1 2 3 4 5 6 7 8 9 10 11 12 13 14 15 16 17 18 19 20 21 22


ᠬᠠᠭᠠᠳ ᠤᠨ ᠳᠡᠭᠡᠳᠦ ᠬᠣᠷᠢᠨ ᠬᠣᠶᠠᠷ
 ᠬᠠᠭᠤᠷᠮᠠᠭ ᠡᠰᠢ ᠦᠵᠡᠭᠦᠯᠦᠭᠴᠢᠳ ᠬᠢᠭᠡᠳ ᠦᠨᠡᠨ ᠡᠰᠢ ᠦᠵᠡᠭᠦᠯᠦᠭᠴᠢ

1 ᠠᠷᠠᠮ ᠢᠰᠷᠧᠯ ᠤᠨ ᠬᠣᠭᠣᠷᠣᠨᠳᠣ ᠳᠠᠢᠨ ᠳᠠᠵᠢᠨ ᠦᠭᠡᠢ ᠭᠤᠷᠪᠠᠨ ᠵᠢᠯ ᠥᠩᠭᠡᠷᠡᠪᠡ᠃ 2 ᠬᠠᠷᠢᠨ ᠭᠤᠷᠪᠠᠳᠠᠬᠢ ᠵᠢᠯ ᠨᠢ ᠶᠦᠳᠠ ᠶᠢᠨ ᠬᠠᠭᠠᠨ ᠶᠧᠬᠣᠱᠠᠹᠠᠲ ᠢᠰᠷᠧᠯ ᠤᠨ ᠬᠠᠭᠠᠨ ᠤᠷᠤᠭᠤ ᠣᠴᠢᠬᠤ ᠳᠤ᠂ 3 ᠢᠰᠷᠧᠯ ᠤᠨ ᠬᠠᠭᠠᠨ ᠲᠦᠰᠢᠮᠡᠳ ᠲᠡᠭᠡᠨ᠄ 《ᠷᠠᠮᠣᠲ ᠭᠢᠯᠧᠶᠠᠳ᠋ ᠤᠤᠯ ᠨᠢ ᠮᠠᠨ ᠤ ᠬᠢ ᠪᠠᠢᠭᠰᠠᠨ ᠢ ᠲᠠ ᠨᠠᠷ ᠮᠡᠳᠡᠬᠦ ᠤᠤ︖ ᠪᠢᠳᠡ ᠲᠡᠭᠦᠨ ᠢ ᠠᠷᠠᠮ ᠤᠨ ᠬᠠᠭᠠᠨ ᠤ ᠭᠠᠷ ᠠᠴᠠ ᠪᠤᠴᠠᠭᠠᠵᠤ ᠠᠪᠤᠯ ᠦᠭᠡᠢ ᠵᠦᠭᠡᠷ ᠰᠠᠭᠤᠭᠠᠳ ᠪᠠᠢᠨ᠎ᠠ ᠤᠤ︖》 ᠭᠡᠳ 4 ᠶᠧᠬᠣᠱᠠᠹᠠᠲ ᠠᠴᠠ᠄ 《ᠲᠠ ᠨᠠᠳᠠ ᠲᠠᠢ ᠬᠠᠮᠲᠤ ᠷᠠᠮᠣᠲ ᠭᠢᠯᠧᠶᠠᠳ᠋ ᠲᠤ ᠪᠠᠢᠯᠳᠤᠬᠤ ᠪᠠᠷ ᠶᠠᠪᠤᠬᠤ ᠤᠤ︖》 ᠭᠡᠵᠦ ᠠᠰᠠᠭᠤᠪᠠ᠂ ᠶᠧᠬᠣᠱᠠᠹᠠᠲ ᠢᠰᠷᠧᠯ ᠤᠨ ᠬᠠᠭᠠᠨ ᠳᠤ᠄ 《ᠲᠠ ᠪᠢᠳᠡ ᠬᠣᠶᠠᠷ ᠪᠣᠯ ᠨᠢᠭᠡ ᠶᠤᠮ᠂ ᠮᠠᠨ ᠤ ᠠᠷᠠᠳ ᠲᠦᠮᠡᠨ ᠪᠣᠯ ᠲᠠᠨ ᠤ ᠠᠷᠠᠳ ᠲᠦᠮᠡᠨ᠂ ᠮᠠᠨ ᠤ ᠮᠣᠷᠢᠳ ᠪᠣᠯ ᠲᠠᠨ ᠤ ᠮᠣᠷᠢᠳ ᠪᠢᠯᠡ》 ᠭᠡᠪᠡ᠃

