ᠷᠦᠲ ᠳᠥᠷᠪᠡ
ᠷᠦᠲ ᠤᠨ ᠢᠷᠥᠭᠡᠯ ᠲᠡᠢ ᠭᠡᠷᠯᠡᠯᠲᠡ
1 ᠪᠣᠶᠠᠽ ᠬᠣᠲᠠ ᠶᠢᠨ ᠬᠠᠭᠠᠯᠭ᠎ᠠ ᠥᠭᠡᠳᠡ ᠣᠴᠢᠭᠠᠳ ᠰᠠᠭᠤᠵᠤ ᠪᠠᠢᠲᠠᠯ᠎ᠠ᠂ ᠪᠣᠶᠠᠽ ᠤᠨ ᠶᠠᠷᠢᠵᠤ ᠪᠠᠢᠭᠰᠠᠨ ᠨᠥᠭᠥᠭᠡ ᠥᠪ ᠵᠣᠯᠢᠭᠴᠢ ᠥᠩᠭᠡᠷᠡᠨ ᠶᠠᠪᠤᠵᠤ ᠪᠠᠢᠪᠠ᠃ ᠪᠣᠶᠠᠽ ᠲᠡᠭᠦᠨ ᠳᠦ᠄ 《ᠬᠥᠶᠶ᠂ ᠠᠬ᠎ᠠ ᠳᠡᠭᠦᠦ᠂ ᠡ᠊ᠨᠳᠡ ᠢᠷᠡᠭᠡᠳ ᠰᠠᠭᠤ》 ᠭᠡᠬᠦ ᠳᠦ᠂ ᠲᠡᠷᠡ ᠢᠷᠡᠵᠦ ᠰᠠᠭᠤᠯ᠎ᠠ᠃ 2 ᠲᠡᠷᠡ ᠪᠠᠰᠠ ᠬᠣᠲᠠ ᠶᠢᠨ ᠠᠬᠠᠮᠠᠳ ᠤᠳ ᠠᠴᠠ ᠠᠷᠪᠠᠨ ᠬᠥᠮᠦᠨ ᠠᠪᠴᠢᠷᠠᠨ᠄ 《ᠡ᠊ᠨᠳᠡ ᠰᠠᠭᠤᠭᠠᠷᠠᠢ》 ᠭᠡᠰᠡᠨ ᠳᠦ᠂ ᠲᠡᠳᠡ ᠴᠤ ᠰᠠᠭᠤᠵᠠᠭᠠᠪᠠ᠃ 3 ᠲᠡᠭᠡᠭᠡᠳ ᠲᠡᠷᠡ ᠥᠪ ᠵᠣᠯᠢᠭᠴᠢ ᠪᠣᠯᠬᠤ ᠬᠥᠮᠦᠨ ᠳᠦ ᠬᠠᠨᠳᠤᠨ᠄ 《ᠮᠣᠶᠠᠪ ᠤᠨ ᠨᠤᠲᠤᠭ ᠠᠴᠠ ᠪᠤᠴᠠᠵᠤ ᠢᠷᠡᠭᠰᠡᠨ ᠨᠠᠶᠣᠮᠢ ᠪᠢᠳᠡᠨ ᠦ ᠠᠬ᠎ᠠ ᠳᠡᠭᠦᠦ ᠡᠯᠢᠮᠧᠯᠧᠺ ᠤᠨ ᠬᠡᠰᠡᠭ ᠲᠠᠯᠠᠪᠠᠢ ᠶᠢ ᠬᠤᠳᠠᠯᠳᠤᠬᠤ ᠭᠡᠵᠦ ᠪᠠᠢᠨ᠎ᠠ᠃ 4 ᠲᠡᠢᠮᠦ ᠡᠴᠡ ᠪᠢ ᠲᠠᠨ ᠳᠤ ᠡᠭᠦᠨ ᠢ ᠳᠤᠭᠤᠯᠭᠠᠵᠤ ᠯᠠᠪᠯᠠᠬᠤ ᠭᠡᠰᠡᠨ ᠶᠤᠮ᠃ ᠲᠠ ᠡ᠊ᠨᠳᠡ ᠰᠠᠭᠤᠭᠴᠢᠳ ᠪᠣᠯᠣᠨ ᠮᠠᠨ ᠤ ᠠᠷᠠᠳ ᠲᠦᠮᠡᠨ ᠦ ᠠᠬᠠᠯᠠᠭᠴᠢᠳ ᠤᠨ ᠡᠮᠦᠨ᠎ᠡ ᠲᠡᠷᠡ ᠲᠠᠯᠠᠪᠠᠢ ᠶᠢ ᠬᠤᠳᠠᠯᠳᠤᠵᠤ ᠠᠪᠤᠨ᠎ᠠ ᠤᠤ︖ ᠬᠡᠷᠪᠡ ᠲᠠ ᠲᠡᠭᠦᠨ ᠦ ᠥᠪ ᠢ ᠵᠣᠯᠢᠨ ᠠᠪᠤᠶ᠎ᠠ ᠭᠡᠪᠡᠯ ᠵᠣᠯᠢᠨ ᠠᠪᠤᠭᠲᠤᠨ᠂ ᠦᠭᠡᠢ ᠪᠣᠯ ᠨᠠᠳᠠ ᠳᠤ ᠬᠡᠯᠡᠭᠡᠷᠡᠢ᠂ ᠪᠢ ᠮᠡᠳᠡᠵᠦ ᠠᠪᠤᠶ᠎ᠠ︕ ᠤᠴᠢᠷ ᠨᠢ ᠴᠢᠮ᠎ᠠ ᠠᠴᠠ ᠥᠭᠡᠷ᠎ᠡ ᠡᠨᠡ ᠥᠪ ᠢ ᠵᠣᠯᠢᠨ ᠠᠪᠬᠤ ᠬᠥᠮᠦᠨ ᠪᠠᠢᠬᠤ ᠦᠭᠡᠢ ᠪᠥᠭᠡᠳ ᠳᠠᠷᠠᠭ᠎ᠠ ᠶᠢᠨ ᠬᠢᠨᠢ ᠪᠢ ᠶᠤᠮ》 ᠭᠡᠬᠦ ᠳᠦ᠂ ᠲᠡᠷᠡ᠄ 《ᠡᠨᠡ ᠥᠪ ᠢ ᠪᠢ ᠵᠣᠯᠢᠵᠤ ᠠᠪᠤᠶ᠎ᠠ》 ᠭᠡᠪᠡ᠃ 5 ᠲᠡᠭᠡᠲᠡᠯ᠎ᠡ ᠪᠣᠶᠠᠽ᠄ 《ᠴᠢ ᠨᠠᠶᠣᠮᠢ ᠶᠢᠨ ᠭᠠᠷ ᠠᠴᠠ ᠲᠠᠷᠢᠶᠠᠯᠠᠩ ᠤᠨ ᠲᠠᠯᠠᠪᠠᠢ ᠶᠢ ᠬᠤᠳᠠᠯᠳᠤᠨ ᠠᠪᠬᠤ ᠲᠡᠷᠡ ᠡᠳᠦᠷ ᠲᠡᠭᠡᠨ ᠮᠥᠨ ᠥᠭᠡᠳᠡ ᠪᠣᠯᠣᠭᠴᠢ ᠶᠢᠨ ᠠᠪᠠᠭᠠᠢ ᠮᠣᠶᠠᠪ ᠬᠥᠮᠦᠨ ᠷᠦᠲ ᠢ ᠠᠪᠴᠤ᠂ ᠥᠭᠡᠳᠡ ᠪᠣᠯᠣᠭᠴᠢ ᠶᠢᠨ ᠨᠡᠷ᠎ᠡ ᠶᠢ ᠥᠪ ᠳᠡᠭᠡᠷ᠎ᠡ ᠨᠢ ᠪᠣᠰᠬ᠎ᠠ》 ᠭᠡᠰᠡᠨ ᠳᠦ᠂ 6 ᠲᠡᠷᠡ ᠣᠢᠷ᠎ᠠ ᠥᠪ ᠵᠣᠯᠢᠭᠴᠢ ᠨᠢ᠄ 《ᠪᠢ ᠥᠪ ᠢ ᠨᠢ ᠵᠣᠯᠢᠨ ᠠᠪᠴᠤ ᠴᠢᠳᠠᠬᠤ ᠦᠭᠡᠢ ᠨᠢ ᠡ᠂ ᠮᠢᠨᠦ ᠥᠪ ᠢ ᠬᠣᠬᠢᠷᠠᠭᠤᠯᠬᠤ ᠪᠤᠢ᠃ ᠴᠢ ᠥᠪᠡᠷ ᠢᠶᠡᠨ ᠵᠣᠯᠢᠨ ᠠᠪ᠂ ᠪᠢ ᠵᠣᠯᠢᠨ ᠠᠪᠴᠤ ᠴᠢᠳᠠᠬᠤ ᠦᠭᠡᠢ》 ᠭᠡᠪᠡ᠃
7 ᠤᠷᠢᠳᠤ ᠴᠠᠭ ᠲᠤ ᠢᠰᠷᠧᠯ ᠳᠤ ᠥᠪ ᠵᠣᠯᠢᠨ ᠠᠪᠬᠤ ᠪᠣᠯᠣᠨ ᠭᠠᠵᠠᠷ ᠰᠣᠯᠢᠯᠴᠠᠬᠤ ᠲᠠᠯ᠎ᠠ ᠪᠠᠷ ᠶᠠᠪᠤᠳᠠᠯ ᠪᠣᠯᠭᠠᠨ ᠢ ᠪᠠᠲᠤᠯᠠᠬᠤ ᠳᠠᠭᠠᠨ ᠨᠢᠭᠡ ᠨᠢ ᠨᠥᠭᠥᠭᠡ ᠳᠡᠭᠡᠨ ᠱᠠᠬᠠᠢ ᠪᠠᠨ ᠲᠠᠢᠯᠵᠤ ᠥᠭᠳᠡᠭ ᠵᠠᠩᠰᠢᠯ ᠲᠠᠢ ᠪᠠᠢᠪᠠ᠃ ᠡᠨᠡ ᠪᠣᠯ ᠢᠰᠷᠧᠯ ᠤᠨ ᠪᠠᠲᠤᠯᠠᠭ᠎ᠠ ᠲᠠᠢ ᠪᠣᠯᠭᠠᠬᠤ ᠠᠷᠭ᠎ᠠ ᠶᠤᠮ᠃ 8 ᠡᠢᠨ ᠬᠦ ᠥᠪ ᠢ ᠵᠣᠯᠢᠭᠴᠢ ᠨᠢ ᠪᠣᠶᠠᠽ ᠲᠤ᠄ 《ᠴᠢ ᠥᠪᠡᠷ ᠲᠡᠭᠡᠨ ᠠᠪᠤᠭᠠᠷᠠᠢ》 ᠭᠡᠵᠦ ᠬᠡᠯᠡᠭᠡᠳ ᠱᠠᠬᠠᠢ ᠪᠠᠨ ᠲᠠᠢᠯᠪᠠ᠃ 9 ᠪᠣᠶᠠᠽ ᠠᠬᠠᠮᠠᠳ ᠤᠳ ᠬᠢᠭᠡᠳ ᠪᠦᠬᠦ ᠠᠷᠠᠳ ᠲᠤ᠄ 《ᠪᠢ ᠨᠠᠶᠣᠮᠢ ᠶᠢᠨ ᠭᠠᠷ ᠠᠴᠠ ᠡᠯᠢᠮᠧᠯᠧᠺ᠂ ᠺᠢᠯᠢᠶᠣᠨ ᠪᠣᠯᠣᠨ ᠮᠠᠯᠣᠨ ᠳᠤ ᠬᠠᠷᠢᠶᠠᠯᠠᠭᠳᠠᠬᠤ ᠪᠦᠬᠦᠨ ᠢ ᠬᠤᠳᠠᠯᠳᠤᠨ ᠠᠪᠤᠯ᠎ᠠ᠂ ᠥᠨᠥᠳᠥᠷ ᠲᠠ ᠨᠠᠷ ᠡᠭᠦᠨ ᠦ ᠭᠡᠷᠡᠴᠢ ᠪᠣᠯᠣᠯ᠎ᠠ᠃ 10 ᠪᠠᠰᠠ ᠥᠭᠡᠳᠡ ᠪᠣᠯᠣᠭᠴᠢ ᠶᠢᠨ ᠨᠡᠷ᠎ᠡ ᠶᠢ ᠥᠪ ᠳᠡᠭᠡᠷ᠎ᠡ ᠨᠢ ᠪᠣᠰᠬᠠᠬᠤ 2 ᠶᠢᠨ ᠲᠤᠯᠠᠳᠠ᠂ ᠪᠢ ᠮᠠᠯᠣᠨ ᠤ ᠡᠬᠡᠨᠡᠷ ᠮᠣᠶᠠᠪ ᠡᠮᠡᠭᠲᠡᠢ ᠷᠦᠲ ᠢ ᠡᠬᠡᠨᠡᠷ ᠢᠶᠡᠨ ᠪᠣᠯᠭᠠᠨ ᠠᠪᠤᠯ᠎ᠠ᠃ ᠡᠢᠨ ᠬᠦ ᠥᠭᠡᠳᠡ ᠪᠣᠯᠣᠭᠴᠢ ᠶᠢᠨ ᠨᠡᠷ᠎ᠡ ᠨᠢ ᠠᠬ᠎ᠠ ᠳᠡᠭᠦᠦ ᠲᠥᠷᠥᠯ ᠰᠠᠳᠤᠨ ᠪᠣᠯᠣᠨ ᠲᠥᠷᠥᠭᠰᠡᠨ ᠨᠤᠲᠤᠭ ᠠᠴᠠ ᠪᠠᠨ ᠲᠠᠰᠤᠯᠤᠭᠳᠠᠬᠤ ᠦᠭᠡᠢ ᠪᠠᠢᠬᠤ ᠪᠣᠯᠣᠨ᠎ᠠ᠃ ᠥᠨᠥᠳᠥᠷ ᠲᠠ ᠨᠠᠷ ᠡᠭᠦᠨ ᠦ ᠭᠡᠷᠡᠴᠢ ᠪᠣᠯᠣᠯ᠎ᠠ》 ᠭᠡᠪᠡ᠃ 11 ᠬᠠᠭᠠᠯᠭᠠᠨ ᠳᠡᠭᠡᠷ᠎ᠡ ᠪᠠᠢᠭᠰᠠᠨ ᠠᠷᠠᠳ ᠤᠳ ᠪᠣᠯᠣᠨ ᠠᠬᠠᠮᠠᠳ ᠤᠳ ᠪᠦᠭᠦᠳᠡᠭᠡᠷ ᠢᠶᠡᠨ᠄ 《ᠪᠢᠳᠡ ᠭᠡᠷᠡᠴᠢ ᠮᠥᠨ᠃ ᠲᠠᠨ ᠤ ᠭᠡᠷ ᠲᠦ ᠣᠷᠣᠬᠤ ᠲᠡᠷᠡ ᠡᠮᠡᠭᠲᠡᠢ ᠶᠢ ᠶᠣᠬᠣᠸᠠ ᠢᠰᠷᠧᠯ ᠤᠨ ᠭᠡᠷ ᠢ ᠪᠣᠰᠬᠠᠭᠰᠠᠨ ᠷᠠᠾᠢᠯ᠂ ᠯᠧᠶ᠎ᠠ ᠬᠣᠶᠠᠷ ᠲᠠᠢ ᠠᠳᠠᠯᠢᠬᠠᠨ ᠪᠣᠯᠭᠠᠬᠤ ᠪᠣᠯᠲᠤᠭᠠᠢ᠃ ᠲᠠ ᠡᠹᠷᠠᠲ ᠲᠤ ᠬᠦᠴᠦᠷᠬᠡᠭᠵᠢᠵᠦ᠂ ᠪᠧᠲ᠋ᠯᠧᠾᠧᠮ ᠳᠤ ᠠᠯᠳᠠᠷᠰᠢᠬᠤ ᠪᠣᠯᠲᠤᠭᠠᠢ᠃ 