ᠽᠧᠹᠠᠨᠢᠶ᠎ᠠ ᠨᠢᠭᠡ
1 ᠶᠦᠳᠠ ᠶᠢᠨ ᠬᠠᠭᠠᠨ᠂ ᠠᠮᠣᠨ ᠤ ᠬᠦᠦ ᠶᠣᠰᠢᠶ᠎ᠠ ᠶᠢᠨ ᠡᠳᠦᠷ ᠤᠳ ᠲᠤ ᠾᠧᠽᠧᠺᠢᠶ᠎ᠠ ᠶᠢᠨ ᠭᠤᠴᠢ᠂ ᠠᠮᠠᠷᠢᠶ᠎ᠠ ᠶᠢᠨ ᠵᠢᠴᠢ᠂ ᠭᠧᠳᠠᠯᠢᠶ᠎ᠠ ᠶᠢᠨ ᠠᠴᠢ᠂ ᠺᠦᠱᠢ ᠶᠢᠨ ᠬᠥᠪᠡᠭᠦᠨ ᠽᠧᠹᠠᠨᠢᠶ᠎ᠠ ᠳᠤ ᠢᠷᠡᠭᠰᠡᠨ ᠶᠣᠬᠣᠸᠠ ᠶᠢᠨ ᠦᠭᠡ᠄
ᠪᠦᠬᠦ ᠭᠠᠵᠠᠷ ᠲᠤ ᠪᠠᠭᠤᠬᠤ ᠰᠢᠳᠬᠡᠯ
2 ᠪᠢ ᠭᠠᠵᠠᠷ ᠤᠨ ᠬᠥᠷᠥᠰᠥᠨ ᠡᠴᠡ ᠪᠦᠬᠦᠨ ᠢ ᠱᠦᠭᠦᠷᠳᠡᠨ᠎ᠡ᠂ ᠶᠣᠬᠣᠸᠠ ᠠᠢᠯᠠᠳᠴᠤ ᠪᠠᠢᠨ᠎ᠠ᠃
3 ᠪᠢ ᠬᠥᠮᠦᠨ ᠠᠮᠢᠲᠠᠨ ᠢ ᠱᠦᠭᠦᠷᠳᠡᠨ᠎ᠡ ᠪᠢ ᠲᠩᠷᠢ ᠶᠢᠨ ᠰᠢᠪᠠᠭᠤᠳ᠂ ᠳᠠᠯᠠᠢ ᠶᠢᠨ ᠵᠢᠭᠠᠰᠤ ᠨᠤᠭᠤᠳ ᠮᠥᠨ ᠪᠤᠷᠤᠭᠤᠲᠠᠳ ᠢ᠂ ᠪᠦᠳᠦᠷᠢᠭᠦᠯᠦᠭᠴᠢ ᠰᠢᠲᠦᠭᠡᠨ ᠨᠦᠭᠦᠳ ᠢ ᠨᠢ ᠱᠦᠭᠦᠷᠳᠡᠵᠦ ᠬᠥᠮᠦᠨ ᠲᠥᠷᠥᠯᠬᠢᠲᠡᠨ ᠢ ᠭᠠᠵᠠᠷ ᠤᠨ ᠬᠥᠷᠥᠰᠥᠨ ᠡᠴᠡ ᠲᠠᠰᠤᠯᠬᠤ ᠪᠣᠯᠣᠨ᠎ᠠ᠂ ᠶᠣᠬᠣᠸᠠ ᠠᠢᠯᠠᠳᠴᠤ ᠪᠠᠢᠨ᠎ᠠ᠃
4 ᠪᠢ ᠶᠦᠳᠠ ᠪᠣᠯᠣᠨ ᠶᠧᠷᠦ᠋ᠰᠠᠯᠧᠮ ᠤᠨ ᠪᠦᠬᠦ ᠰᠠᠭᠤᠭᠠᠯᠢᠴᠢ ᠳᠡᠭᠡᠷ᠎ᠡ ᠭᠠᠷ ᠢᠶᠠᠨ ᠰᠤᠩ᠋ᠭᠠᠨᠠ ᠪᠠᠯ ᠤᠨ ᠦᠯᠡᠳᠡᠭᠳᠡᠯ᠂ ᠮᠥᠨ ᠰᠢᠲᠦᠭᠡᠨ ᠦ ᠲᠠᠬᠢᠯᠴᠢᠳ ᠤᠨ ᠨᠡᠷᠡᠰ ᠢ ᠡᠨᠡ ᠭᠠᠵᠠᠷ ᠠᠴᠠ ᠲᠠᠰᠤᠯᠤᠨ᠎ᠠ᠂
5 ᠮᠥᠨ ᠳᠡᠭᠡᠪᠦᠷ ᠳᠡᠭᠡᠷ᠎ᠡ ᠪᠡᠨ ᠲᠩᠷᠢ ᠶᠢᠨ ᠡᠷᠬᠡᠰ ᠲᠦ ᠪᠥᠬᠥᠢᠭ᠍ᠴᠢᠳ ᠶᠣᠬᠣᠸᠠ ᠳᠤ ᠪᠥᠬᠥᠢᠨ ᠲᠠᠩ᠋ᠭᠠᠷᠢᠭᠯᠠᠳᠠᠭ ᠤᠨ ᠬᠠᠵᠠᠭᠤ ᠪᠠᠷ ᠮᠢᠯᠺᠣᠮ ᠢᠶᠠᠷ ᠲᠠᠩ᠋ᠭᠠᠷᠢᠭᠯᠠᠭᠴᠢᠳ
6 ᠶᠣᠬᠣᠸᠠ ᠶᠢ ᠬᠠᠢᠳᠠᠭ ᠦᠭᠡᠢ ᠶᠣᠬᠣᠸᠠ ᠠᠴᠠ ᠭᠤᠶᠤᠳᠠᠭ ᠦᠭᠡᠢ ᠶᠣᠬᠣᠸᠠ ᠠᠴᠠ ᠤᠷᠪᠠᠭᠴᠢᠳ ᠢ ᠲᠠᠰᠤᠯᠤᠨ᠎ᠠ᠃
7 ᠡᠵᠡᠨ ᠶᠣᠬᠣᠸᠠ ᠶᠢᠨ ᠡᠮᠦᠨ᠎ᠡ ᠳᠠᠭᠤ ᠦᠭᠡᠢ ᠪᠠᠢ︕ ᠶᠣᠬᠣᠸᠠ ᠶᠢᠨ ᠡᠳᠦᠷ ᠣᠢᠷᠠᠬᠠᠨ ᠶᠣᠬᠣᠸᠠ ᠲᠠᠬᠢᠯ ᠢ ᠪᠡᠯᠡᠳᠬᠡᠭᠰᠡᠨ ᠤᠷᠢᠭᠳᠠᠭᠰᠠᠳ ᠢᠶᠠᠨ ᠲᠤᠰᠠᠭᠠᠷᠯᠠᠭᠰᠠᠨ
8 ᠶᠣᠬᠣᠸᠠ ᠶᠢᠨ ᠲᠠᠬᠢᠯ ᠤᠨ ᠡᠳᠦᠷ ᠶᠣᠬᠣᠸᠠ ᠪᠢ ᠨᠣᠶᠠᠳ ᠬᠢᠭᠡᠳ ᠬᠠᠭᠠᠨ ᠤ ᠬᠥᠪᠡᠭᠦᠳ ᠢ ᠮᠥᠨ ᠬᠠᠷᠢ ᠶᠢᠨ ᠬᠤᠪᠴᠠᠰᠤ ᠪᠠᠷ ᠬᠤᠪᠴᠠᠰᠤᠯᠠᠭᠰᠠᠨ ᠪᠦᠬᠦᠨ ᠢ ᠰᠢᠳᠬᠡᠨ᠎ᠡ᠂
9 ᠲᠡᠷᠡ ᠡᠳᠦᠷ ᠪᠢ ᠪᠣᠱᠣᠭᠠᠨ ᠳᠡᠭᠡᠷ᠎ᠡ ᠳᠡᠪᠬᠡᠴᠡᠳᠡᠭ ᠪᠦᠭᠦᠳᠡ ᠶᠢ ᠪᠣᠯᠣᠨ ᠶᠣᠬᠣᠸᠠ ᠶᠢᠨ ᠢᠶᠠᠨ ᠥᠷᠭᠥᠭᠡ ᠶᠢ ᠬᠦᠴᠦᠷᠬᠡᠭᠯᠡᠯ᠂ ᠮᠡᠬᠡᠯᠡᠯ ᠢᠶᠡᠷ ᠳᠦᠭᠦᠷᠭᠡᠭᠴᠢᠳ ᠢ ᠰᠢᠳᠬᠡᠬᠦ ᠪᠣᠯᠣᠨ᠎ᠠ᠃