5 ᠶᠧᠬᠣᠱᠠᠹᠠᠲ ᠢᠰᠷᠧᠯ ᠤᠨ ᠬᠠᠭᠠᠨ ᠳᠤ᠄ 《ᠬᠠᠷᠢᠨ ᠶᠠᠭᠤᠨ ᠤ ᠡᠮᠦᠨ᠎ᠡ ᠶᠣᠬᠣᠸᠠ ᠶᠢᠨ ᠦᠭᠡ ᠶᠢ ᠠᠰᠠᠭᠤᠵᠤ ᠥᠭᠭᠥᠨ᠎ᠡ ᠤᠤ︖》 ᠭᠡᠬᠦ ᠳᠦ᠂ 6 ᠢᠰᠷᠧᠯ ᠤᠨ ᠬᠠᠭᠠᠨ ᠳᠥᠷᠪᠡᠨ ᠵᠠᠭᠤᠭᠠᠳ ᠡᠰᠢ ᠦᠵᠡᠭᠦᠯᠦᠭᠴᠢ ᠴᠤᠭᠯᠠᠭᠤᠯᠵᠠᠢ᠃ ᠠᠬᠠᠪ᠄ 《ᠪᠢ ᠷᠠᠮᠣᠲ ᠭᠢᠯᠧᠶᠠᠳ᠋ ᠥᠭᠡᠳᠡ ᠪᠠᠢᠯᠳᠤᠬᠤ ᠪᠠᠷ ᠶᠠᠪᠤᠬᠤ ᠤᠤ︖ ᠪᠣᠯᠢᠬᠤ ᠤᠤ︖》 ᠭᠡᠰᠡᠨ ᠳᠦ᠂ ᠲᠡᠳᠡ᠄ 《ᠶᠠᠪᠤ᠂ ᠶᠣᠬᠣᠸᠠ ᠲᠡᠷᠡ ᠬᠣᠲᠠ ᠶᠢ ᠬᠠᠭᠠᠨ ᠤ ᠭᠠᠷ ᠲᠤ ᠲᠤᠰᠢᠶᠠᠬᠤ ᠪᠣᠯᠣᠨ᠎ᠠ》 ᠭᠡᠵᠡᠭᠡᠯ᠎ᠡ᠃ 7 ᠶᠧᠬᠣᠱᠠᠹᠠᠲ᠄ 《ᠡ᠊ᠨᠳᠡ ᠲᠡᠳᠡᠨ ᠡᠴᠡ ᠥᠭᠡᠷ᠎ᠡ ᠪᠢᠳᠡᠨ ᠦ ᠠᠰᠠᠭᠤᠴᠢᠬᠠᠬᠤ ᠪᠠᠷ ᠶᠣᠬᠣᠸᠠ ᠶᠢᠨ ᠡᠰᠢ ᠦᠵᠡᠭᠦᠯᠦᠭᠴᠢ ᠠᠯᠠᠭ᠎ᠠ ᠤᠤ︖》 ᠭᠡᠪᠡ᠃ 8 ᠢᠰᠷᠧᠯ ᠤᠨ ᠬᠠᠭᠠᠨ ᠪᠡᠷ ᠶᠧᠬᠣᠱᠠᠹᠠᠲ ᠲᠤ᠄ 《ᠢᠮᠯᠠ ᠶᠢᠨ ᠬᠦᠦ ᠮᠢᠺᠠᠢᠶ᠎ᠠ ᠭᠡᠳᠡᠭ ᠨᠢᠭᠡ ᠬᠥᠮᠦᠨ ᠪᠤᠢ᠃ ᠲᠡᠭᠦᠨ ᠢᠶᠡᠷ ᠳᠠᠮᠵᠢᠭᠤᠯᠤᠨ ᠶᠣᠬᠣᠸᠠ ᠠᠴᠠ ᠠᠰᠠᠭᠤᠵᠤ ᠪᠣᠯᠣᠨ᠎ᠠ᠃ ᠭᠡᠪᠡᠴᠦ ᠲᠡᠷᠡ ᠮᠢᠨᠦ ᠲᠤᠬᠠᠢ ᠰᠠᠢᠨ ᠢ ᠡᠰᠢ ᠦᠵᠡᠭᠦᠯᠳᠡᠭ ᠦᠭᠡᠢ᠂ ᠮᠠᠭᠤ ᠶᠢ ᠯᠠ ᠬᠡᠯᠡᠳᠡᠭ ᠤᠴᠢᠷ ᠠᠴᠠ ᠪᠢ ᠲᠡᠭᠦᠨ ᠢ ᠦᠵᠡᠨ ᠶᠠᠳᠠᠳᠠᠭ ᠶᠤᠮ》 ᠭᠡᠬᠦ ᠳᠦ᠂ ᠶᠧᠬᠣᠱᠠᠹᠠᠲ᠄ 《ᠬᠠᠭᠠᠨ ᠬᠥᠮᠦᠨ ᠲᠡᠭᠡᠵᠦ ᠶᠠᠷᠢᠵᠤ ᠪᠣᠯᠬᠤ ᠦᠭᠡᠢ ᠰᠢᠦ》 ᠭᠡᠵᠡᠢ᠃ 9 ᠢᠩᠭᠢᠭᠡᠳ ᠢᠰᠷᠧᠯ ᠤᠨ ᠬᠠᠭᠠᠨ ᠨᠢᠭᠡᠨ ᠲᠦᠰᠢᠮᠡᠯ ᠢᠶᠡᠨ ᠳᠠᠭᠤᠳᠠᠨ᠄ 《ᠢᠮᠯᠠ ᠶᠢᠨ ᠬᠦᠦ ᠮᠢᠺᠠᠢᠶ᠎ᠠ ᠶᠢ ᠬᠤᠷᠳᠤᠨ ᠠᠪᠴᠢᠷᠠ》 ᠭᠡᠵᠦ ᠬᠡᠯᠡᠪᠡ᠃ 10 ᠢᠰᠷᠧᠯ ᠤᠨ ᠬᠠᠭᠠᠨ ᠬᠢᠭᠡᠳ ᠶᠦᠳᠠ ᠶᠢᠨ ᠬᠠᠭᠠᠨ ᠶᠧᠬᠣᠱᠠᠹᠠᠲ ᠬᠠᠭᠠᠨ ᠤ ᠬᠤᠪᠴᠠᠰᠤ ᠪᠠᠨ ᠡᠮᠦᠰᠦᠨ᠂ ᠰᠠᠮᠠᠷᠢᠶ᠎ᠠ ᠬᠣᠲᠠ ᠶᠢᠨ ᠬᠠᠭᠠᠯᠭᠠᠨ ᠤ ᠬᠠᠵᠠᠭᠤ ᠳᠠᠬᠢ ᠦᠲᠦᠷᠮ᠎ᠡ ᠳᠦ ᠲᠤᠰ ᠲᠤᠰ ᠤᠨ ᠢᠶᠠᠨ ᠰᠡᠨᠲᠢ ᠳᠤ ᠵᠠᠯᠠᠷᠠᠬᠤ ᠳᠤ᠂ ᠡᠰᠢ ᠦᠵᠡᠭᠦᠯᠦᠭᠴᠢᠳ ᠪᠦᠭᠦᠳᠡᠭᠡᠷ ᠲᠡᠳᠡᠨ ᠦ ᠡᠮᠦᠨ᠎ᠡ ᠡᠰᠢ ᠦᠵᠡᠭᠦᠯᠵᠦ ᠪᠠᠢᠯ᠎ᠠ᠃ 11 ᠺᠧᠨᠠᠨᠠ ᠶᠢᠨ ᠬᠦᠦ ᠽᠧᠳᠧᠺᠢᠶ᠎ᠠ ᠬᠢᠭᠰᠡᠨ ᠲᠡᠮᠦᠷ ᠡᠪᠡᠷ ᠤᠳ ᠢᠶᠠᠨ ᠠᠪᠴᠢᠷᠠᠭᠠᠳ᠄ 《ᠶᠣᠬᠣᠸᠠ ᠡᠢᠨ ᠬᠦ ᠠᠢᠯᠠᠳᠴᠤ ᠪᠠᠢᠨ᠎ᠠ᠂ ᠲᠠ ᠡᠳᠡᠭᠡᠷ ᠢᠶᠡᠷ ᠠᠷᠠᠮᠴᠤᠳ ᠢ ᠮᠥᠷᠭᠥᠵᠦ ᠤᠰᠠᠳᠬᠠᠬᠤ ᠪᠣᠯᠣᠨ᠎ᠠ》 ᠭᠡᠵᠦ ᠲᠤᠩ᠋ᠬᠠᠭᠯᠠᠪᠠ᠃ 12 ᠪᠤᠰᠤᠳ ᠡᠰᠢ ᠦᠵᠡᠭᠦᠯᠦᠭᠴᠢ ᠴᠤ ᠪᠦᠭᠦᠳᠡᠭᠡᠷ ᠲᠡᠢᠨ ᠬᠦ ᠡᠰᠢ ᠦᠵᠡᠭᠦᠯᠵᠦ᠄ 《ᠷᠠᠮᠣᠲ ᠭᠢᠯᠧᠶᠠᠳ᠋ ᠤᠷᠤᠭᠤ ᠶᠠᠪᠤᠵᠤ ᠢᠯᠠᠯᠲᠠ ᠣᠯᠣᠭᠠᠷᠠᠢ᠃ ᠶᠣᠬᠣᠸᠠ ᠲᠡᠷᠡ ᠬᠣᠲᠠ ᠶᠢ ᠬᠠᠭᠠᠨ ᠤ ᠭᠠᠷ ᠲᠤ ᠲᠤᠰᠢᠶᠠᠬᠤ ᠪᠣᠯᠣᠨ᠎ᠠ》 ᠭᠡᠵᠡᠭᠡᠵᠦ ᠪᠠᠢᠯ᠎ᠠ᠃

13 ᠮᠢᠺᠠᠢᠶ᠎ᠠ ᠶᠢ ᠳᠠᠭᠤᠳᠠᠬᠤ ᠪᠠᠷ ᠣᠴᠢᠭᠰᠠᠨ ᠡᠯᠴᠢ ᠲᠡᠭᠦᠨ ᠳᠦ᠄ 《ᠬᠠᠷᠠ᠂ ᠡᠰᠢ ᠦᠵᠡᠭᠦᠯᠦᠭᠴᠢᠳ ᠳᠠᠭᠤ ᠨᠢᠭᠡ ᠲᠠᠢ ᠪᠠᠷ ᠬᠠᠭᠠᠨ ᠳᠤ ᠰᠠᠢᠨ ᠢ ᠯᠠ ᠶᠠᠷᠢᠵᠤ ᠪᠠᠢᠨ᠎ᠠ᠂ ᠲᠠ ᠪᠠᠰᠠ ᠲᠡᠳᠡᠨ ᠲᠡᠢ ᠠᠳᠠᠯᠢ ᠰᠠᠢᠨ ᠢ ᠯᠠ ᠶᠠᠷᠢ ᠳᠠ》 