ᠷᠦᠲ ᠭᠤᠷᠪᠠ
ᠷᠦᠲ ᠨᠠᠶᠣᠮᠢ ᠶᠢᠨ ᠵᠥᠪᠯᠡᠯᠭᠡ ᠶᠢ ᠳᠠᠭᠠᠪᠠ
1 ᠬᠠᠳᠠᠮ ᠡᠬᠡ ᠨᠠᠶᠣᠮᠢ ᠨᠢ ᠲᠡᠭᠦᠨ ᠳᠦ᠄ 《ᠥᠬᠢᠨ ᠮᠢᠨᠢ᠂ ᠪᠢ ᠴᠢᠨᠦ ᠰᠠᠢᠨ ᠰᠠᠢᠬᠠᠨ ᠤ ᠲᠥᠯᠥᠭᠡ ᠴᠢᠮ᠎ᠠ ᠳᠤ ᠠᠮᠠᠷᠠᠬᠤ ᠭᠠᠵᠠᠷ ᠬᠠᠢᠬᠤ ᠶᠣᠰᠣᠲᠠᠢ ᠪᠢᠰᠢ ᠤᠤ︖ 2 ᠪᠣᠶᠠᠽ ᠪᠣᠯ ᠮᠠᠨ ᠤ ᠣᠢᠷ᠎ᠠ ᠶᠢᠨ ᠲᠥᠷᠥᠯ᠂ ᠲᠡᠷᠡ ᠬᠥᠮᠦᠨ ᠴᠢᠮᠠᠶᠢ ᠰᠢᠪᠡᠭᠴᠢᠳ ᠲᠠᠢ ᠪᠠᠨ ᠬᠠᠮᠲᠤ ᠪᠠᠢᠯᠭᠠᠭᠰᠠᠨ ᠪᠢᠰᠢ ᠤᠤ︖ ᠥᠨᠥ ᠣᠷᠣᠢ ᠲᠡᠷᠡ ᠦᠲᠦᠷᠮ᠎ᠡ ᠳᠦ ᠠᠷᠪᠠᠢ ᠰᠢᠭᠰᠢᠨ᠎ᠡ᠃ 3 ᠴᠢ ᠪᠡᠶ᠎ᠡ ᠪᠡᠨ ᠤᠬᠢᠶᠠᠵᠤ ᠲᠣᠰᠣᠯᠠᠭᠠᠳ ᠬᠠᠮᠤᠭ ᠤᠨ ᠭᠣᠶᠣ ᠬᠤᠪᠴᠠᠰᠤ ᠪᠠᠨ ᠡᠮᠦᠰᠦᠨ᠂ ᠦᠲᠦᠷᠮ᠎ᠡ ᠤᠷᠤᠭᠤ ᠣᠴᠢ︕ ᠭᠡᠬᠦ ᠳᠡᠭᠡᠨ ᠢᠳᠡᠵᠦ ᠤᠤᠭᠤᠵᠤ ᠳᠠᠭᠤᠰᠲᠠᠯ᠎ᠠ ᠨᠢ ᠲᠡᠭᠦᠨ ᠳᠦ ᠥᠪᠡᠷ ᠢ ᠪᠠᠨ ᠪᠦᠦ ᠲᠠᠨᠢᠭᠤᠯ᠃ 4 ᠲᠡᠷᠡ ᠬᠡᠪᠲᠡᠬᠦ ᠳᠦ᠂ ᠴᠢ ᠲᠡᠭᠦᠨ ᠦ ᠬᠡᠪᠲᠡᠵᠦ ᠪᠤᠢ ᠭᠠᠵᠠᠷ ᠢ ᠠᠵᠢᠭᠠᠳ᠂ ᠲᠡᠰᠢ ᠪᠠᠨ ᠣᠴᠢᠵᠤ ᠲᠡᠭᠦᠨ ᠦ ᠬᠥᠯ ᠢ ᠨᠢ ᠢᠷᠠᠭᠠᠳ ᠲᠡᠨᠳᠡ ᠨᠢ ᠬᠡᠪᠲᠡᠭᠡᠷᠡᠢ︕ ᠲᠡᠭᠡᠪᠡᠯ ᠲᠡᠷᠡ ᠴᠢᠮ᠎ᠠ ᠳᠤ ᠶᠠᠭᠤ ᠬᠢᠬᠦ ᠶᠢ ᠴᠢᠨᠢ ᠳᠤᠭᠤᠯᠭᠠᠬᠤ ᠪᠣᠯᠣᠨ᠎ᠠ》 ᠭᠡᠪᠡ᠃ 5 ᠷᠦᠲ ᠲᠡᠭᠦᠨ ᠳᠦ᠄ 《ᠲᠠᠨ ᠤ ᠬᠡᠯᠡᠭᠰᠡᠨ ᠪᠦᠭᠦᠳᠡ ᠶᠢ ᠪᠢ ᠬᠢᠨ᠎ᠡ》 ᠭᠡᠵᠦ ᠬᠡᠯᠡᠭᠡᠳ 6 ᠦᠲᠦᠷᠮ᠎ᠡ ᠤᠷᠤᠭᠤ ᠣᠴᠢᠵᠤ᠂ ᠬᠠᠳᠠᠮ ᠡᠬᠡ ᠶᠢᠨ ᠢᠶᠠᠨ ᠲᠤᠰᠢᠶᠠᠭᠰᠠᠨ ᠪᠦᠭᠦᠳᠡ ᠶᠢ ᠬᠢᠪᠡ᠃ 7 ᠪᠣᠶᠠᠽ ᠢᠳᠡᠵᠦ ᠤᠤᠭᠤᠭᠠᠳ ᠰᠡᠳᠬᠢᠯ ᠬᠠᠩ᠋ᠭᠠᠯᠤᠭᠤᠨ ᠪᠣᠯᠵᠤ᠂ ᠣᠪᠣᠭᠠᠯᠠᠭᠰᠠᠨ ᠲᠠᠷᠢᠶᠠᠨ ᠤ ᠵᠠᠬ᠎ᠠ ᠳᠤ ᠣᠴᠢᠵᠤ ᠬᠡᠪᠲᠡᠯ᠎ᠡ᠃ ᠷᠦᠲ ᠰᠡᠮᠬᠡᠨ ᠣᠴᠢᠵᠤ ᠬᠥᠯ ᠢ ᠨᠢ ᠢᠷᠠᠭᠠᠳ ᠬᠡᠪᠲᠡᠪᠡ᠃ 8 ᠰᠥᠨᠢ ᠳᠤᠮᠳᠠ ᠶᠢᠨ ᠦᠶ᠎ᠡ ᠳᠦ ᠲᠡᠷᠡ ᠬᠥᠮᠦᠨ ᠰᠣᠴᠢᠬᠤ ᠳᠠᠭᠠᠨ ᠤᠷᠪᠠᠵᠤ ᠦᠵᠡᠪᠡᠯ ᠬᠥᠯ ᠦᠨ ᠬᠢᠨᠢ ᠲᠡᠨᠳᠡ ᠨᠢᠭᠡᠨ ᠡᠮᠡᠭᠲᠡᠢ ᠬᠡᠪᠲᠡᠵᠦ ᠪᠠᠢᠯ᠎ᠠ︕ 9 ᠲᠡᠷᠡ᠄ 《ᠴᠢ ᠬᠡᠨ ᠪᠤᠢ︖》 ᠭᠡᠬᠦ ᠳᠦ᠂ ᠲᠡᠷᠡ᠄ 《ᠪᠢ ᠲᠠᠨ ᠤ ᠰᠢᠪᠡᠭᠴᠢᠨ ᠷᠦᠲ ᠪᠠᠢᠨ᠎ᠠ᠃ ᠲᠠ ᠪᠣᠯ ᠮᠠᠨ ᠤ ᠥᠪ ᠵᠣᠯᠢᠭᠴᠢ ᠪᠢᠯᠡ᠃ ᠲᠠ ᠰᠢᠪᠡᠭᠴᠢᠨ ᠢᠶᠠᠨ ᠳᠡᠪᠡᠯ ᠦᠨ ᠢᠶᠠᠨ ᠬᠣᠷᠮᠣᠢ ᠪᠠᠷ ᠬᠤᠴᠢᠨ᠎ᠠ ᠤᠤ︖》 ᠭᠡᠪᠡ᠃ 10 ᠲᠡᠭᠡᠲᠡᠯ᠎ᠡ ᠲᠡᠷᠡ᠄ 《ᠥᠬᠢᠨ ᠮᠢᠨᠢ᠂ ᠴᠢᠮᠠᠶᠢ ᠶᠣᠬᠣᠸᠠ ᠢᠪᠡᠭᠡᠬᠦ ᠪᠣᠯᠲᠤᠭᠠᠢ︕ ᠡᠨᠡ ᠦᠨᠡᠨᠴᠢ ᠦᠢᠯᠡ ᠴᠢᠨᠢ ᠡᠮᠦᠨᠡᠬᠢ ᠦᠢᠯᠡ ᠡᠴᠡ ᠴᠢᠨᠢ ᠴᠤ ᠠᠭᠤᠤ ᠪᠠᠢᠨ᠎ᠠ᠃ ᠴᠢ ᠶᠠᠳᠠᠭᠤ ᠪᠠᠶᠠᠨ᠂ ᠶᠠᠮᠠᠷ ᠴᠤ ᠵᠠᠯᠠᠭᠤ ᠡᠷᠡᠴᠦᠳ ᠦᠨ ᠠᠷᠤ ᠠᠴᠠ ᠭᠦᠶᠦᠭᠰᠡᠨ ᠦᠭᠡᠢ᠃ 11 ᠥᠬᠢᠨ ᠮᠢᠨᠢ᠂ ᠣᠳᠣ ᠴᠢ ᠠᠶᠤᠬᠤ ᠬᠡᠷᠡᠭ ᠦᠭᠡᠢ︕ ᠴᠢᠨᠦ ᠲᠥᠯᠥᠭᠡ ᠪᠢ ᠬᠡᠯᠡᠭᠰᠡᠨ ᠪᠦᠭᠦᠳᠡ ᠶᠢ ᠴᠢᠨᠢ ᠪᠡᠶᠡᠯᠡᠭᠦᠯᠦᠶ᠎ᠡ᠃ ᠠᠷᠪᠠᠨ ᠬᠤᠷᠤᠭᠤ ᠲᠡᠭᠰᠢ ᠡᠮᠡᠭᠲᠡᠢ ᠭᠡᠳᠡᠭ ᠢ ᠴᠢᠨᠢ ᠬᠣᠲᠠ ᠶᠢᠨ ᠬᠢᠨ ᠪᠦᠭᠦᠳᠡ ᠮᠡᠳᠡᠨ᠎ᠡ᠃ 12 ᠪᠢ ᠴᠢᠨᠦ ᠥᠪ ᠵᠣᠯᠢᠭᠴᠢ ᠭᠡᠳᠡᠭ ᠨᠢ ᠦᠨᠡᠨ᠃ ᠭᠡᠪᠡᠴᠦ ᠨᠠᠳᠠ ᠠᠴᠠ ᠴᠤ ᠣᠢᠷ᠎ᠠ ᠥᠪ ᠵᠣᠯᠢᠭᠴᠢ ᠪᠤᠢ᠃ 13 ᠴᠢ ᠥᠨᠥ ᠰᠥᠨᠢ ᠡ᠊ᠨᠳᠡ ᠪᠡᠨ ᠦᠯᠡᠳᠡ᠃ ᠥᠷᠯᠥᠭᠡ ᠪᠣᠯᠬᠤ ᠳᠤ ᠲᠡᠷᠡ ᠬᠥᠮᠦᠨ ᠴᠢᠨᠦ ᠲᠥᠯᠥᠭᠡ ᠥᠪ ᠢ ᠵᠣᠯᠢᠨ ᠠᠪᠤᠶ᠎ᠠ ᠭᠡᠪᠡᠯ ᠰᠠᠢᠨ᠂ ᠲᠡᠷᠡ ᠵᠣᠯᠢᠨ ᠠᠪᠤᠭ᠃ ᠬᠡᠷᠪᠡ ᠲᠡᠷᠡ ᠥᠪ ᠢ ᠴᠢᠨᠢ ᠵᠣᠯᠢᠨ ᠠᠪᠬᠤ ᠶᠢ ᠬᠦᠰᠡᠬᠦ ᠦᠭᠡᠢ ᠶᠤᠮ ᠪᠣᠯ ᠪᠢ ᠥᠪ ᠢ ᠴᠢᠨᠢ ᠵᠣᠯᠢᠨ ᠠᠪᠤᠶ᠎ᠠ᠃ ᠡᠭᠦᠨ ᠢ ᠪᠢ ᠶᠣᠬᠣᠸᠠ ᠶᠢᠨ ᠠᠮᠢᠳᠤ ᠪᠤᠢ ᠪᠠᠷ ᠲᠠᠩ᠋ᠭᠠᠷᠢᠭᠯᠠᠶ᠎ᠠ᠃ ᠡᠢᠮᠦ ᠡᠴᠡ ᠴᠢ ᠥᠷᠯᠥᠭᠡ ᠪᠣᠯᠲᠠᠯ᠎ᠠ ᠡ᠊ᠨᠳᠡ ᠬᠡᠪᠲᠡᠭᠡᠷᠡᠢ》 ᠭᠡᠪᠡ᠃
14 ᠲᠡᠢᠮᠦ ᠡᠴᠡ ᠷᠦᠲ ᠥᠷᠯᠥᠭᠡ ᠪᠣᠯᠲᠠᠯ᠎ᠠ ᠲᠡᠭᠦᠨ ᠦ ᠬᠥᠯ ᠳᠤ ᠬᠡᠪᠲᠡᠭᠡᠳ 《ᠦᠲᠦᠷᠮ᠎ᠡ ᠳᠦ ᠡᠮᠡᠭᠲᠡᠢ ᠬᠥᠮᠦᠨ ᠢᠷᠡᠭᠰᠡᠨ ᠢ ᠮᠡᠳᠡᠭᠳᠡᠵᠦ ᠪᠣᠯᠬᠤ ᠦᠭᠡᠢ ᠰᠢᠦ》 ᠭᠡᠵᠦ ᠪᠣᠶᠠᠽ ᠤᠨ ᠬᠡᠯᠡᠭᠰᠡᠨ ᠶᠣᠰᠣᠭᠠᠷ ᠬᠥᠮᠦᠨ ᠦ ᠴᠢᠷᠠᠢ ᠲᠣᠳᠣᠷᠬᠠᠢ ᠬᠠᠷᠠᠭᠳᠠᠬᠤ ᠠᠴᠠ ᠡᠮᠦᠨ᠎ᠡ ᠪᠣᠰᠪᠠ᠃ 15 ᠪᠣᠶᠠᠽ ᠲᠡᠭᠦᠨ ᠳᠦ᠄ 《ᠡᠮᠦᠰᠴᠦ ᠪᠤᠢ ᠨᠥᠮᠥᠷᠭᠡ ᠪᠡᠨ ᠨᠠᠰᠢ ᠠᠪᠴᠢᠷᠠᠭᠠᠳ ᠪᠠᠷᠢᠵᠤ ᠪᠠᠢᠭᠠᠷᠠᠢ》 ᠭᠡᠵᠦ ᠬᠡᠯᠡᠭᠡᠳ ᠪᠠᠷᠢᠵᠤ ᠪᠠᠢᠬᠤ ᠳᠤᠨᠢ᠂ ᠵᠢᠷᠭᠤᠭᠠᠨ ᠬᠡᠮᠵᠢᠭᠦᠷ ᠠᠷᠪᠠᠢ ᠬᠡᠮᠵᠢᠵᠦ ᠲᠡᠭᠦᠨ ᠳᠦ ᠡᠭᠦᠷᠦᠭᠦᠯᠦᠭᠰᠡᠨ ᠦ ᠳᠠᠷᠠᠭ᠎ᠠ᠂ ᠬᠣᠲᠠ ᠤᠷᠤᠭᠤ ᠶᠠᠪᠤᠯ᠎ᠠ᠃ 16 ᠷᠦᠲ ᠪᠤᠴᠠᠵᠤ ᠢᠷᠡᠬᠦ ᠳᠦ ᠬᠠᠳᠠᠮ ᠡᠵᠢ ᠨᠢ᠄ 《ᠥᠬᠢᠨ ᠮᠢᠨᠢ᠂ ᠶᠠᠭᠠᠬᠢᠪᠠ︖》 ᠭᠡᠬᠦ ᠳᠦ᠂ ᠷᠦᠲ ᠨᠥᠭᠥᠭᠡ ᠬᠥᠮᠦᠨ ᠦ ᠥᠪᠡᠷ ᠲᠤᠨᠢ ᠬᠢᠭᠰᠡᠨ ᠪᠦᠭᠦᠳᠡ ᠶᠢ ᠲᠡᠭᠦᠨ ᠳᠦ ᠮᠡᠳᠡᠭᠦᠯᠵᠦ᠄ 17 《ᠲᠡᠷᠡ ᠬᠥᠮᠦᠨ ᠡᠨᠡ ᠵᠢᠷᠭᠤᠭᠠᠨ ᠬᠡᠮᠵᠢᠭᠦᠷ ᠠᠷᠪᠠᠢ ᠶᠢ ᠨᠠᠳᠠ ᠳᠤ ᠥᠭᠴᠦ᠄ 〈ᠴᠢ ᠬᠠᠳᠠᠮ ᠡᠬᠡ ᠳᠡᠭᠡᠨ ᠭᠠᠷ ᠬᠣᠭᠣᠰᠣᠨ ᠣᠴᠢᠵᠤ ᠪᠣᠯᠬᠤ ᠦᠭᠡᠢ〉 ᠭᠡᠵᠦ ᠬᠡᠯᠡᠭᠰᠡᠨ》 ᠭᠡᠪᠡ᠃ 18 ᠲᠡᠭᠡᠬᠦ ᠳᠦ ᠬᠠᠳᠠᠮ ᠡᠬᠡ ᠨᠢ᠄ 《ᠥᠬᠢᠨ ᠮᠢᠨᠢ᠂ ᠡᠨᠡ ᠶᠠᠪᠤᠳᠠᠯ ᠶᠠᠭᠤ ᠪᠣᠯᠬᠤ ᠶᠢ ᠮᠡᠳᠡᠲᠡᠯᠡ ᠪᠡᠨ ᠡ᠊ᠨᠳᠡ ᠪᠡᠨ ᠪᠠᠢᠵᠤ ᠪᠠᠢᠭᠠᠷᠠᠢ᠂ ᠲᠡᠷᠡ ᠬᠥᠮᠦᠨ ᠡᠨᠡ ᠶᠠᠪᠤᠳᠠᠯ ᠢ ᠥᠨᠥᠳᠥᠷ ᠰᠢᠢᠳᠬᠦ ᠡᠴᠡ ᠨᠠᠰᠢ ᠠᠮᠠᠷᠠᠬᠤ ᠦᠭᠡᠢ ᠪᠠᠢᠬ᠎ᠠ ᠳᠠ》 ᠭᠡᠪᠡ᠃