ᠽᠧᠹᠠᠨᠢᠶ᠎ᠠ ᠬᠣᠶᠠᠷ
1 ᠢᠴᠢᠬᠦ ᠦᠭᠡᠢ ᠦᠨᠳᠦᠰᠦᠲᠡᠨ ᠡ᠂ ᠲᠠ ᠨᠠᠷ ᠬᠤᠷᠠᠨ ᠴᠤᠭᠯᠠᠷᠠᠵᠠᠭᠠ᠃
2 ᠡᠳᠦᠷ ᠨᠢ ᠬᠡᠪᠡᠭ ᠮᠡᠲᠦ ᠬᠡᠶᠢᠰᠴᠦ ᠲᠣᠪᠯᠠᠭᠰᠠᠨ ᠴᠠᠭ ᠪᠣᠯᠬᠤ ᠶᠢᠨ ᠡᠮᠦᠨ᠎ᠡ ᠶᠣᠬᠣᠸᠠ ᠶᠢᠨ ᠳᠣᠭᠰᠢᠨ ᠠᠭᠤᠷ ᠲᠠ ᠨᠠᠷ ᠳᠡᠭᠡᠷ᠎ᠡ ᠪᠠᠭᠤᠵᠤ ᠶᠣᠬᠣᠸᠠ ᠶᠢᠨ ᠬᠢᠯᠢᠩ ᠤᠨ ᠡᠳᠦᠷ ᠲᠠ ᠨᠠᠷ ᠳᠡᠭᠡᠷ᠎ᠡ ᠢᠷᠡᠬᠦ ᠡᠴᠡ ᠡᠮᠦᠨ᠎ᠡ ᠴᠤᠭᠯᠠᠷᠠᠵᠠᠭᠠ᠃
3 ᠲᠡᠭᠦᠨ ᠦ ᠵᠢᠷᠤᠮ ᠢ ᠰᠠᠬᠢᠳᠠᠭ ᠳᠡᠯᠡᠬᠡᠢ ᠶᠢᠨ ᠪᠦᠬᠦᠢᠯᠡ ᠳᠠᠷᠤᠤ ᠬᠥᠮᠦᠰ ᠡ ᠶᠣᠬᠣᠸᠠ ᠶᠢ ᠬᠠᠢ᠂ ᠵᠥᠪ ᠢ᠂ ᠳᠠᠷᠤᠤ ᠶᠢ ᠬᠠᠢ ᠲᠡᠭᠡᠪᠡᠯ ᠲᠠ ᠨᠠᠷ ᠶᠣᠬᠣᠸᠠ ᠶᠢᠨ ᠬᠢᠯᠢᠩ ᠤᠨ ᠡᠳᠦᠷ ᠨᠢᠭᠤᠭᠳᠠᠬᠤ ᠪᠠᠢᠬ᠎ᠠ᠃
ᠦᠨᠳᠦᠰᠦᠲᠡᠨ ᠨᠦᠭᠦᠳ ᠰᠢᠳᠬᠡᠭᠳᠡᠨ᠎ᠡ
4 ᠭᠠᠽᠠ ᠬᠠᠶᠠᠭᠳᠠᠵᠤ ᠠᠱᠺᠧᠯᠣᠨ ᠡᠵᠡᠭᠦᠢᠷᠡᠵᠦ ᠠᠱᠢᠳᠣᠳ᠋ ᠦᠳᠡ ᠳᠤᠮᠳᠠ ᠬᠥᠭᠡᠭᠡᠭᠳᠡᠵᠦ ᠡᠺᠷᠣᠨ ᠦᠨᠳᠦᠰᠦ ᠪᠡᠷ ᠢᠶᠠᠨ ᠰᠤᠭᠤᠯᠤᠭᠳᠠᠨᠠ᠃
