1 2 3 4 5 6 7 8 9 10 11 12 13 14 15 16 17 18 19 20 21 22


ᠬᠠᠭᠠᠳ ᠤᠨ ᠳᠡᠭᠡᠳᠦ ᠨᠢᠭᠡ
 ᠠᠳᠣᠨᠢᠶ᠎ᠠ ᠬᠠᠭᠠᠨ ᠪᠣᠯᠬᠤ ᠪᠠᠷ ᠣᠷᠣᠯᠳᠤᠪᠠ

1 ᠳ᠋ᠠᠸᠢᠳ᠋ ᠬᠠᠭᠠᠨ ᠨᠠᠰᠤ ᠠᠬᠢᠨ ᠥᠲᠡᠯᠦᠭᠡᠳ ᠬᠥᠨᠵᠢᠯᠡ ᠬᠤᠴᠢᠭᠰᠠᠨ ᠴᠤ ᠳᠤᠯᠠᠭᠠᠴᠠᠬᠤ ᠪᠠᠨ ᠪᠣᠯᠢᠵᠠᠢ᠃ 2 ᠵᠠᠷᠤᠴᠠ ᠨᠠᠷ ᠨᠢ ᠲᠡᠭᠦᠨ ᠳᠦ᠄ 《ᠪᠢᠳᠡ ᠬᠠᠭᠠᠨ ᠡᠵᠡᠨ ᠳᠡᠭᠡᠨ ᠣᠩ᠋ᠭᠣᠨ ᠥᠬᠢᠨ ᠡᠷᠢᠵᠦ ᠥᠭᠭᠥᠶ᠎ᠡ᠂ ᠲᠡᠷᠡ ᠬᠠᠭᠠᠨ ᠲᠠᠨ ᠤ ᠡᠮᠦᠨ᠎ᠡ ᠵᠣᠭᠰᠣᠭᠠᠳ ᠲᠠᠨ ᠢ ᠠᠰᠠᠷᠠᠬᠤ ᠪᠥᠭᠡᠳ ᠲᠠᠨ ᠤ ᠡᠪᠦᠷ ᠲᠦ ᠬᠡᠪᠲᠡᠪᠡᠯ ᠬᠠᠭᠠᠨ ᠡᠵᠡᠨ ᠮᠠᠨᠢ ᠳᠤᠯᠠᠭᠠᠴᠠᠬᠤ ᠪᠣᠯᠣᠨ᠎ᠠ》 ᠭᠡᠵᠦ ᠠᠢᠯᠠᠳᠬᠠᠪᠠ᠃ 3 ᠢᠰᠷᠧᠯ ᠤᠨ ᠨᠤᠲᠤᠭ ᠳᠠᠶᠠᠭᠠᠷ ᠭᠤᠸ᠎ᠠ ᠦᠵᠡᠰᠬᠦᠯᠡᠩ ᠥᠬᠢᠨ ᠢ ᠬᠠᠢᠭᠰᠠᠭᠠᠷ ᠱᠦᠨᠧᠮ ᠥᠬᠢᠨ ᠠᠪᠢᠱᠠᠭ ᠢ ᠣᠯᠵᠤ᠂ ᠬᠠᠭᠠᠨ ᠳᠡᠭᠡᠷ᠎ᠡ ᠠᠪᠴᠢᠷᠠᠪᠠ᠃ 4 ᠲᠡᠷᠡ ᠥᠬᠢᠨ ᠮᠠᠰᠢ ᠭᠤᠸ᠎ᠠ ᠦᠵᠡᠰᠬᠦᠯᠡᠩ ᠪᠥᠭᠡᠳ ᠬᠠᠭᠠᠨ ᠢ ᠠᠰᠠᠷᠠᠵᠤ᠂ ᠲᠡᠭᠦᠨ ᠳᠦ ᠦᠢᠯᠡᠴᠢᠯᠡᠭᠰᠡᠨ ᠪᠣᠯᠪᠠᠴᠤ ᠬᠠᠭᠠᠨ ᠲᠡᠭᠦᠨ ᠲᠡᠢ ᠡᠩᠭᠡᠷ ᠵᠥᠷᠢᠭᠦᠯᠦᠭᠰᠡᠨ ᠦᠭᠡᠢ᠃

5 ᠲᠡᠷᠡ ᠦᠶ᠎ᠡ ᠳᠦ ᠬᠠᠬᠢᠲ ᠠᠴᠠ ᠲᠥᠷᠥᠭᠰᠡᠨ ᠠᠳᠣᠨᠢᠶ᠎ᠠ 《ᠪᠢ ᠬᠠᠭᠠᠨ ᠪᠣᠯᠣᠨ᠎ᠠ》 ᠬᠡᠮᠡᠨ ᠥᠪᠡᠷ ᠢ ᠪᠠᠨ ᠡᠷᠭᠦᠮᠵᠢᠯᠡᠵᠦ ᠪᠠᠢᠪᠠ᠃ ᠲᠡᠷᠡ ᠥᠪᠡᠷ ᠲᠡᠭᠡᠨ ᠬᠥᠰᠬᠡ ᠲᠡᠷᠭᠡ᠂ ᠮᠣᠷᠢᠲᠠᠳ ᠬᠢᠭᠡᠳ ᠥᠪᠡᠷ ᠦᠨ ᠢᠶᠠᠨ ᠡᠮᠦᠨ᠎ᠡ ᠭᠦᠶᠦᠯᠭᠡᠬᠦ ᠲᠠᠪᠢᠨ ᠬᠥᠮᠦᠨ ᠢ ᠪᠡᠯᠡᠳᠬᠡᠪᠡ᠃ 6 ᠡᠴᠢᠭᠡ ᠳ᠋ᠠᠸᠢᠳ᠋ ᠨᠢ ᠲᠡᠭᠦᠨ ᠢ ᠶᠡᠷᠦ ᠡᠴᠡ 《ᠶᠠᠭᠤ ᠭᠡᠵᠦ ᠢᠩᠭᠢᠪᠡ︖》 ᠭᠡᠵᠦ ᠵᠢᠮᠡᠯᠡᠳᠡᠭ ᠦᠭᠡᠢ ᠪᠠᠢᠵᠠᠢ᠃ ᠲᠡᠷᠡ ᠪᠠᠰᠠ ᠮᠠᠰᠢ ᠰᠠᠢᠬᠠᠨ ᠡᠷ᠎ᠡ ᠪᠥᠭᠡᠳ ᠠᠪᠰᠠᠯᠣᠮ ᠤᠨ ᠳᠠᠷᠠᠭ᠎ᠠ ᠲᠥᠷᠥᠭᠰᠡᠨ ᠪᠠᠢᠯ᠎ᠠ᠃ 7 ᠲᠡᠷᠡ ᠽᠧᠷᠣᠢᠶ᠎ᠠ ᠶᠢᠨ ᠬᠦᠦ ᠶᠣᠶᠠᠪ ᠪᠣᠯᠣᠨ ᠲᠠᠬᠢᠯᠴᠢ ᠠᠪᠢᠶᠠᠲ᠋ᠠᠷ ᠨᠠᠷ ᠲᠠᠢ ᠵᠥᠪᠳᠡᠯᠴᠡᠭᠰᠡᠨ ᠳᠦ᠂ ᠲᠡᠳᠡ ᠠᠳᠣᠨᠢᠶ᠎ᠠ ᠶᠢ ᠳᠠᠭᠠᠵᠤ ᠳᠠᠮᠵᠢᠪᠠ᠃ 8 ᠬᠠᠷᠢᠨ ᠲᠠᠬᠢᠯᠴᠢ ᠽᠠᠳᠣᠺ᠂ ᠶᠧᠬᠣᠷᠠᠢᠳᠠ ᠶᠢᠨ ᠬᠦᠦ ᠪᠧᠨᠠᠢᠶ᠎ᠠ᠂ ᠡᠰᠢ ᠦᠵᠡᠭᠦᠯᠦᠭᠴᠢ ᠨᠠᠲ᠋ᠠᠨ᠂ ᠱᠢᠮᠧᠶᠢ᠂ ᠷᠧᠢ ᠪᠣᠯᠣᠨ ᠳ᠋ᠠᠸᠢᠳ᠋ ᠤᠨ ᠬᠠᠷᠢᠶ᠎ᠠ ᠳᠠᠢᠴᠢᠳ ᠠᠳᠣᠨᠢᠶ᠎ᠠ ᠲᠠᠢ ᠨᠡᠢᠯᠡᠭᠰᠡᠨ ᠦᠭᠡᠢ᠃

9 ᠠᠳᠣᠨᠢᠶ᠎ᠠ ᠷᠣᠭᠧᠯ ᠤᠨ ᠪᠤᠯᠠᠭ ᠤᠨ ᠣᠢᠷᠠᠯᠴᠠᠭᠠᠬᠢ ᠽᠣᠾᠧᠯᠧᠲ ᠤᠨ ᠬᠠᠳᠠᠨ ᠤ ᠳᠡᠷᠭᠡᠳᠡ ᠬᠣᠨᠢ᠂ ᠦᠬᠡᠷ᠂ ᠲᠠᠷᠭᠤᠨ ᠲᠤᠭᠤᠯ ᠨᠢᠲᠤᠯᠵᠤ ᠲᠠᠬᠢᠯ ᠡᠷᠭᠦᠨ᠂ ᠥᠪᠡᠷ ᠦᠨ ᠳᠡᠭᠦᠦ ᠨᠠᠷ᠂ ᠬᠠᠭᠠᠨ ᠤ ᠪᠦᠬᠦ ᠬᠥᠪᠡᠭᠦᠳ᠂ ᠮᠥᠨ ᠬᠠᠭᠠᠨ ᠤ ᠶᠦᠳᠠ ᠭᠠᠷᠤᠯ ᠲᠠᠢ ᠪᠦᠬᠦ ᠲᠦᠰᠢᠮᠡᠳ ᠢ ᠤᠷᠢᠭᠰᠠᠨ ᠪᠠᠢᠪᠠ᠃ 10 ᠬᠠᠷᠢᠨ ᠲᠡᠷᠡ ᠡᠰᠢ ᠦᠵᠡᠭᠦᠯᠦᠭᠴᠢ ᠨᠠᠲ᠋ᠠᠨ ᠬᠢᠭᠡᠳ ᠪᠧᠨᠠᠢᠶ᠎ᠠ᠂ ᠨᠥᠭᠥᠭᠡ ᠳᠠᠢᠴᠢᠳ ᠪᠣᠯᠣᠨ ᠳᠡᠭᠦᠦ ᠰᠣᠯᠣᠮᠣᠨ ᠢᠶᠠᠨ ᠤᠷᠢᠭᠰᠠᠨ ᠦᠭᠡᠢ᠃

11 ᠨᠠᠲ᠋ᠠᠨ ᠰᠣᠯᠣᠮᠣᠨ ᠤ ᠡᠵᠢ ᠪᠠᠲ᠋ᠱᠧᠪᠠ ᠳᠤ᠄ 《ᠬᠠᠬᠢᠲ ᠤᠨ ᠬᠦᠦ ᠠᠳᠣᠨᠢᠶ᠎ᠠ ᠶᠢᠨ ᠬᠠᠭᠠᠨ ᠪᠣᠯᠴᠢᠬᠠᠭᠰᠠᠨ ᠢ ᠲᠠ ᠰᠣᠨᠣᠰᠣᠭ᠎ᠠ ᠦᠭᠡᠢ ᠤᠤ︖ ᠭᠡᠪᠡᠴᠦ ᠮᠠᠨ ᠤ ᠡᠵᠡᠨ ᠳ᠋ᠠᠸᠢᠳ᠋ ᠡᠭᠦᠨ ᠢ ᠮᠡᠳᠡᠭᠡ ᠦᠭᠡᠢ ᠪᠠᠢᠨ᠎ᠠ᠃ 12 ᠵᠠ᠂ ᠣᠳᠣ ᠪᠢ ᠲᠠᠨ ᠤ ᠠᠮᠢ ᠪᠣᠯᠣᠨ ᠬᠦᠦ ᠰᠣᠯᠣᠮᠣᠨ ᠤ ᠴᠢᠨᠢ ᠠᠮᠢ ᠶᠢ ᠠᠪᠤᠷᠠᠬᠤ ᠵᠥᠪᠯᠡᠯᠭᠡ ᠶᠢ ᠲᠠᠨ ᠳᠤ ᠥᠭᠭᠥᠶ᠎ᠡ᠃ 13 ᠲᠠ ᠳ᠋ᠠᠸᠢᠳ᠋ ᠬᠠᠭᠠᠨ ᠳᠤ ᠣᠴᠢᠵᠤ ᠪᠠᠷᠠᠭᠠᠯᠬᠠᠨ᠄ 〈ᠬᠠᠭᠠᠨ ᠡᠵᠡᠨ ᠮᠢᠨᠢ᠂ ᠲᠠ ᠰᠢᠪᠡᠭᠴᠢᠨ ᠨᠠᠳᠠ ᠳᠠᠭᠠᠨ ᠨᠢᠭᠡᠨᠲᠡ ᠲᠠᠩ᠋ᠭᠠᠷᠢᠭᠯᠠᠨ᠄ ᠴᠢᠨᠦ ᠬᠦᠦ ᠰᠣᠯᠣᠮᠣᠨ ᠯᠠ ᠮᠢᠨᠦ ᠳᠠᠷᠠᠭ᠎ᠠ ᠬᠠᠭᠠᠨ ᠪᠣᠯᠵᠤ᠂ ᠮᠢᠨᠦ ᠰᠡᠨᠲᠢ ᠳᠤ ᠵᠠᠯᠠᠷᠠᠬᠤ ᠪᠣᠯᠣᠨ᠎ᠠ ᠭᠡᠵᠦ ᠠᠮᠠᠯᠠᠭᠰᠠᠨ ᠪᠢᠰᠢ ᠤᠤ︖ ᠭᠡᠲᠡᠯ᠎ᠡ ᠶᠠᠭᠤᠨ ᠤ ᠤᠴᠢᠷ ᠠᠳᠣᠨᠢᠶ᠎ᠠ ᠬᠠᠭᠠᠨ ᠪᠣᠯᠴᠢᠬᠠᠭᠰᠠᠨ ᠪᠠᠢᠭ᠎ᠠ ᠶᠤᠮ ᠪᠤᠢ︖〉 ᠭᠡᠵᠦ ᠬᠡᠯᠡᠭᠲᠦᠨ᠃ 14 ᠠᠩ᠋ᠬᠠᠷᠤᠭᠲᠤᠨ᠂ ᠲᠠ ᠲᠡᠨᠳᠡ ᠬᠠᠭᠠᠨᠲᠠᠨ ᠳᠤ ᠠᠢᠯᠠᠳᠬᠠᠵᠤ ᠪᠠᠢᠬᠤ ᠦᠶ᠎ᠡ ᠳᠦ᠂ ᠪᠢ ᠲᠠᠨ ᠤ ᠠᠷᠤ ᠠᠴᠠ ᠣᠷᠣᠵᠤ ᠦᠭᠡ ᠶᠢ ᠴᠢᠨᠢ ᠳᠡᠮᠵᠢᠶ᠎ᠡ》 ᠭᠡᠪᠡ᠃

15 ᠢᠩᠭᠢᠭᠡᠳ ᠪᠠᠲ᠋ᠱᠧᠪᠠ ᠬᠠᠭᠠᠨ ᠤ ᠥᠷᠥᠭᠡᠨ ᠳᠦ ᠣᠷᠣᠪᠠ᠃ ᠬᠠᠭᠠᠨ ᠶᠡᠬᠡᠳᠡ ᠥᠲᠡᠯᠦᠭᠰᠡᠨ ᠪᠣᠯᠬᠣᠷ ᠱᠦᠨᠧᠮ ᠥᠬᠢᠨ ᠠᠪᠢᠱᠠᠭ ᠲᠡᠭᠦᠨ ᠢ ᠠᠰᠠᠷᠠᠵᠤ ᠪᠠᠢᠯ᠎ᠠ᠃ 16 ᠪᠠᠲ᠋ᠱᠧᠪᠠ ᠪᠥᠬᠥᠢᠵᠦ ᠬᠠᠭᠠᠨ ᠤ ᠡᠮᠦᠨ᠎ᠡ ᠮᠥᠷᠭᠥᠬᠦ ᠳᠦ᠂ ᠬᠠᠭᠠᠨ᠄ 《ᠴᠢ ᠶᠠᠭᠤ ᠬᠦᠰᠡᠵᠦ ᠪᠠᠢᠨ᠎ᠠ ᠪᠤᠢ︖》 ᠭᠡᠵᠦ ᠠᠰᠠᠭᠤᠪᠠ᠃ 17 ᠪᠠᠲ᠋ᠱᠧᠪᠠ᠄ 《ᠡᠵᠡᠨ ᠮᠢᠨᠢ᠂ ᠲᠠ ᠰᠢᠪᠡᠭᠴᠢᠨ ᠳᠡᠭᠡᠨ ᠶᠣᠬᠣᠸᠠ ᠪᠤᠷᠬᠠᠨ ᠢᠶᠠᠷ ᠢᠶᠠᠨ ᠲᠠᠩ᠋ᠭᠠᠷᠢᠭᠯᠠᠨ᠄ 〈ᠴᠢᠨᠦ ᠬᠦᠦ ᠰᠣᠯᠣᠮᠣᠨ ᠯᠠ ᠮᠢᠨᠦ ᠳᠠᠷᠠᠭ᠎ᠠ ᠬᠠᠭᠠᠨ ᠪᠣᠯᠵᠤ᠂ ᠮᠢᠨᠦ ᠰᠡᠨᠲᠢ ᠳᠤ ᠵᠠᠯᠠᠷᠠᠬᠤ ᠪᠣᠯᠣᠨ᠎ᠠ〉 ᠭᠡᠰᠡᠨ ᠰᠢᠦ ᠳᠠ᠃ 18 ᠣᠳᠣ ᠬᠠᠷᠠ᠂ ᠠᠳᠣᠨᠢᠶ᠎ᠠ ᠬᠠᠭᠠᠨ ᠪᠣᠯᠴᠢᠬᠠᠭᠰᠠᠨ ᠪᠠᠢᠬᠤ ᠳᠤ᠂ ᠡᠵᠡᠨ ᠬᠠᠭᠠᠨ ᠮᠢᠨᠢ ᠲᠠ ᠡᠭᠦᠨ ᠢ ᠮᠡᠳᠡᠬᠦ ᠦᠭᠡᠢ ᠯᠠ ᠪᠠᠢᠨ᠎ᠠ᠃ 19 ᠠᠳᠣᠨᠢᠶ᠎ᠠ ᠦᠯᠡᠮᠵᠢ ᠣᠯᠠᠨ ᠦᠬᠡᠷ᠂ ᠲᠠᠷᠭᠤᠨ ᠲᠤᠭᠤᠯ ᠪᠣᠯᠣᠨ ᠬᠣᠨᠢ ᠨᠢᠲᠤᠯᠵᠤ ᠲᠠᠬᠢᠯ ᠡᠷᠭᠦᠨ᠂ ᠬᠠᠭᠠᠨ ᠤ ᠪᠦᠬᠦ ᠬᠥᠪᠡᠭᠦᠳ᠂ ᠲᠠᠬᠢᠯᠴᠢ ᠠᠪᠢᠶᠠᠲ᠋ᠠᠷ᠂ ᠴᠡᠷᠢᠭ ᠤᠨ ᠵᠠᠩᠵᠤᠨ ᠶᠣᠶᠠᠪ ᠢ ᠴᠤ ᠤᠷᠢᠭᠰᠠᠨ ᠪᠣᠯᠪᠠᠴᠤ ᠲᠠᠨ ᠤ ᠵᠠᠷᠤᠴᠠ ᠰᠣᠯᠣᠮᠣᠨ ᠢ ᠤᠷᠢᠭᠰᠠᠨ ᠦᠭᠡᠢ᠃ 20 ᠬᠠᠭᠠᠨ ᠡᠵᠡᠨ ᠮᠢᠨᠢ᠂ ᠳᠠᠶᠠᠭᠠᠷ ᠢᠰᠷᠧᠯ ᠤᠨ ᠨᠢᠳᠦ ᠲᠠᠨ ᠳᠡᠭᠡᠷ᠎ᠡ ᠲᠤᠰᠴᠤ ᠪᠠᠢᠨ᠎ᠠ᠃ ᠬᠠᠭᠠᠨ ᠡᠵᠡᠨ ᠦ ᠮᠢᠨᠢ ᠳᠠᠷᠠᠭ᠎ᠠ ᠲᠠᠨ ᠤ ᠰᠡᠨᠲᠢ ᠶᠢ ᠵᠠᠯᠭᠠᠮᠵᠢᠯᠠᠨ ᠰᠠᠭᠤᠬᠤ ᠨᠢ ᠬᠡᠨ ᠪᠣᠯᠬᠤ ᠶᠢ ᠲᠠ ᠵᠠᠷᠯᠠᠨ᠎ᠠ ᠤᠤ︖ 21 ᠡᠰᠡ ᠲᠡᠭᠡᠪᠡᠯ ᠬᠠᠭᠠᠨ ᠡᠵᠡᠨ ᠮᠢᠨᠢ ᠲᠠ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠮᠠᠭᠴᠠ ᠪᠢ ᠬᠦᠦ ᠰᠣᠯᠣᠮᠣᠨ ᠲᠠᠢ ᠪᠠᠨ ᠭᠡᠮᠲᠦ ᠬᠡᠷᠡᠭᠲᠡᠨ ᠪᠣᠯᠣᠨ᠎ᠠ》 ᠭᠡᠪᠡ᠃

22 ᠪᠠᠲ᠋ᠱᠧᠪᠠ ᠬᠠᠭᠠᠨ ᠳᠤ ᠲᠡᠢᠨ ᠬᠦ ᠠᠢᠯᠠᠳᠬᠠᠵᠤ ᠪᠠᠢᠬᠤ ᠳᠤ᠂ ᠡᠰᠢ ᠦᠵᠡᠭᠦᠯᠦᠭᠴᠢ ᠨᠠᠲ᠋ᠠᠨ ᠣᠷᠣᠵᠤ ᠢᠷᠡᠯ᠎ᠡ᠃ 23 ᠲᠦᠰᠢᠮᠡᠳ᠄ 《ᠡᠰᠢ ᠦᠵᠡᠭᠦᠯᠦᠭᠴᠢ ᠨᠠᠲ᠋ᠠᠨ ᠢᠷᠡᠭᠡᠳ ᠪᠠᠢᠨ᠎ᠠ》 ᠭᠡᠵᠦ ᠳᠤᠭᠤᠯᠭᠠᠬᠤ ᠳᠤ᠂ ᠨᠠᠲ᠋ᠠᠨ ᠬᠠᠭᠠᠨ ᠳᠡᠭᠡᠷ᠎ᠡ ᠢᠷᠡᠭᠡᠳ᠂ ᠨᠢᠭᠤᠷ ᠢᠶᠠᠨ ᠭᠠᠵᠠᠷ ᠲᠤ ᠬᠦᠷᠭᠡᠨ ᠬᠠᠭᠠᠨ ᠤ ᠡᠮᠦᠨ᠎ᠡ ᠮᠥᠷᠭᠥᠪᠡ᠃

24 ᠨᠠᠲ᠋ᠠᠨ᠄ 《ᠮᠢᠨᠦ ᠡᠵᠡᠨ ᠬᠠᠭᠠᠨ ᠲᠠ᠄ 〈ᠠᠳᠣᠨᠢᠶ᠎ᠠ ᠮᠢᠨᠦ ᠳᠠᠷᠠᠭ᠎ᠠ ᠬᠠᠭᠠᠨ ᠪᠣᠯᠵᠤ᠂ ᠮᠢᠨᠦ ᠰᠡᠨᠲᠢ ᠳᠤ ᠵᠠᠯᠠᠷᠠᠨ᠎ᠠ〉 ᠭᠡᠵᠦ ᠬᠡᠯᠡᠭᠰᠡᠨ ᠶᠤᠮ ᠤᠤ︖ 25 ᠠᠳᠣᠨᠢᠶ᠎ᠠ ᠥᠨᠥᠳᠥᠷ ᠪᠠᠭᠤᠨ ᠣᠴᠢᠵᠤ᠂ ᠦᠯᠡᠮᠵᠢ ᠣᠯᠠᠨ ᠦᠬᠡᠷ᠂ ᠲᠠᠷᠭᠤᠨ ᠲᠤᠭᠤᠯ ᠪᠣᠯᠣᠨ ᠬᠣᠨᠢ ᠨᠢᠲᠤᠯᠵᠤ ᠲᠠᠬᠢᠯ ᠡᠷᠭᠦᠨ ᠬᠠᠭᠠᠨ ᠤ ᠪᠦᠬᠦ ᠬᠥᠪᠡᠭᠦᠳ᠂ ᠴᠡᠷᠢᠭ ᠤᠨ ᠵᠠᠩᠵᠤᠨ ᠨᠠᠷ ᠪᠠ ᠲᠠᠬᠢᠯᠴᠢ ᠠᠪᠢᠶᠠᠲ᠋ᠠᠷ ᠨᠠᠷ ᠢ ᠤᠷᠢᠭᠰᠠᠨ ᠪᠠᠢᠨ᠎ᠠ᠃ ᠡᠳᠦᠭᠡ ᠲᠡᠳᠡ ᠠᠳᠣᠨᠢᠶ᠎ᠠ ᠶᠢᠨ ᠡᠮᠦᠨ᠎ᠡ ᠤᠤᠭᠤᠵᠤ ᠢᠳᠡᠨ᠂ 〈ᠠᠳᠣᠨᠢᠶ᠎ᠠ ᠬᠠᠭᠠᠨ ᠮᠠᠨᠳᠤᠲᠤᠭᠠᠢ〉 ᠭᠡᠵᠦ ᠤᠤᠬᠠᠢᠯᠠᠵᠠᠭᠠᠵᠤ ᠪᠠᠢᠨ᠎ᠠ᠃ 26 ᠬᠠᠷᠢᠨ ᠲᠡᠷᠡ ᠲᠠᠨ ᠤ ᠵᠠᠷᠤᠴᠠ ᠨᠠᠮᠠᠶᠢ᠂ ᠮᠥᠨ ᠲᠠᠬᠢᠯᠴᠢ ᠽᠠᠳᠣᠺ᠂ ᠶᠧᠬᠣᠷᠠᠢᠳᠠ ᠶᠢᠨ ᠬᠦᠦ ᠪᠧᠨᠠᠢᠶ᠎ᠠ᠂ ᠲᠠᠨ ᠤ ᠵᠠᠷᠤᠴᠠ ᠰᠣᠯᠣᠮᠣᠨ ᠨᠠᠷ ᠢ ᠤᠷᠢᠭᠰᠠᠨ ᠦᠭᠡᠢ᠃ 27 ᠬᠠᠭᠠᠨ ᠡᠵᠡᠨ ᠮᠠᠨᠢ ᠥᠪᠡᠷ ᠦᠨ ᠢᠶᠠᠨ ᠳᠠᠷᠠᠭ᠎ᠠ ᠬᠡᠨ ᠢ ᠰᠡᠨᠲᠢ ᠳᠡᠭᠡᠨ ᠰᠠᠭᠤᠯᠭᠠᠬᠤ ᠶᠢ ᠵᠠᠷᠤᠴᠠ ᠨᠠᠷ ᠲᠠᠭᠠᠨ ᠳᠤᠭᠤᠯᠭᠠᠭ᠎ᠠ ᠦᠭᠡᠢ ᠪᠠᠢᠬᠤ ᠳᠤ᠂ ᠡᠢᠮᠦ ᠶᠠᠭᠤᠮ᠎ᠠ ᠪᠣᠯᠵᠤ ᠪᠠᠢᠭ᠎ᠠ ᠨᠢ ᠦᠨᠡᠬᠡᠷ ᠲᠠᠨ ᠤ ᠰᠠᠨᠠᠭ᠎ᠠ ᠮᠥᠨ ᠤᠤ︖》 ᠭᠡᠪᠡ᠃
 ᠳ᠋ᠠᠸᠢᠳ᠋ ᠰᠣᠯᠣᠮᠣᠨ ᠢ ᠬᠠᠭᠠᠨ ᠪᠣᠯᠭᠠᠪᠠ