ᠭᠡᠰᠡᠨ ᠳᠦ᠂ 14 ᠮᠢᠺᠠᠢᠶ᠎ᠠ᠄ 《ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠶᠣᠬᠣᠸᠠ ᠨᠠᠳᠠ ᠳᠤ ᠶᠠᠭᠤ ᠠᠢᠯᠠᠳᠪᠠᠯ᠂ ᠪᠢ ᠲᠡᠭᠦᠨ ᠢ ᠯᠠ ᠶᠠᠷᠢᠬᠤ ᠪᠣᠯᠣᠨ᠎ᠠ》 ᠭᠡᠯ᠎ᠡ᠃

15 ᠲᠡᠷᠡ ᠪᠡᠷ ᠬᠠᠭᠠᠨ ᠤ ᠡᠮᠦᠨ᠎ᠡ ᠢᠷᠡᠬᠦ ᠳᠦ᠂ ᠬᠠᠭᠠᠨ ᠲᠡᠭᠦᠨ ᠡᠴᠡ᠄ 《ᠮᠢᠺᠠᠢᠶ᠎ᠠ᠂ ᠪᠢᠳᠡ ᠷᠠᠮᠣᠲ ᠭᠢᠯᠧᠶᠠᠳ᠋ ᠥᠭᠡᠳᠡ ᠪᠠᠢᠯᠳᠤᠬᠤ ᠪᠠᠷ ᠶᠠᠪᠤᠬᠤ ᠤᠤ︖ ᠪᠣᠯᠢᠬᠤ ᠤᠤ︖》 ᠭᠡᠵᠦ ᠠᠰᠠᠭᠤᠭᠰᠠᠨ ᠳᠤ᠂ ᠮᠢᠺᠠᠢᠶ᠎ᠠ ᠲᠡᠭᠦᠨ ᠳᠦ᠄ 《ᠶᠠᠪᠤᠵᠤ᠂ ᠢᠯᠠᠯᠲᠠ ᠣᠯ᠃ ᠶᠣᠬᠣᠸᠠ ᠲᠡᠭᠦᠨ ᠢ ᠬᠠᠭᠠᠨ ᠤ ᠭᠠᠷ ᠲᠤ ᠲᠤᠰᠢᠶᠠᠬᠤ ᠪᠣᠯᠣᠨ᠎ᠠ》 ᠭᠡᠵᠡᠢ᠃ 16 ᠬᠠᠷᠢᠨ ᠬᠠᠭᠠᠨ ᠲᠡᠭᠦᠨ ᠳᠦ᠄ 《ᠶᠣᠬᠣᠸᠠ ᠶᠢᠨ ᠨᠡᠷ᠎ᠡ ᠳᠡᠭᠡᠷ᠎ᠡ ᠨᠠᠳᠠ ᠳᠤ ᠵᠥᠪᠬᠡᠨ ᠦᠨᠡᠨ ᠢ ᠯᠠ ᠬᠡᠯᠡᠬᠦ ᠶᠣᠰᠣᠲᠠᠢ ᠶᠢ ᠪᠢ ᠴᠢᠮ᠎ᠠ ᠪᠠᠷ ᠬᠡᠴᠢᠨᠡᠨ ᠤᠳᠠᠭ᠎ᠠ ᠠᠮᠠᠯᠠᠭᠤᠯᠬᠤ ᠶᠤᠮ ᠪᠤᠢ︖》 ᠭᠡᠪᠡ᠃ 17 ᠮᠢᠺᠠᠢᠶ᠎ᠠ ᠬᠠᠷᠢᠭᠤ ᠳᠤᠨᠢ᠄ 《ᠪᠦᠬᠦ ᠢᠰᠷᠧᠯ ᠬᠣᠨᠢᠴᠢᠨ ᠦᠭᠡᠢ ᠬᠣᠨᠢᠳ ᠮᠡᠲᠦ ᠠᠭᠤᠯᠠ ᠠᠭᠤᠯᠠ ᠪᠠᠷ ᠲᠠᠷᠬᠠᠭᠰᠠᠨ ᠪᠠᠢᠬᠤ ᠶᠢ ᠪᠢ ᠬᠠᠷᠠᠭᠰᠠᠨ᠂ 〈ᠲᠡᠳᠡᠨ ᠳᠦ ᠡᠵᠡᠨ ᠪᠠᠢᠬᠤ ᠦᠭᠡᠢ᠂ ᠲᠡᠳᠡ ᠪᠦᠭᠦᠳᠡ ᠭᠡᠷ ᠭᠡᠷ ᠤᠷᠤᠭᠤ ᠪᠠᠨ ᠠᠮᠤᠷ ᠲᠠᠢᠪᠤᠩ ᠬᠠᠷᠢᠵᠠᠭᠠᠭ〉 ᠭᠡᠵᠦ ᠶᠣᠬᠣᠸᠠ ᠠᠢᠯᠠᠳᠤᠭᠰᠠᠨ》 ᠭᠡᠪᠡ᠃ 