5 ᠳᠠᠯᠠᠢ ᠶᠢᠨ ᠡᠷᠭᠢ ᠳᠤ ᠰᠠᠭᠤᠳᠠᠭ ᠬᠧᠷᠧᠲ᠋ᠴᠦᠳ ᠭᠠᠰᠠᠯᠠᠩᠲᠠᠶ᠎ᠠ ᠹᠢᠯᠢᠰᠲ᠋ᠴᠦᠳ ᠦᠨ ᠨᠤᠲᠤᠭ᠂ ᠺᠠᠨᠠᠨ ᠡ 《ᠪᠢ ᠴᠢᠮᠠᠶᠢ ᠤᠰᠠᠳᠬᠠᠨ᠎ᠠ᠂ ᠬᠡᠨ ᠴᠤ ᠦᠯᠡᠳᠡᠬᠦ ᠦᠭᠡᠢ》 ᠭᠡᠵᠦ ᠴᠢᠨᠦ ᠡᠰᠡᠷᠭᠦ ᠠᠢᠯᠠᠳᠤᠭᠰᠠᠨ ᠶᠣᠬᠣᠸᠠ ᠶᠢᠨ ᠦᠭᠡ ᠪᠠᠢᠨ᠎ᠠ᠂
6 ᠲᠡᠢᠮᠦ ᠡᠴᠡ ᠳᠠᠯᠠᠢ ᠶᠢᠨ ᠡᠷᠭᠢ ᠨᠢ ᠪᠡᠯᠴᠢᠭᠡᠷ ᠪᠣᠯᠵᠤ ᠮᠠᠯᠴᠢᠳ ᠤᠨ ᠵᠤᠰᠠᠯᠠᠩ᠂ ᠮᠠᠯ ᠤᠨ ᠬᠠᠰᠢᠶ᠎ᠠ ᠲᠡᠨᠳᠡ ᠪᠠᠢᠬᠤ ᠪᠣᠯᠣᠨ᠎ᠠ᠃
7 ᠬᠣᠵᠢᠮ ᠲᠡᠷᠡ ᠡᠷᠭᠢ ᠶᠦᠳᠠ ᠶᠢᠨ ᠭᠡᠷ ᠦᠨ ᠦᠯᠡᠳᠡᠭᠰᠡᠳ ᠦᠨ ᠬᠢ ᠪᠣᠯᠣᠨ᠎ᠠ ᠲᠡᠳᠡᠨ ᠦ ᠪᠤᠷᠬᠠᠨ ᠶᠣᠬᠣᠸᠠ ᠲᠡᠳᠡᠨ ᠢ ᠬᠠᠯᠠᠮᠵᠢᠯᠠᠵᠤ ᠴᠥᠯᠡᠯᠭᠡ ᠡᠴᠡ ᠪᠤᠴᠠᠭᠠᠬᠤ ᠲᠤᠯᠠ ᠲᠡᠳᠡ ᠲᠡᠨᠳᠡ ᠪᠡᠯᠴᠢᠬᠦ ᠪᠥᠭᠡᠳ ᠦᠳᠡᠰᠢ ᠠᠱᠺᠧᠯᠣᠨ ᠤ ᠭᠡᠷ ᠤᠳ ᠲᠤ ᠠᠮᠠᠷᠠᠨ᠎ᠠ
8 ᠮᠣᠶᠠᠪ ᠤᠨ ᠳᠣᠭᠣᠭᠢ ᠠᠮᠣᠨᠴᠤᠳ ᠤᠨ ᠳᠣᠷᠣᠮᠵᠢᠯᠠᠯ ᠢ ᠪᠢ ᠰᠣᠨᠣᠰᠣᠯ᠎ᠠ ᠠᠷᠠᠳ ᠲᠦᠮᠡᠨ ᠢ ᠮᠢᠨᠢ ᠲᠡᠳᠡ ᠳᠣᠭᠣᠭᠢᠯᠠᠵᠤ ᠬᠢᠯᠢ ᠬᠢᠵᠠᠭᠠᠷ ᠲᠤᠨᠢ ᠬᠠᠯᠳᠠᠪᠠ᠂
9 ᠲᠡᠢᠮᠦ ᠡᠴᠡ ᠢᠰᠷᠧᠯ ᠤᠨ ᠪᠤᠷᠬᠠᠨ᠂ ᠠᠤᠭ᠎ᠠ ᠬᠦᠴᠦᠲᠦ ᠶᠣᠬᠣᠸᠠ ᠠᠢᠯᠠᠳᠴᠤ ᠪᠠᠢᠨ᠎ᠠ᠄ 