12 ᠮᠥᠨ ᠶᠣᠬᠣᠸᠠ ᠡᠨᠡ ᠵᠠᠯᠠᠭᠤ ᠪᠦᠰᠡᠭᠦᠢ ᠪᠠᠷ ᠳᠠᠮᠵᠢᠭᠤᠯᠤᠨ ᠲᠠᠨ ᠳᠤ ᠦᠷ᠎ᠡ ᠤᠳᠤᠮ ᠰᠣᠶᠣᠷᠬᠠᠵᠤ᠂ ᠲᠠᠨ ᠤ ᠭᠡᠷ ᠢ ᠲᠠᠮᠠᠷ ᠤᠨ ᠶᠦᠳᠠ ᠳᠤ ᠲᠥᠷᠥᠭᠦᠯᠵᠦ ᠥᠭᠭᠥᠭᠰᠡᠨ ᠫᠧᠷᠧᠽ ᠤᠨ ᠭᠡᠷ ᠲᠡᠢ ᠠᠳᠠᠯᠢ ᠪᠣᠯᠭᠠᠬᠤ ᠪᠣᠯᠲᠤᠭᠠᠢ》 ᠭᠡᠵᠡᠭᠡᠪᠡ᠃
13 ᠡᠢᠨ ᠬᠦ ᠪᠣᠶᠠᠽ ᠷᠦᠲ ᠢ ᠠᠪᠴᠤ᠂ ᠡᠬᠡᠨᠡᠷ ᠢᠶᠡᠨ ᠪᠣᠯᠭᠠᠪᠠ᠃ ᠪᠣᠶᠠᠽ ᠲᠡᠭᠦᠨ ᠲᠡᠢ ᠡᠩᠭᠡᠷ ᠵᠥᠷᠢᠭᠦᠯᠦᠭᠰᠡᠨ ᠳᠦ᠂ ᠶᠣᠬᠣᠸᠠ ᠲᠡᠭᠦᠨ ᠢ ᠵᠢᠷᠮᠦᠰᠦᠨ ᠪᠣᠯᠭᠠᠵᠤ ᠥᠭᠴᠡᠢ᠃ ᠲᠡᠭᠡᠭᠡᠳ ᠲᠡᠷᠡ ᠬᠦᠦ ᠲᠥᠷᠥᠭᠦᠯᠪᠡ᠃ 14 ᠡᠮᠡᠭᠲᠡᠢᠴᠦᠳ ᠨᠠᠶᠣᠮᠢ ᠳᠤ᠄ 《ᠶᠣᠬᠣᠸᠠ ᠮᠠᠭᠲᠠᠭᠳᠠᠬᠤ ᠪᠣᠯᠲᠤᠭᠠᠢ︕ ᠲᠡᠷᠡ ᠴᠢᠮᠠᠶᠢ ᠥᠪ ᠵᠣᠯᠢᠭᠴᠢ ᠦᠭᠡᠢ ᠣᠷᠬᠢᠭᠰᠠᠨ ᠦᠭᠡᠢ᠂ ᠡᠨᠡ ᠬᠦᠦ ᠴᠢᠨᠢ ᠢᠰᠷᠧᠯ ᠳᠤ ᠠᠯᠳᠠᠷᠰᠢᠬᠤ ᠪᠣᠯᠲᠤᠭᠠᠢ︕ 15 ᠲᠡᠷᠡ ᠠᠮᠢ ᠠᠮᠢᠳᠤᠷᠠᠯ ᠢ ᠴᠢᠨᠢ ᠰᠡᠷᠭᠦᠭᠡᠭᠴᠢ᠂ ᠥᠨᠳᠥᠷ ᠨᠠᠰᠤᠨ ᠤ ᠴᠢᠨᠢ ᠲᠡᠳᠬᠦᠭᠴᠢ ᠪᠣᠯᠣᠨ᠎ᠠ᠃ ᠲᠡᠭᠦᠨ ᠢ ᠲᠥᠷᠥᠭᠦᠯᠦᠭᠴᠢ ᠨᠢ ᠴᠢᠮᠠᠶᠢ ᠬᠠᠢᠷᠠᠯᠠᠳᠠᠭ ᠴᠢᠨᠦ ᠪᠡᠷᠢ᠂ ᠲᠡᠷᠡ ᠴᠢᠮ᠎ᠠ ᠳᠤ ᠳᠣᠯᠣᠭᠠᠨ ᠬᠥᠪᠡᠭᠦᠨ ᠡᠴᠡ ᠴᠤ ᠢᠯᠡᠭᠦᠦ ᠶᠤᠮ》 ᠭᠡᠵᠡᠭᠡᠪᠡ᠃