28 ᠳ᠋ᠠᠸᠢᠳ᠋ ᠬᠠᠭᠠᠨ᠄ 《ᠪᠠᠲ᠋ᠱᠧᠪᠠ ᠶᠢ ᠨᠠᠳᠠ ᠤᠷᠤᠭᠤ ᠳᠠᠭᠤᠳᠠᠭᠲᠤᠨ》 ᠭᠡᠰᠡᠨ ᠳᠦ᠂ ᠪᠠᠲ᠋ᠱᠧᠪᠠ ᠣᠷᠣᠵᠤ ᠢᠷᠡᠭᠡᠳ ᠬᠠᠭᠠᠨ ᠤ ᠡᠮᠦᠨ᠎ᠡ ᠵᠣᠭᠰᠣᠪᠠ᠃ 29 ᠬᠠᠭᠠᠨ ᠲᠠᠩ᠋ᠭᠠᠷᠢᠭᠯᠠᠨ᠄ 《ᠠᠯᠢᠪᠠ ᠪᠡᠷᠬᠡ ᠡᠴᠡ ᠮᠢᠨᠦ ᠠᠮᠢ ᠶᠢ ᠠᠪᠤᠷᠠᠭᠰᠠᠨ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ 30 ᠴᠢᠮ᠎ᠠ ᠳᠤ ᠪᠢ ᠢᠰᠷᠧᠯ ᠤᠨ ᠪᠤᠷᠬᠠᠨ ᠶᠣᠬᠣᠸᠠ ᠪᠠᠷ ᠲᠠᠩ᠋ᠭᠠᠷᠢᠭᠯᠠᠭᠰᠠᠨ ᠢᠶᠠᠨ ᠥᠨᠥᠳᠥᠷ ᠵᠠᠪᠠᠯ ᠪᠡᠶᠡᠯᠡᠭᠦᠯᠦᠶ᠎ᠡ᠄ ᠴᠢᠨᠦ ᠬᠦᠦ ᠰᠣᠯᠣᠮᠣᠨ ᠯᠠ ᠮᠢᠨᠦ ᠳᠠᠷᠠᠭ᠎ᠠ ᠬᠠᠭᠠᠨ ᠪᠣᠯᠣᠨ᠎ᠠ᠂ ᠮᠢᠨᠦ ᠣᠷᠣᠨ ᠳᠤ ᠰᠠᠭᠤᠬᠤ ᠨᠢ ᠲᠡᠷᠡ ᠪᠢᠯᠡ》 ᠭᠡᠬᠦ ᠳᠦ᠂ 31 ᠪᠠᠲ᠋ᠱᠧᠪᠠ ᠨᠢᠭᠤᠷ ᠢᠶᠠᠨ ᠭᠠᠵᠠᠷ ᠲᠤ ᠨᠠᠭᠠᠨ ᠬᠠᠭᠠᠨ ᠤ ᠡᠮᠦᠨ᠎ᠡ ᠮᠥᠷᠭᠥᠵᠦ᠄ 《ᠮᠢᠨᠦ ᠡᠵᠡᠨ ᠳ᠋ᠠᠸᠢᠳ᠋ ᠬᠠᠭᠠᠨ ᠲᠠ ᠮᠥᠩᠬᠡ ᠨᠠᠰᠤᠯᠠᠬᠤ ᠪᠣᠯᠲᠤᠭᠠᠢ》 ᠭᠡᠵᠦ ᠬᠡᠯᠡᠪᠡ᠃

32 ᠳᠠᠷᠠᠭ᠎ᠠ ᠨᠢ ᠳ᠋ᠠᠸᠢᠳ᠋ ᠬᠠᠭᠠᠨ᠄ 《ᠲᠠᠬᠢᠯᠴᠢ ᠽᠠᠳᠣᠺ᠂ ᠡᠰᠢ ᠦᠵᠡᠭᠦᠯᠦᠭᠴᠢ ᠨᠠᠲ᠋ᠠᠨ ᠪᠣᠯᠣᠨ ᠶᠧᠬᠣᠷᠠᠢᠳᠠ ᠶᠢᠨ ᠬᠦᠦ ᠪᠧᠨᠠᠢᠶ᠎ᠠ ᠨᠠᠷ ᠢ ᠨᠠᠰᠢ ᠳᠠᠭᠤᠳᠠᠭᠲᠤᠨ》 ᠭᠡᠬᠦ ᠳᠦ᠂ ᠲᠡᠳᠡ ᠬᠠᠭᠠᠨ ᠤ ᠡᠮᠦᠨ᠎ᠡ ᠢᠷᠡᠯ᠎ᠡ᠃ 33 ᠬᠠᠭᠠᠨ᠄ 《ᠲᠠ ᠨᠠᠷ ᠡᠵᠡᠨ ᠦ ᠪᠠᠨ ᠵᠠᠷᠤᠴᠠ ᠨᠠᠷ ᠢ ᠳᠠᠭᠠᠭᠤᠯᠤᠨ᠂ ᠮᠢᠨᠦ ᠤᠨᠤᠳᠠᠭ ᠯᠠᠭᠤᠰᠠᠨ ᠳᠤ ᠬᠦᠦ ᠰᠣᠯᠣᠮᠣᠨ ᠢ ᠮᠢᠨᠢ ᠮᠣᠷᠳᠠᠭᠤᠯᠵᠤ᠂ ᠬᠢᠬᠣᠨ ᠤᠷᠤᠭᠤ ᠠᠪᠠᠴᠢ᠃ 34 ᠲᠡᠨᠳᠡ ᠲᠠᠬᠢᠯᠴᠢ ᠽᠠᠳᠣᠺ ᠪᠣᠯᠣᠨ ᠡᠰᠢ ᠦᠵᠡᠭᠦᠯᠦᠭᠴᠢ ᠨᠠᠲ᠋ᠠᠨ ᠨᠠᠷ ᠲᠡᠭᠦᠨ ᠢ ᠢᠰᠷᠧᠯ ᠤᠨ ᠬᠠᠭᠠᠨ ᠪᠣᠯᠭᠠᠨ ᠲᠣᠰᠣᠯᠠᠵᠤ᠂ ᠡᠪᠡᠷ ᠪᠦᠷᠢᠶ᠎ᠡ ᠦᠯᠢᠶᠡᠨ᠂ 〈ᠰᠣᠯᠣᠮᠣᠨ ᠬᠠᠭᠠᠨ ᠮᠠᠨᠳᠤᠲᠤᠭᠠᠢ︕〉 ᠭᠡᠵᠦ ᠤᠤᠬᠠᠢᠯᠠᠵᠠᠭ᠎ᠠ᠃ 35 ᠲᠡᠭᠡᠭᠡᠳ ᠲᠠ ᠨᠠᠷ ᠲᠡᠭᠦᠨ ᠢ ᠳᠠᠭᠠᠵᠤ ᠨᠠᠰᠢ ᠢᠷᠡᠬᠦ ᠳᠦ᠂ ᠲᠡᠷᠡ ᠮᠢᠨᠦ ᠰᠡᠨᠲᠢ ᠳᠤ ᠰᠠᠭᠤᠵᠤ᠂ ᠮᠢᠨᠦ ᠣᠷᠣᠨ ᠳᠤ ᠬᠠᠭᠠᠨ ᠪᠣᠯᠬᠤ ᠪᠣᠯᠣᠨ᠎ᠠ᠃ ᠶᠠᠭ ᠲᠡᠭᠦᠨ ᠢ ᠯᠠ ᠪᠢ ᠢᠰᠷᠧᠯ ᠪᠣᠯᠣᠨ ᠶᠦᠳᠠ ᠶᠢᠨ ᠤᠳᠤᠷᠢᠳᠤᠭᠴᠢ ᠪᠠᠷ ᠲᠣᠮᠢᠯᠠᠯ᠎ᠠ》 ᠭᠡᠪᠡ᠃ 36 ᠶᠧᠬᠣᠷᠠᠢᠳᠠ ᠶᠢᠨ ᠬᠦᠦ ᠪᠧᠨᠠᠢᠶ᠎ᠠ ᠬᠠᠭᠠᠨ ᠳᠤ ᠬᠠᠷᠢᠭᠤᠯᠤᠨ᠄ 《ᠠᠮᠧᠨ︕ ᠬᠠᠭᠠᠨ ᠡᠵᠡᠨ ᠦ ᠮᠢᠨᠢ ᠪᠤᠷᠬᠠᠨ ᠶᠣᠬᠣᠸᠠ ᠴᠤ ᠲᠡᠢᠨ ᠬᠦ ᠠᠢᠯᠠᠳᠤᠭᠠᠰᠠᠢ᠃ 37 ᠶᠣᠬᠣᠸᠠ ᠮᠢᠨᠦ ᠬᠠᠭᠠᠨ ᠡᠵᠡᠨ ᠲᠡᠢ ᠬᠠᠮᠲᠤ ᠪᠠᠢᠭᠰᠠᠨ ᠲᠠᠢ ᠠᠳᠠᠯᠢ ᠰᠣᠯᠣᠮᠣᠨ ᠲᠠᠢ ᠴᠤ ᠬᠠᠮᠲᠤ ᠪᠠᠢᠵᠤ᠂ ᠲᠡᠭᠦᠨ ᠦ ᠰᠡᠨᠲᠢ ᠶᠢ ᠮᠢᠨᠦ ᠡᠵᠡᠨ ᠳ᠋ᠠᠸᠢᠳ᠋ ᠬᠠᠭᠠᠨ ᠤ ᠬᠢ ᠡᠴᠡ ᠴᠤ ᠢᠯᠡᠭᠦᠦ ᠠᠭᠤᠤ ᠪᠣᠯᠭᠠᠬᠤ ᠪᠣᠯᠲᠤᠭᠠᠢ》 ᠭᠡᠵᠦ ᠬᠡᠯᠡᠪᠡ᠃

38 ᠲᠠᠬᠢᠯᠴᠢ ᠽᠠᠳᠣᠺ᠂ ᠡᠰᠢ ᠦᠵᠡᠭᠦᠯᠦᠭᠴᠢ ᠨᠠᠲ᠋ᠠᠨ᠂ ᠶᠧᠬᠣᠷᠠᠢᠳᠠ ᠶᠢᠨ ᠬᠦᠦ ᠪᠧᠨᠠᠢᠶ᠎ᠠ᠂ ᠮᠥᠨ ᠺᠧᠷᠧᠲ᠋ᠴᠦᠳ ᠪᠣᠯᠣᠨ ᠫᠧᠯᠧᠲ᠋ᠴᠦᠳ ᠳᠣᠷᠣᠭᠰᠢ ᠣᠴᠢᠭᠠᠳ ᠰᠣᠯᠣᠮᠣᠨ ᠢ ᠳ᠋ᠠᠸᠢᠳ᠋ ᠬᠠᠭᠠᠨ ᠤ ᠯᠠᠭᠤᠰᠠᠨ ᠳᠤ ᠮᠣᠷᠳᠠᠭᠤᠯᠤᠨ᠂ ᠬᠢᠬᠣᠨ ᠳᠤ ᠠᠪᠠᠴᠢᠪᠠ᠃ 39 ᠲᠠᠬᠢᠯᠴᠢ ᠽᠠᠳᠣᠺ ᠴᠠᠴᠠᠷ ᠤᠨ ᠳᠣᠲᠣᠷ᠎ᠠ ᠪᠠᠢᠭᠰᠠᠨ ᠲᠣᠰᠣ ᠶᠢ ᠡᠪᠡᠷ ᠲᠦ ᠬᠢᠵᠦ ᠠᠪᠴᠢᠷᠠᠭᠠᠳ ᠰᠣᠯᠣᠮᠣᠨ ᠢ ᠲᠣᠰᠣᠯᠠᠬᠤ ᠳᠤ᠂ ᠲᠡᠳᠡ ᠪᠦᠷᠢᠶ᠎ᠡ ᠦᠯᠢᠶᠡᠵᠦ ᠴᠤᠭᠯᠠᠷᠠᠭᠰᠠᠨ ᠣᠯᠠᠨ ᠪᠦᠭᠦᠳᠡᠭᠡᠷ ᠢᠶᠡᠨ᠄ 《ᠰᠣᠯᠣᠮᠣᠨ ᠬᠠᠭᠠᠨ ᠮᠠᠨᠳᠤᠲᠤᠭᠠᠢ︕》 ᠭᠡᠵᠦ ᠤᠤᠬᠠᠢᠯᠠᠵᠠᠭᠠᠪᠠ᠃ 40 ᠬᠥᠮᠦᠰ ᠪᠦᠭᠦᠳᠡᠭᠡᠷ ᠲᠡᠭᠦᠨ ᠦ ᠬᠣᠢᠨ᠎ᠠ ᠠᠴᠠ ᠳᠠᠭᠠᠨ ᠥᠭᠰᠥᠵᠦ᠂ ᠯᠢᠩᠪᠦ ᠦᠯᠢᠶᠡᠭᠰᠡᠭᠡᠷ ᠶᠡᠬᠡᠳᠡ ᠪᠠᠶᠠᠷᠯᠠᠨ ᠬᠥᠭᠡᠷᠦᠭᠰᠡᠨ ᠢᠶᠡᠷ ᠲᠡᠳᠡᠨ ᠦ ᠳᠠᠭᠤ ᠴᠢᠮᠡᠭᠡ ᠭᠠᠵᠠᠷ ᠢ ᠳᠣᠩᠰᠣᠯᠭᠠᠵᠤ ᠪᠠᠢᠯ᠎ᠠ᠃

