷᠦᠲ ᠬᠠᠮᠲᠤ ᠪᠠᠢᠪᠠ᠃ ᠲᠡᠷᠡ ᠬᠣᠶᠠᠷ ᠢ ᠪᠧᠲ᠋ᠯᠧᠾᠧᠮ ᠳᠤ ᠢᠷᠡᠬᠦ ᠳᠦ᠂ ᠠᠷᠪᠠᠢ ᠶᠢᠨ ᠬᠤᠷᠢᠶᠠᠯᠲᠠ ᠶᠢᠨ ᠡᠬᠢᠨ ᠦᠶ᠎ᠡ ᠪᠠᠢᠯ᠎ᠠ᠃