ᠳ᠋ᠠᠸᠢᠳ᠋ ᠬᠠᠭᠠᠨ ᠤ ᠤᠭᠰᠠᠭ᠎ᠠ ᠶᠢᠨ ᠡᠬᠢᠯᠡᠯ
16 ᠡᠢᠨ ᠬᠦ ᠨᠠᠶᠣᠮᠢ ᠬᠡᠦᠬᠡᠳ ᠢ ᠠᠪᠴᠤ᠂ ᠡᠪᠦᠷ ᠳᠡᠭᠡᠷ᠎ᠡ ᠪᠡᠨ ᠲᠡᠪᠡᠷᠢᠭᠡᠳ ᠥᠪᠡᠷ ᠦᠨ ᠬᠢ ᠮᠡᠲᠦ ᠬᠠᠯᠠᠮᠵᠢᠯᠠᠭᠰᠠᠨ ᠳᠤ᠂ 17 ᠬᠥᠷᠰᠢ ᠡᠮᠡᠭᠲᠡᠢᠴᠦᠳ ᠨᠢ᠄ 《ᠨᠠᠶᠣᠮᠢ ᠳᠤ ᠬᠦᠦ ᠲᠥᠷᠥᠵᠡᠢ》 ᠭᠡᠳ ᠲᠡᠭᠦᠨ ᠳᠦ ᠣᠪᠧᠳ᠋ ᠭᠡᠳᠡᠭ ᠨᠡᠷ᠎ᠡ ᠥᠭᠪᠡ᠃ ᠲᠡᠷᠡ ᠪᠣᠯ ᠳ᠋ᠠᠸᠢᠳ᠋ ᠤᠨ ᠡᠴᠢᠭᠡ ᠪᠣᠯᠬᠤ ᠢᠱᠠᠢ ᠶᠢᠨ ᠡᠴᠢᠭᠡ ᠶᠤᠮ᠃
18 ᠡᠨᠡ ᠪᠣᠯ ᠫᠧᠷᠧᠽ ᠤᠨ ᠭᠡᠷ ᠦᠨ ᠴᠠᠳᠢᠭ᠄ ᠫᠧᠷᠧᠽ ᠤᠨ ᠬᠦᠦ ᠾᠧᠽᠷᠣᠨ᠂ 19 ᠾᠧᠽᠷᠣᠨ ᠤ ᠬᠦᠦ ᠷᠠᠮ᠂ ᠷᠠᠮ ᠤᠨ ᠬᠦᠦ ᠠᠮᠢᠨᠠᠳᠠᠪ᠂ 20 ᠠᠮᠢᠨᠠᠳᠠᠪ ᠤᠨ ᠬᠦᠦ ᠨᠠᠾᠱᠣᠨ᠂ ᠨᠠᠾᠱᠣᠨ ᠤ ᠬᠦᠦ ᠰᠠᠯᠮᠣᠨ᠂ 21 ᠰᠠᠯᠮᠣᠨ ᠤ ᠬᠦᠦ ᠪᠣᠶᠠᠽ᠂ ᠪᠣᠶᠠᠽ ᠤᠨ ᠬᠦᠦ ᠣᠪᠧᠳ᠋᠂ 22 ᠣᠪᠧᠳ᠋ ᠤᠨ ᠬᠦᠦ ᠢᠱᠠᠢ᠂ ᠢᠱᠠᠢ ᠶᠢᠨ ᠬᠦᠦ ᠳ᠋ᠠᠸᠢᠳ᠋᠃