41 ᠠᠳᠣᠨᠢᠶ᠎ᠠ ᠪᠣᠯᠣᠨ ᠲᠡᠭᠦᠨ ᠲᠡᠢ ᠬᠠᠮᠲᠤ ᠪᠠᠢᠭᠰᠠᠨ ᠪᠦᠬᠦ ᠵᠣᠴᠢᠨ ᠢᠳᠡᠵᠦ ᠳᠠᠭᠤᠰᠲᠠᠯ᠎ᠠ ᠲᠡᠷᠡ ᠳᠠᠭᠤ ᠰᠣᠨᠣᠰᠳᠠᠵᠠᠢ᠃ ᠶᠣᠶᠠᠪ ᠪᠦᠷᠢᠶᠡᠨ ᠳᠠᠭᠤ ᠶᠢ ᠰᠣᠨᠣᠰᠣᠭᠠᠳ᠄ 《ᠶᠠᠮᠠᠷ ᠤᠴᠢᠷ ᠪᠣᠯᠣᠭᠠᠳ ᠬᠣᠲᠠ ᠳᠤ ᠡᠢᠮᠦ ᠶᠡᠬᠡ ᠴᠢᠮᠡᠭᠡ ᠱᠤᠤᠭᠢᠶᠠᠨ ᠭᠠᠷᠤᠭᠠᠳ ᠪᠠᠢᠭ᠎ᠠ ᠶᠤᠮ ᠪᠤᠢ︖》 ᠭᠡᠪᠡ᠃ 42 ᠲᠡᠷᠡ ᠬᠡᠯᠡᠵᠦ ᠳᠠᠭᠤᠰᠤᠭ᠎ᠠ ᠦᠭᠡᠢ ᠪᠠᠢᠲᠠᠯ᠎ᠠ ᠲᠠᠬᠢᠯᠴᠢ ᠠᠪᠢᠶᠠᠲ᠋ᠠᠷ ᠤᠨ ᠬᠦᠦ ᠶᠣᠨᠠᠲ᠋ᠠᠨ ᠢᠷᠡᠪᠡ︕ ᠠᠳᠣᠨᠢᠶ᠎ᠠ ᠲᠡᠭᠦᠨ ᠳᠦ᠄ 《ᠢᠷ᠎ᠡ᠂ ᠳᠣᠲᠣᠭᠰᠢ ᠮᠣᠷᠢᠯᠠ᠂ ᠲᠠ ᠢᠲᠡᠭᠡᠮᠵᠢᠲᠠᠢ ᠬᠥᠮᠦᠨ ᠪᠣᠯᠬᠣᠷ ᠰᠠᠢᠨ ᠮᠡᠳᠡᠭᠡ ᠠᠪᠴᠢᠷᠠᠭᠰᠠᠨ ᠪᠠᠢᠬ᠎ᠠ》 ᠭᠡᠪᠡ᠃ 43 ᠬᠠᠷᠢᠨ ᠶᠣᠨᠠᠲ᠋ᠠᠨ ᠠᠳᠣᠨᠢᠶ᠎ᠠ ᠳᠤ᠄ 《ᠲᠡᠢᠮᠦ ᠪᠢᠰᠢ ᠡ᠂ ᠮᠠᠨ ᠤ ᠡᠵᠡᠨ ᠳ᠋ᠠᠸᠢᠳ᠋ ᠬᠠᠭᠠᠨ ᠰᠣᠯᠣᠮᠣᠨ ᠢ ᠬᠠᠭᠠᠨ ᠪᠣᠯᠭᠠᠭᠰᠠᠨ᠃ 44 ᠬᠠᠭᠠᠨ ᠪᠠᠰᠠ ᠲᠡᠭᠦᠨ ᠦ ᠬᠠᠮᠲᠤ ᠲᠠᠬᠢᠯᠴᠢ ᠽᠠᠳᠣᠺ᠂ ᠡᠰᠢ ᠦᠵᠡᠭᠦᠯᠦᠭᠴᠢ ᠨᠠᠲ᠋ᠠᠨ᠂ ᠶᠧᠬᠣᠷᠠᠢᠳᠠ ᠶᠢᠨ ᠬᠦᠦ ᠪᠧᠨᠠᠢᠶ᠎ᠠ᠂ ᠺᠧᠷᠧᠲ᠋ᠴᠦᠳ ᠪᠣᠯᠣᠨ ᠫᠧᠯᠧᠲ᠋ᠴᠦᠳ ᠢ ᠢᠯᠡᠭᠡᠪᠡ᠃ ᠲᠡᠳᠡ ᠰᠣᠯᠣᠮᠣᠨ ᠢ ᠬᠠᠭᠠᠨ ᠤ ᠯᠠᠭᠤᠰᠠᠨ ᠳᠤ ᠮᠣᠷᠳᠠᠭᠤᠯᠵᠤ ᠶᠠᠪᠤᠭᠰᠠᠨ ᠪᠠ 45 ᠲᠠᠬᠢᠯᠴᠢ ᠽᠠᠳᠣᠺ᠂ ᠡᠰᠢ ᠦᠵᠡᠭᠦᠯᠦᠭᠴᠢ ᠨᠠᠲ᠋ᠠᠨ ᠨᠠᠷ ᠲᠡᠭᠦᠨ ᠢ ᠬᠢᠬᠣᠨ ᠳᠤ ᠬᠠᠭᠠᠨ ᠪᠣᠯᠭᠠᠨ ᠲᠣᠰᠣᠯᠠᠭᠰᠠᠨ ᠪᠠᠢᠨ᠎ᠠ᠃ ᠲᠡᠳᠡ ᠲᠡᠨᠳᠡ ᠡᠴᠡ ᠥᠭᠰᠥᠨ ᠪᠤᠴᠠᠵᠤ ᠶᠠᠪᠤᠬᠤ ᠳᠠᠭᠠᠨ ᠨᠠᠷᠭᠢᠨ ᠴᠡᠩᠭᠡᠭᠰᠡᠨ ᠦ ᠤᠴᠢᠷ ᠬᠣᠲᠠ ᠴᠢᠮᠡᠭᠡ ᠱᠤᠤᠭᠢᠶᠠᠨ ᠲᠠᠢ ᠪᠠᠢᠨ᠎ᠠ᠃ ᠲᠠ ᠨᠠᠷ ᠤᠨ ᠰᠣᠨᠣᠰᠣᠭᠰᠠᠨ ᠳᠠᠭᠤ ᠴᠢᠮᠡᠭᠡ ᠨᠢ ᠲᠡᠷᠡ ᠶᠤᠮ᠃ 46 ᠡᠭᠦᠨ ᠢᠶᠡᠷ ᠦᠯᠦ ᠪᠠᠷᠠᠮ ᠰᠣᠯᠣᠮᠣᠨ ᠬᠠᠭᠠᠨ ᠤ ᠰᠡᠨᠲᠢ ᠳᠤ ᠵᠠᠯᠠᠷᠠᠨ ᠰᠠᠭᠤᠭᠰᠠᠨ ᠪᠥᠭᠡᠳ 47 ᠬᠠᠭᠠᠨ ᠤ ᠵᠠᠷᠤᠴᠠ ᠨᠠᠷ ᠴᠤ ᠢᠷᠡᠭᠡᠳ ᠪᠢᠳᠡᠨ ᠦ ᠡᠵᠡᠨ ᠳ᠋ᠠᠸᠢᠳ᠋ ᠬᠠᠭᠠᠨ ᠳᠤ ᠪᠠᠶᠠᠷ ᠬᠦᠷᠭᠡᠨ᠄ 〈ᠪᠤᠷᠬᠠᠨ ᠰᠣᠯᠣᠮᠣᠨ ᠤ ᠨᠡᠷ᠎ᠡ ᠶᠢ ᠲᠠᠨ ᠤ ᠨᠡᠷ᠎ᠡ ᠡᠴᠡ ᠢᠯᠡᠭᠦᠦ ᠬᠦᠨᠳᠦᠲᠡᠢ ᠪᠣᠯᠭᠠᠵᠤ᠂ ᠲᠡᠭᠦᠨ ᠦ ᠬᠠᠭᠠᠨ ᠰᠡᠨᠲᠢ ᠶᠢ ᠲᠠᠨ ᠤ ᠰᠡᠨᠲᠢ ᠡᠴᠡ ᠢᠯᠡᠭᠦᠦ ᠠᠭᠤᠤ ᠪᠣᠯᠭᠠᠬᠤ ᠪᠣᠯᠲᠤᠭᠠᠢ〉 