18 ᠢᠰᠷᠧᠯ ᠤᠨ ᠬᠠᠭᠠᠨ ᠶᠧᠬᠣᠱᠠᠹᠠᠲ ᠲᠤ᠄ 《ᠲᠡᠷᠡ ᠮᠢᠨᠦ ᠲᠠᠯ᠎ᠠ ᠪᠠᠷ ᠰᠠᠢᠨ ᠢ ᠡᠰᠢ ᠦᠵᠡᠭᠦᠯᠳᠡᠭ ᠦᠭᠡᠢ᠂ ᠮᠠᠭᠤ ᠶᠢ ᠯᠠ ᠬᠡᠯᠡᠳᠡᠭ ᠭᠡᠵᠦ ᠪᠢ ᠲᠠᠨ ᠳᠤ ᠶᠠᠷᠢᠭᠰᠠᠨ ᠪᠢᠰᠢ ᠤᠤ︖》 ᠭᠡᠪᠡ᠃

19 ᠮᠢᠺᠠᠢᠶ᠎ᠠ᠄ 《ᠲᠡᠭᠡᠪᠡᠯ ᠣᠳᠣ ᠶᠣᠬᠣᠸᠠ ᠶᠢᠨ ᠦᠭᠡ ᠶᠢ ᠰᠣᠨᠣᠰᠣᠭᠲᠤᠨ᠃ ᠶᠣᠬᠣᠸᠠ ᠰᠡᠨᠲᠢ ᠳᠡᠭᠡᠨ ᠵᠠᠯᠠᠷᠠᠵᠤ᠂ ᠲᠡᠭᠦᠨ ᠦ ᠪᠠᠷᠠᠭᠤᠨ᠂ ᠵᠡᠭᠦᠨ ᠲᠠᠯ᠎ᠠ ᠪᠠᠷ ᠨᠢ ᠲᠩᠷᠢ ᠶᠢᠨ ᠬᠠᠮᠤᠭ ᠴᠡᠷᠢᠭ ᠬᠦᠷᠢᠶᠡᠯᠡᠨ ᠵᠣᠭᠰᠣᠵᠤ ᠪᠠᠢᠬᠤ ᠶᠢ ᠪᠢ ᠬᠠᠷᠠᠭᠰᠠᠨ᠃ 20 ᠶᠣᠬᠣᠸᠠ᠄ 〈ᠬᠡᠨ ᠠᠬᠠᠪ ᠢ ᠥᠳᠥᠭᠡᠵᠦ᠂ ᠷᠠᠮᠣᠲ ᠭᠢᠯᠧᠶᠠᠳ᠋ ᠤᠷᠤᠭᠤ ᠶᠠᠪᠤᠭᠤᠯᠵᠤ ᠲᠡᠨᠳᠡ ᠰᠥᠨᠥᠭᠡᠯᠭᠡᠬᠦ ᠪᠤᠢ︖〉 ᠬᠡᠮᠡᠨ ᠠᠰᠠᠭᠤᠯ᠎ᠠ᠃ ᠨᠢᠭᠡ ᠨᠢ ᠡᠢᠮᠦ ᠭᠡᠬᠦ ᠳᠦ᠂ ᠨᠥᠭᠥᠭᠡ ᠨᠢ ᠲᠡᠢᠮᠦ ᠭᠡᠵᠦ ᠪᠠᠢᠯ᠎ᠠ᠃ 21 ᠲᠡᠭᠡᠲᠡᠯ᠎ᠡ ᠨᠢᠭᠡ ᠰᠦᠨᠡᠰᠦ ᠭᠠᠷᠴᠤ ᠢᠷᠡᠨ ᠶᠣᠬᠣᠸᠠ ᠶᠢᠨ ᠡᠮᠦᠨ᠎ᠡ ᠵᠣᠭᠰᠣᠭᠠᠳ᠄ 〈ᠪᠢ ᠲᠡᠭᠦᠨ ᠢ ᠥᠳᠥᠭᠡᠶ᠎ᠡ〉 ᠭᠡᠪᠡ᠃ 22 ᠶᠣᠬᠣᠸᠠ᠄ 〈ᠶᠠᠭᠠᠬᠢᠵᠤ︖〉 ᠭᠡᠬᠦ ᠳᠦ᠂ ᠲᠡᠷᠡ᠄ 〈ᠪᠢ ᠡ᠊ᠨᠳᠡ ᠡᠴᠡ ᠭᠠᠷᠴᠤ ᠬᠠᠭᠤᠷᠲᠠᠭ ᠰᠦᠨᠡᠰᠦ ᠪᠣᠯᠣᠭᠠᠳ ᠲᠡᠭᠦᠨ ᠦ ᠪᠦᠬᠦ ᠡᠰᠢ ᠦᠵᠡᠭᠦᠯᠦᠭᠴᠢ ᠶᠢᠨ ᠠᠮᠠᠨ ᠳᠤ ᠣᠷᠣᠶ᠎ᠠ〉 ᠭᠡᠪᠡ᠃ ᠶᠣᠬᠣᠸᠠ᠄ 〈ᠴᠢ ᠯᠠᠪᠲᠠᠢ ᠲᠡᠭᠦᠨ ᠢ ᠥᠳᠥᠭᠡᠵᠦ ᠴᠢᠳᠠᠬᠤ ᠪᠣᠯᠣᠨ᠎ᠠ᠃ ᠶᠠᠪᠤᠵᠤ᠂ ᠪᠡᠶᠡᠯᠡᠭᠦᠯᠦᠭᠲᠦᠨ〉 ᠭᠡᠯ᠎ᠡ᠃ 23 ᠣᠳᠣ ᠬᠠᠷᠠ᠂ ᠶᠣᠬᠣᠸᠠ ᠲᠠᠨ ᠤ ᠡᠳᠡᠭᠡᠷ ᠪᠦᠬᠦ ᠡᠰᠢ ᠦᠵᠡᠭᠦᠯᠦᠭᠴᠢ ᠶᠢᠨ ᠠᠮᠠᠨ ᠳᠤ ᠬᠠᠭᠤᠷᠲᠠᠭ ᠰᠦᠨᠡᠰᠦ ᠶᠢ ᠬᠢᠭᠰᠡᠨ︕ ᠲᠡᠢᠨ ᠬᠦ ᠶᠣᠬᠣᠸᠠ ᠲᠠᠨ ᠳᠤ ᠭᠠᠢ ᠭᠠᠮᠰᠢᠭ ᠢ ᠲᠤᠩ᠋ᠬᠠᠭᠯᠠᠭᠰᠠᠨ ᠶᠤᠮ》 ᠭᠡᠪᠡ᠃

24 ᠺᠧᠨᠠᠨᠠ ᠶᠢᠨ ᠬᠦᠦ ᠽᠧᠳᠧᠺᠢᠶ᠎ᠠ ᠳᠥᠭᠥᠨ ᠢᠷᠡᠵᠦ᠂ ᠮᠢᠺᠠᠢᠶ᠎ᠠ ᠶᠢᠨ ᠬᠠᠴᠠᠷ ᠢ ᠠᠯᠠᠭᠠᠳᠠᠭᠠᠳ᠄ 《ᠶᠣᠬᠣᠸᠠ ᠶᠢᠨ ᠰᠦᠨᠡᠰᠦ ᠨᠠᠳᠠ ᠠᠴᠠ ᠬᠠᠮᠢᠭᠠᠭᠤᠷ ᠵᠠᠢᠯᠠᠭᠠᠳ ᠴᠢᠮ᠎ᠠ ᠳᠤ ᠶᠠᠷᠢᠭᠰᠠᠨ ᠪᠤᠢ︖》 ᠭᠡᠰᠡᠨ ᠳᠦ᠂ 25 ᠮᠢᠺᠠᠢᠶ᠎ᠠ᠄ 《ᠬᠠᠷᠠ᠂ ᠴᠢ ᠥᠷᠥᠭᠡᠨ ᠡᠴᠡ ᠥᠷᠥᠭᠡ ᠤᠷᠤᠭᠤ ᠨᠢᠭᠤᠭᠳᠠᠬᠤ ᠪᠠᠷ ᠣᠷᠣᠬᠤ ᠡᠳᠦᠷ ᠢᠶᠡᠨ ᠣᠢᠯᠠᠭᠠᠬᠤ ᠪᠣᠯᠣᠨ᠎ᠠ》 ᠭᠡᠪᠡ᠃ 26 ᠢᠰᠷᠧᠯ ᠤᠨ ᠬᠠᠭᠠᠨ᠄ 《ᠮᠢᠺᠠᠢᠶ᠎ᠠ ᠶᠢ ᠪᠠᠷᠢᠵᠤ᠂ ᠬᠣᠲᠠ ᠶᠢᠨ ᠵᠠᠬᠢᠷᠤᠭᠴᠢ ᠠᠮᠣᠨ ᠪᠣᠯᠣᠨ ᠬᠠᠭᠠᠨ ᠤ ᠬᠦᠦ ᠶᠣᠶᠠᠱ ᠲᠤ ᠬᠦᠷᠭᠡᠭᠡᠳ᠂ 27 ᠬᠠᠭᠠᠨ ᠡᠢᠨ ᠬᠦ ᠲᠤᠰᠢᠶᠠᠵᠤ ᠪᠠᠢᠨ᠎ᠠ᠄ 〈ᠡᠨᠡ ᠬᠥᠮᠦᠨ ᠢ ᠭᠢᠨᠳᠠᠨ ᠳᠤ ᠬᠣᠷᠢᠵᠤ᠂ ᠨᠠᠮᠠᠶᠢ ᠡᠰᠡᠨ ᠮᠡᠨᠳᠦ ᠢᠷᠡᠲᠡᠯ᠎ᠡ ᠶᠠᠯᠢᠮ ᠦᠭᠡᠢ ᠬᠣᠭᠣᠯᠠ ᠤᠮᠳᠠ ᠪᠠᠷ ᠥᠯ ᠵᠠᠯᠭᠠᠭᠤᠯᠵᠤ ᠪᠠᠢ〉 ᠭᠡᠵᠦ ᠬᠡᠯᠡ》 ᠭᠡᠬᠦ ᠳᠦ᠂ 28 ᠮᠢᠺᠠᠢᠶ᠎ᠠ᠄ 《ᠬᠡᠷᠪᠡ ᠲᠠ ᠦᠨᠡᠬᠡᠷ ᠡᠰᠡᠨ ᠮᠡᠨᠳᠦ ᠪᠤᠴᠠᠵᠤ ᠢᠷᠡᠪᠡᠯ ᠶᠣᠬᠣᠸᠠ ᠨᠠᠳᠠ ᠪᠠᠷ ᠳᠠᠮᠵᠢᠭᠤᠯᠤᠨ ᠠᠢᠯᠠᠳᠤᠭᠰᠠᠨ ᠪᠢᠰᠢ》 ᠭᠡᠰᠡᠨ ᠪᠥᠭᠡᠳ ᠲᠡᠷᠡ ᠪᠠᠰᠠ᠄ 《ᠪᠦᠬᠦ ᠠᠷᠠᠳ ᠲᠦᠮᠡᠨ᠂ ᠠᠩ᠋ᠬᠠᠷᠤᠭᠲᠤᠨ》 ᠭᠡᠪᠡ᠃