10 ᠶᠣᠬᠣᠸᠠ ᠠᠢᠯᠠᠳᠴᠤ ᠪᠠᠢᠨ᠎ᠠ᠄ 《ᠲᠡᠷᠡ ᠡᠳᠦᠷ ᠵᠢᠭᠠᠰᠤᠨ ᠬᠠᠭᠠᠯᠭᠠᠨ ᠳᠤ ᠣᠷᠢ ᠳᠠᠭᠤ ᠰᠢᠨ᠎ᠡ ᠳᠡᠭᠦᠷᠭᠡ 1 ᠳᠤ ᠤᠢ ᠭᠠᠰᠢᠭᠤ ᠲᠣᠯᠣᠭᠠᠳ ᠲᠤ ᠶᠡᠬᠡ ᠨᠦᠵᠢᠭᠢᠨᠡᠭᠡᠨ ᠪᠠᠢᠬᠤ ᠪᠣᠯᠣᠨ᠎ᠠ᠃
11 ᠬᠤᠳᠠᠯᠳᠤᠭᠠᠨ ᠤ ᠳᠡᠭᠦᠷᠭᠡ ᠶᠢᠨ ᠰᠠᠭᠤᠭᠠᠯᠢᠴᠢᠳ ᠡ᠂ ᠲᠠ ᠨᠠᠷ ᠭᠠᠰᠢᠭᠤᠳᠠᠭᠲᠤᠨ ᠬᠤᠳᠠᠯᠳᠤᠭᠠᠴᠢᠳ ᠪᠦᠭᠦᠳᠡ ᠤᠰᠠᠲᠤᠨ᠎ᠠ ᠮᠥᠩᠭᠥ ᠲᠣᠭᠠᠯᠠᠭᠴᠢᠳ ᠪᠦᠭᠦᠳᠡ ᠠᠷᠢᠯᠤᠨ᠎ᠠ᠃
12 ᠲᠡᠷᠡ ᠦᠶ᠎ᠡ ᠳᠦ ᠪᠢ ᠳ᠋ᠧᠩ ᠪᠠᠷᠢᠵᠤ ᠶᠧᠷᠦ᠋ᠰᠠᠯᠧᠮ ᠢ ᠨᠡᠩᠵᠢᠨ ᠠᠮᠤᠷᠯᠢᠩ᠋ᠭᠤᠢ ᠬᠥᠮᠦᠰ ᠢ᠂ ᠮᠥᠨ ᠵᠢᠷᠦᠬᠡᠨ ᠳᠡᠭᠡᠨ᠄ 〈ᠶᠣᠬᠣᠸᠠ ᠰᠠᠢᠨ ᠢ ᠴᠤ᠂ ᠮᠠᠭᠤ ᠶᠢ ᠴᠤ ᠦᠢᠯᠡᠳᠬᠦ ᠦᠭᠡᠢ〉 ᠭᠡᠭᠴᠢᠳ ᠢ ᠰᠢᠳᠬᠡᠨ᠎ᠡ᠃
13 ᠪᠠᠶᠠᠯᠢᠭ ᠨᠢ ᠲᠣᠨᠣᠭᠳᠠᠵᠤ ᠪᠠᠢᠰᠢᠩ ᠤᠳ ᠨᠢ ᠪᠠᠯᠭᠠᠰᠤ ᠪᠣᠯᠣᠨ᠎ᠠ ᠲᠡᠳᠡ ᠪᠠᠢᠰᠢᠩ ᠪᠠᠷᠢᠭᠰᠠᠨ ᠴᠤ ᠲᠡᠨᠳᠡ ᠪᠡᠨ ᠰᠠᠭᠤᠬᠤ ᠦᠭᠡᠢ ᠦᠵᠦᠮ ᠦᠨ ᠲᠠᠯᠠᠪᠠᠢ ᠪᠠᠢᠭᠤᠯᠤᠭᠰᠠᠨ ᠴᠤ ᠳᠠᠷᠠᠰᠤᠨ ᠠᠴᠠ ᠪᠠᠨ ᠤᠤᠭᠤᠬᠤ ᠦᠭᠡᠢ᠃
14 ᠶᠣᠬᠣᠸᠠ ᠶᠢᠨ ᠠᠭᠤᠤ ᠡᠳᠦᠷ ᠣᠢᠷᠠᠬᠠᠨ ᠣᠢᠷᠠᠬᠠᠨ ᠪᠥᠭᠡᠳ ᠮᠠᠰᠢ ᠬᠤᠷᠳᠤᠨ ᠶᠣᠬᠣᠸᠠ ᠶᠢᠨ ᠡᠳᠦᠷ ᠦᠨ ᠴᠢᠮᠡᠭᠡ ᠪᠠᠢᠨ᠎ᠠ︕ ᠲᠡᠨᠳᠡ ᠳᠠᠢᠴᠢᠨ ᠤ ᠴᠢᠩᠭ᠍᠎ᠠ ᠬᠠᠰᠬᠢᠷᠤᠭᠠᠨ ᠪᠠᠢᠨ᠎ᠠ᠃