ᠭᠡᠵᠦ ᠪᠠᠢᠨ᠎ᠠ᠃ ᠬᠠᠭᠠᠨ ᠴᠤ ᠥᠪᠡᠷ ᠢᠶᠡᠨ ᠣᠷᠣ ᠳᠡᠭᠡᠷ᠎ᠡ ᠡᠴᠡ ᠪᠡᠨ ᠮᠡᠬᠦᠢᠵᠦ᠄ 48 〈ᠢᠰᠷᠧᠯ ᠤᠨ ᠪᠤᠷᠬᠠᠨ ᠶᠣᠬᠣᠸᠠ ᠮᠠᠭᠲᠠᠭᠳᠠᠬᠤ ᠪᠣᠯᠲᠤᠭᠠᠢ᠃ ᠲᠡᠷᠡ ᠥᠨᠥᠳᠥᠷ ᠮᠢᠨᠦ ᠰᠡᠨᠲᠢ ᠳᠤ ᠵᠠᠯᠠᠷᠠᠬᠤ ᠬᠥᠮᠦᠨ ᠢ ᠬᠠᠢᠷᠠᠯᠠᠭᠰᠠᠨ ᠪᠠᠢᠨ᠎ᠠ᠃ ᠡᠭᠦᠨ ᠢ ᠪᠢ ᠨᠢᠳᠦ ᠪᠡᠷ ᠢᠶᠠᠨ ᠬᠠᠷᠠᠯ᠎ᠠ〉 ᠭᠡᠵᠦ ᠬᠡᠯᠡᠵᠦ ᠪᠠᠢᠭᠰᠠᠨ》 ᠭᠡᠵᠦ ᠬᠠᠷᠢᠭᠤᠯᠪᠠ᠃

49 ᠲᠡᠭᠡᠲᠡᠯ᠎ᠡ ᠠᠳᠣᠨᠢᠶ᠎ᠠ ᠶᠢᠨ ᠵᠣᠴᠢᠳ ᠪᠦᠭᠦᠳᠡᠭᠡᠷ ᠠᠢᠳᠠᠰ ᠲᠤ ᠠᠪᠲᠠᠪᠠ᠃ ᠲᠡᠳᠡ ᠪᠣᠰᠴᠤ᠂ ᠥᠪᠡᠷ ᠥᠪᠡᠷᠰᠡᠳ ᠦᠨ ᠢᠶᠠᠨ ᠵᠠᠮ ᠢᠶᠠᠷ ᠶᠠᠪᠤᠵᠠᠭᠠᠭᠰᠠᠨ ᠪᠠᠢᠯ᠎ᠠ᠃ 50 ᠠᠳᠣᠨᠢᠶ᠎ᠠ ᠰᠣᠯᠣᠮᠣᠨ ᠠᠴᠠ ᠠᠶᠤᠭᠰᠠᠨ ᠪᠠᠢᠪᠠ᠃ ᠲᠡᠷᠡ ᠪᠣᠰᠣᠭᠠᠳ ᠲᠠᠬᠢᠯ ᠤᠨ ᠰᠢᠷᠡᠭᠡᠨ ᠳᠦ ᠣᠴᠢᠵᠤ ᠡᠪᠡᠷ ᠡᠴᠡ ᠨᠢ ᠵᠢᠭᠤᠷᠠᠵᠤ ᠠᠪᠤᠯ᠎ᠠ᠃ 51 ᠬᠡᠨ ᠨᠢᠭᠡ ᠨᠢ ᠰᠣᠯᠣᠮᠣᠨ ᠳᠤ᠄ 《ᠠᠳᠣᠨᠢᠶ᠎ᠠ ᠰᠣᠯᠣᠮᠣᠨ ᠬᠠᠭᠠᠨ ᠠᠴᠠ ᠠᠶᠤᠵᠤ ᠲᠠᠬᠢᠯ ᠤᠨ ᠰᠢᠷᠡᠭᠡᠨ ᠦ ᠡᠪᠡᠷ ᠡᠴᠡ ᠵᠢᠭᠤᠷᠠᠨ ᠠᠪᠤᠭᠰᠠᠨ᠂ ᠲᠡᠷᠡ᠄ 〈ᠰᠣᠯᠣᠮᠣᠨ ᠬᠠᠭᠠᠨ ᠵᠠᠷᠤᠴᠠ ᠨᠠᠮ᠎ᠠ ᠪᠠᠨ ᠰᠡᠯᠡᠮ᠎ᠡ ᠪᠡᠷ ᠴᠣᠬᠢᠬᠤ ᠦᠭᠡᠢ ᠭᠡᠳᠡᠭ ᠢᠶᠡᠨ ᠥᠨᠥᠳᠥᠷ ᠨᠠᠳᠠ ᠳᠤ ᠲᠠᠩ᠋ᠭᠠᠷᠢᠭᠯᠠᠭᠠᠰᠠᠢ〉 ᠭᠡᠵᠦ ᠪᠠᠢᠨ᠎ᠠ》 ᠬᠡᠮᠡᠨ ᠳᠤᠭᠤᠯᠭᠠᠭᠰᠠᠨ ᠳᠤ᠂ 52 ᠰᠣᠯᠣᠮᠣᠨ ᠬᠠᠷᠢᠭᠤ ᠳᠤᠨᠢ᠄ 《ᠬᠡᠷᠪᠡ ᠲᠡᠷᠡ ᠢᠲᠡᠭᠡᠮᠵᠢᠲᠦ ᠬᠥᠮᠦᠨ ᠭᠡᠳᠡᠭ ᠢᠶᠡᠨ ᠬᠠᠷᠠᠭᠤᠯᠪᠠᠯ ᠲᠡᠭᠦᠨ ᠦ ᠰᠢᠷᠬᠡᠭ ᠦᠰᠦ ᠴᠤ ᠭᠠᠵᠠᠷ ᠲᠤ ᠤᠨᠠᠬᠤ ᠦᠭᠡᠢ᠃ ᠬᠠᠷᠢᠨ ᠲᠡᠭᠦᠨ ᠡᠴᠡ ᠬᠣᠷᠣᠨ ᠮᠠᠭᠤ ᠨᠢ ᠣᠯᠳᠠᠪᠠᠯ ᠲᠡᠷᠡ ᠦᠬᠦᠬᠦ ᠪᠣᠯᠣᠨ᠎ᠠ》 ᠭᠡᠯ᠎ᠡ᠃ 53 ᠰᠣᠯᠣᠮᠣᠨ ᠬᠠᠭᠠᠨ ᠲᠡᠭᠦᠨ ᠢ ᠲᠠᠬᠢᠯ ᠤᠨ ᠰᠢᠷᠡᠭᠡᠨ ᠡᠴᠡ ᠠᠪᠴᠢᠷᠠᠭᠤᠯᠤᠭᠰᠠᠨ ᠳᠤ᠂ ᠲᠡᠷᠡ ᠰᠣᠯᠣᠮᠣᠨ ᠬᠠᠭᠠᠨ ᠤ ᠡᠮᠦᠨ᠎ᠡ ᠮᠥᠷᠭᠥᠵᠡᠢ᠃ ᠰᠣᠯᠣᠮᠣᠨ ᠲᠡᠭᠦᠨ ᠳᠦ᠄ 《ᠭᠡᠷ ᠲᠡᠭᠡᠨ ᠬᠠᠷᠢᠭᠲᠤᠨ》 ᠭᠡᠪᠡ᠃