《ᠮᠢᠨᠦ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ ᠮᠣᠶᠠᠪ ᠨᠢ ᠰᠣᠳᠣᠮ ᠰᠢᠭ᠋ ᠠᠮᠣᠨᠴᠤᠳ ᠨᠢ ᠭᠣᠮᠣᠷᠠ ᠰᠢᠭ᠋ ᠬᠣᠭ ᠤᠨ ᠡᠪᠡᠰᠦ ᠪᠠ ᠳᠠᠪᠤᠰᠤᠨ ᠨᠦᠬᠡ ᠪᠡᠷ ᠳᠦᠭᠦᠷᠡᠩ ᠡᠭᠦᠷᠢᠳᠡ ᠶᠢᠨ ᠡᠵᠡᠭᠦᠢ ᠭᠠᠵᠠᠷ ᠪᠣᠯᠣᠨ᠎ᠠ ᠠᠷᠠᠳ ᠲᠦᠮᠡᠨ ᠦ ᠮᠢᠨᠢ ᠦᠯᠡᠳᠡᠭᠰᠡᠳ ᠲᠡᠳᠡᠨ ᠢ ᠲᠣᠨᠣᠨᠠ ᠦᠨᠳᠦᠰᠦᠲᠡᠨ ᠦ ᠮᠢᠨᠢ ᠦᠯᠡᠳᠡᠭᠰᠡᠳ ᠲᠡᠳᠡᠨ ᠦ ᠬᠢ ᠶᠢ ᠥᠪᠯᠡᠨᠡ᠃
10 ᠲᠡᠳᠡ ᠠᠤᠭ᠎ᠠ ᠬᠦᠴᠦᠲᠦ ᠶᠣᠬᠣᠸᠠ ᠶᠢᠨ ᠠᠷᠠᠳ ᠲᠦᠮᠡᠨ ᠢ ᠳᠣᠭᠣᠭᠢᠯᠠᠨ ᠳᠣᠷᠣᠮᠵᠢᠯᠠᠵᠤ᠂ ᠪᠠᠷᠳᠠᠮᠨᠠᠭᠰᠠᠨ ᠤ ᠪᠠᠨ ᠤᠯᠠᠮ ᠢᠶᠠᠷ ᠡᠨᠡ ᠬᠠᠷᠢᠭᠤ ᠶᠢ ᠠᠪᠬᠤ ᠪᠣᠯᠣᠨ᠎ᠠ᠃
11 ᠶᠣᠬᠣᠸᠠ ᠲᠡᠳᠡᠨ ᠳᠦ ᠠᠶᠤᠮᠰᠢᠭ ᠲᠠᠢ ᠪᠠᠷ ᠬᠠᠨᠳᠤᠨ᠎ᠠ᠂ ᠳᠡᠯᠡᠬᠡᠢ ᠶᠢᠨ ᠬᠠᠮᠤᠭ ᠪᠤᠷᠬᠠᠨ ᠢ ᠥᠴᠦᠬᠡᠨ ᠪᠣᠯᠭᠠᠵᠤ ᠳᠠᠯᠠᠢ ᠶᠢᠨ ᠡᠷᠭᠢ ᠪᠦᠷᠢ ᠶᠢᠨ ᠬᠠᠷᠢᠴᠤᠳ ᠥᠪᠡᠷ ᠥᠪᠡᠷᠰᠡᠳ ᠦᠨ ᠢᠶᠠᠨ ᠨᠤᠲᠤᠭ ᠲᠤ ᠶᠣᠬᠣᠸᠠ ᠳᠤ ᠮᠥᠷᠭᠥᠬᠦ ᠪᠣᠯᠣᠨ᠎ᠠ᠃
12 ᠺᠦᠱᠴᠦᠳ ᠡ᠂ ᠲᠠ ᠨᠠᠷ ᠮᠥᠨ ᠮᠢᠨᠦ ᠢᠯᠳᠦᠨ ᠳᠦ ᠠᠯᠠᠭᠳᠠᠨ᠎ᠠ᠃
13 ᠶᠣᠬᠣᠸᠠ ᠤᠮᠠᠷ᠎ᠠ ᠲᠡᠰᠢ ᠮᠤᠲᠤᠷ ᠢᠶᠠᠨ ᠰᠤᠩ᠋ᠭᠠᠨ ᠠᠰᠢᠷᠢᠶ᠎ᠠ ᠶᠢ ᠰᠥᠨᠥᠭᠡᠵᠦ᠂ ᠨᠢᠨᠧᠸᠧ ᠶᠢ ᠬᠣᠭᠣᠰᠣᠷᠠᠭᠤᠯᠤᠨ ᠴᠥᠯ ᠮᠡᠲᠦ ᠬᠠᠲᠠᠭᠠᠨ᠎ᠠ᠃
14 ᠲᠥᠪ ᠲᠤᠨᠢ ᠮᠠᠯ ᠰᠦᠷᠦᠭ ᠲᠥᠷᠥᠯ ᠪᠦᠷᠢ ᠶᠢᠨ ᠠᠷᠢᠶᠠᠲᠠᠳ ᠬᠡᠪᠲᠡᠨ᠎ᠡ ᠣᠷᠣᠢ ᠳᠡᠭᠡᠷ᠎ᠡ ᠨᠢ ᠣᠭᠣᠯᠢ ᠨᠤᠭᠤᠳ᠂ ᠰᠢᠷ᠎ᠠ ᠰᠢᠪᠠᠭᠤᠳ ᠬᠣᠨᠣᠭᠯᠠᠨ᠎ᠠ ᠲᠡᠳᠡᠨ ᠦ ᠳᠠᠭᠤ ᠴᠣᠩ᠋ᠬᠣ ᠪᠠᠷ ᠰᠣᠨᠣᠰᠳᠠᠨ᠎ᠠ ᠪᠣᠱᠣᠭᠠᠨ ᠳᠡᠭᠡᠷ᠎ᠡ ᠨᠢ ᠬᠠᠢᠷ ᠴᠢᠯᠠᠭᠤ ᠰᠠᠴᠤᠭᠳᠠᠨ᠎ᠠ ᠬᠤᠱᠢ ᠨᠢᠷᠤᠭᠤ ᠨᠤᠭᠤᠳ ᠢᠯᠡ ᠭᠠᠷᠬᠤ ᠪᠣᠯᠣᠨ᠎ᠠ᠃
15 ᠤᠤᠯ ᠨᠢ ᠲᠡᠷᠡ ᠠᠶᠤᠯ ᠦᠭᠡᠢ ᠰᠠᠭᠤᠵᠤ ᠪᠣᠯᠬᠤ ᠠᠮᠤᠷᠯᠢᠩ᠋ᠭᠤᠢ ᠬᠣᠲᠠ᠂ ᠵᠢᠷᠦᠬᠡᠨ ᠳᠡᠭᠡᠨ᠄ 《ᠪᠢ ᠪᠠᠢᠨ᠎ᠠ᠂ ᠥᠭᠡᠷ᠎ᠡ ᠬᠡᠨ ᠴᠤ ᠬᠡᠷᠡᠭ ᠦᠭᠡᠢ》 ᠭᠡᠵᠦ ᠬᠡᠯᠡᠳᠡᠭ ᠪᠠᠢᠭᠰᠠᠨ ᠲᠡᠷᠡ ᠡᠳᠦᠭᠡ ᠬᠡᠷᠬᠢᠨ ᠡᠵᠡᠭᠦᠢᠷᠡᠵᠦ᠂ ᠠᠷᠢᠶᠠᠲᠠᠳ ᠤᠨ ᠠᠮᠠᠷᠠᠳᠠᠭ ᠭᠠᠵᠠᠷ ᠪᠣᠯᠣᠭᠰᠠᠨ ᠪᠣᠯ︕ ᠲᠡᠷᠡᠭᠦᠷ ᠥᠩᠭᠡᠷᠡᠬᠦ ᠬᠥᠮᠦᠨ ᠪᠣᠯᠭᠠᠨ ᠳᠣᠭᠣᠭᠢᠯᠠᠵᠤ᠂ ᠬᠤᠷᠤᠭᠤ ᠪᠠᠷ ᠢᠶᠠᠨ ᠴᠢᠴᠢᠯᠡᠬᠦ ᠪᠣᠯᠣᠨ᠎ᠠ᠃