15 ᠲᠡᠷᠡ ᠡᠳᠦᠷ ᠪᠣᠯ ᠬᠢᠯᠢᠩ ᠤᠨ ᠡᠳᠦᠷ ᠵᠣᠪᠠᠯᠠᠩ ᠵᠦᠳᠡᠭᠦᠷᠢ ᠶᠢᠨ ᠡᠳᠦᠷ ᠬᠣᠬᠢᠷᠠᠯ ᠰᠦᠢᠷᠡᠯ ᠦᠨ ᠡᠳᠦᠷ ᠬᠠᠪ ᠬᠠᠷᠠᠩ᠋ᠭᠤᠢ ᠡᠳᠦᠷ ᠡᠭᠦᠯᠡ ᠮᠠᠨᠠᠨ ᠤ ᠡᠳᠦᠷ
16 ᠪᠡᠬᠢᠯᠡᠯᠲᠡᠲᠦ ᠬᠣᠲᠠ ᠪᠠ ᠥᠨᠳᠥᠷ ᠴᠠᠮᠬᠠᠭ ᠤᠳ ᠢ ᠴᠣᠬᠢᠬᠤ ᠪᠠᠷ ᠪᠦᠷᠢᠶ᠎ᠡ ᠦᠯᠢᠶᠡᠵᠦ ᠤᠤᠬᠠᠢᠯᠠᠬᠤ ᠡᠳᠦᠷ ᠶᠤᠮ᠂
17 ᠪᠢ ᠬᠥᠮᠦᠰ ᠲᠦ ᠵᠣᠪᠠᠯᠠᠩ ᠠᠪᠴᠢᠷᠠᠨ᠎ᠠ ᠲᠡᠳᠡ ᠶᠣᠬᠣᠸᠠ ᠳᠤ ᠨᠢᠭᠦᠯ ᠦᠢᠯᠡᠳᠦᠭᠰᠡᠨ ᠦ ᠤᠯᠠᠮ ᠢᠶᠠᠷ ᠰᠣᠬᠣᠷ ᠬᠥᠮᠦᠨ ᠰᠢᠭ ᠠᠯᠬᠤᠬᠤ ᠪᠣᠯᠣᠨ᠎ᠠ ᠲᠡᠳᠡᠨ ᠦ ᠴᠢᠰᠤ ᠲᠣᠭᠣᠰᠣ ᠮᠡᠲᠦ ᠭᠡᠳᠡᠰᠦ ᠨᠢ ᠪᠠᠭᠠᠰᠤ ᠮᠡᠲᠦ ᠠᠰᠬᠠᠭᠳᠠᠬᠤ ᠪᠣᠯᠣᠨ᠎ᠠ᠃
18 ᠶᠣᠬᠣᠸᠠ ᠶᠢᠨ ᠬᠢᠯᠢᠩ ᠤᠨ ᠡᠳᠦᠷ ᠠᠯᠲᠠ ᠮᠥᠩᠭᠥ ᠨᠢ ᠲᠡᠳᠡᠨ ᠢ ᠴᠢᠯᠥᠭᠡᠯᠡᠵᠦ ᠦᠯᠦ ᠴᠢᠳᠠᠨ᠎ᠠ ᠲᠡᠷᠡ ᠪᠡᠷ ᠭᠠᠵᠠᠷ ᠤᠨ ᠪᠦᠬᠦ ᠰᠠᠭᠤᠭᠠᠯᠢᠴᠢᠳ ᠢ ᠭᠡᠨᠡᠳᠲᠡᠬᠡᠨ ᠡᠴᠦᠰᠯᠡᠭᠦᠯᠦᠨ᠎ᠡ ᠲᠡᠭᠦᠨ ᠦ ᠬᠠᠷᠠᠳᠠᠯᠲᠠ ᠶᠢᠨ ᠭᠠᠯ ᠳᠤ ᠪᠦᠬᠦ ᠭᠠᠵᠠᠷ ᠴᠥᠯᠮᠦᠭᠳᠡᠬᠦ ᠪᠣᠯᠣᠨ᠎ᠠ᠃