 ᠠᠬᠠᠪ ᠤᠨ ᠲᠡᠭᠦᠰᠬᠡᠯ

29 ᠢᠰᠷᠧᠯ ᠤᠨ ᠬᠠᠭᠠᠨ ᠪᠡᠷ ᠶᠦᠳᠠ ᠶᠢᠨ ᠬᠠᠭᠠᠨ ᠶᠧᠬᠣᠱᠠᠹᠠᠲ ᠲᠠᠢ ᠬᠠᠮᠲᠤ ᠷᠠᠮᠣᠲ ᠭᠢᠯᠧᠶᠠᠳ᠋ ᠥᠭᠡᠳᠡ ᠬᠥᠳᠡᠯᠪᠡ᠃ 30 ᠢᠰᠷᠧᠯ ᠤᠨ ᠬᠠᠭᠠᠨ ᠶᠧᠬᠣᠱᠠᠹᠠᠲ ᠲᠤ ᠬᠠᠨᠳᠤᠨ᠄ 《ᠪᠢ ᠵᠢᠰᠦ ᠪᠤᠷᠤᠭᠤᠯᠠᠭᠠᠳ ᠲᠤᠯᠤᠯᠳᠤᠭᠠᠨ ᠳᠤ ᠣᠷᠣᠨ᠎ᠠ᠂ ᠬᠠᠷᠢᠨ ᠲᠠ ᠥᠪᠡᠷ ᠦᠨ ᠢᠶᠠᠨ ᠬᠤᠪᠴᠠᠰᠤ ᠲᠠᠢ ᠪᠠᠨ ᠪᠠᠢᠭᠠᠷᠠᠢ》 ᠭᠡᠪᠡ᠃ ᠢᠩᠭᠢᠭᠡᠳ ᠢᠰᠷᠧᠯ ᠤᠨ ᠬᠠᠭᠠᠨ ᠵᠢᠰᠦ ᠪᠤᠷᠤᠭᠤᠯᠤᠭᠰᠠᠨ ᠪᠠ ᠲᠡᠳᠡ ᠲᠤᠯᠤᠯᠳᠤᠭᠠᠨ ᠳᠤ ᠣᠷᠣᠯ᠎ᠠ᠃ 31 ᠤᠤᠯ ᠨᠢ ᠠᠷᠠᠮ ᠤᠨ ᠬᠠᠭᠠᠨ ᠲᠡᠷᠭᠡᠲᠦ ᠴᠡᠷᠢᠭ ᠤᠨ ᠭᠤᠴᠢᠨ ᠬᠣᠶᠠᠷ ᠵᠠᠩᠵᠤᠨ ᠳᠠᠭᠠᠨ ᠵᠠᠬᠢᠨ᠄ 《ᠲᠠ ᠨᠠᠷ ᠲᠣᠮᠣ ᠵᠢᠵᠢᠭ ᠢ ᠨᠢ ᠢᠯᠭᠠᠯ ᠦᠭᠡᠢ ᠪᠠᠷ ᠪᠦᠦ ᠲᠤᠯᠤᠯᠳᠤ᠂ ᠵᠥᠪᠬᠡᠨ ᠢᠰᠷᠧᠯ ᠤᠨ ᠬᠠᠭᠠᠨ ᠲᠠᠢ ᠲᠤᠯᠤᠯᠳᠤᠭᠲᠤᠨ》 ᠭᠡᠰᠡᠨ ᠪᠠᠢᠯ᠎ᠠ᠃ 32 ᠲᠡᠢᠮᠦ ᠡᠴᠡ ᠲᠡᠷᠭᠡᠲᠦ ᠴᠡᠷᠢᠭ ᠤᠨ ᠵᠠᠩᠵᠤᠨ ᠨᠠᠷ ᠶᠧᠬᠣᠱᠠᠹᠠᠲ ᠢ ᠬᠠᠷᠠᠭᠠᠳ᠄ 《ᠡᠨᠡ ᠶᠠᠭ ᠢᠰᠷᠧᠯ ᠤᠨ ᠬᠠᠭᠠᠨ ᠪᠠᠢᠨ᠎ᠠ》 ᠭᠡᠳ ᠲᠡᠭᠦᠨ ᠤᠷᠤᠭᠤ ᠡᠷᠭᠢᠵᠦ ᠳᠠᠭᠠᠷᠢᠵᠠᠢ᠃ ᠬᠠᠷᠢᠨ ᠶᠧᠬᠣᠱᠠᠹᠠᠲ ᠴᠢᠩᠭ᠍᠎ᠠ ᠪᠠᠷ ᠬᠠᠰᠬᠢᠷᠬᠤ ᠳᠤ᠂ 33 ᠲᠡᠷᠭᠡᠲᠦ ᠴᠡᠷᠢᠭ ᠤᠨ ᠵᠠᠩᠵᠤᠨ ᠨᠠᠷ ᠢᠰᠷᠧᠯ ᠤᠨ ᠬᠠᠭᠠᠨ ᠪᠢᠰᠢ ᠪᠣᠯᠬᠤ ᠶᠢ ᠨᠢ ᠮᠡᠳᠡᠭᠡᠳ ᠲᠡᠭᠦᠨ ᠡᠴᠡ ᠡᠷᠭᠢᠪᠡ᠃ 34 ᠨᠢᠭᠡᠨ ᠬᠥᠮᠦᠨ ᠦ ᠵᠣᠷᠢᠯᠭ᠎ᠠ ᠦᠭᠡᠢ ᠬᠠᠷᠪᠤᠭᠰᠠᠨ ᠰᠤᠮᠤ ᠢᠰᠷᠧᠯ ᠤᠨ ᠬᠠᠭᠠᠨ ᠤ ᠬᠤᠶᠠᠭ ᠤᠨ ᠬᠢᠨᠢ ᠵᠠᠪᠰᠠᠷ ᠢᠶᠠᠷ ᠣᠨᠣᠵᠠᠢ᠃ ᠬᠠᠭᠠᠨ ᠲᠡᠷᠭᠡᠨ ᠦ ᠪᠠᠨ ᠬᠥᠲᠥᠴᠢ ᠳᠤ᠄ 《ᠲᠡᠷᠭᠡ ᠪᠡᠨ ᠡᠷᠭᠢᠭᠦᠯ᠂ ᠲᠤᠯᠤᠯᠳᠤᠭᠠᠨ ᠤ ᠲᠠᠯᠠᠪᠤᠷ ᠠᠴᠠ ᠭᠠᠷᠤᠶ᠎ᠠ᠃ ᠪᠢ ᠰᠢᠷᠬᠠᠲᠤᠯ᠎ᠠ》 ᠭᠡᠵᠦ ᠬᠡᠯᠡᠪᠡ᠃ 35 ᠭᠡᠪᠡᠴᠦ ᠲᠡᠷᠡ ᠡᠳᠦᠷ ᠦᠨ ᠲᠤᠯᠤᠯᠳᠤᠭᠠᠨ ᠰᠢᠷᠦᠭᠦᠨ ᠪᠠᠢᠭᠰᠠᠨ ᠪᠣᠯᠬᠣᠷ ᠬᠠᠭᠠᠨ ᠠᠷᠠᠮᠴᠤᠳ ᠤᠨ ᠡᠮᠦᠨ᠎ᠡ ᠲᠡᠷᠭᠡᠨ ᠳᠡᠭᠡᠷ᠎ᠡ ᠪᠡᠨ ᠬᠥᠮᠦᠨ ᠢᠶᠡᠷ ᠲᠦᠰᠢᠭᠦᠯᠦᠨ ᠵᠣᠭᠰᠣᠭᠰᠠᠭᠠᠷ ᠪᠠᠢᠭᠠᠳ ᠣᠷᠣᠢ ᠪᠣᠯᠬᠤ ᠳᠤ ᠨᠠᠰᠤ ᠪᠠᠷᠠᠭᠰᠠᠨ ᠪᠠᠢᠯ᠎ᠠ᠃ ᠰᠢᠷᠬᠠᠨ ᠠᠴᠠ ᠨᠢ ᠤᠷᠤᠰᠤᠭᠰᠠᠨ ᠴᠢᠰᠤ ᠲᠡᠷᠭᠡᠨ ᠦ ᠢᠷᠤᠭᠠᠷ ᠲᠤ ᠲᠣᠨᠣᠭᠰᠠᠨ ᠪᠠᠢᠪᠠ᠃ 36 ᠨᠠᠷᠠ ᠰᠢᠩᠭᠡᠬᠦ ᠶᠢᠨ ᠠᠯᠲᠠ ᠳᠤ ᠴᠡᠷᠢᠭ ᠤᠳ ᠤᠨ ᠳᠤᠮᠳᠠ 《ᠪᠦᠭᠦᠳᠡᠭᠡᠷ ᠥᠪᠡᠷ ᠥᠪᠡᠷ ᠦᠨ ᠬᠣᠲᠠ ᠤᠷᠤᠭᠤ ᠪᠠᠨ᠂ ᠲᠤᠰ ᠲᠤᠰ ᠤᠨ ᠨᠤᠲᠤᠭ ᠤᠷᠤᠭᠤ ᠪᠠᠨ》 ᠭᠡᠬᠦ ᠴᠢᠮᠡᠭᠡ ᠲᠠᠷᠬᠠᠭᠰᠠᠨ ᠪᠠᠢᠨ᠎ᠠ᠃

37 ᠡᠢᠨ ᠬᠦ ᠬᠠᠭᠠᠨ ᠥᠭᠡᠳᠡ ᠪᠣᠯᠣᠭᠰᠠᠨ ᠳᠤ᠂ ᠬᠥᠮᠦᠰ ᠲᠡᠭᠦᠨ ᠢ ᠰᠠᠮᠠᠷᠢᠶ᠎ᠠ ᠳᠤ ᠠᠪᠴᠢᠷᠠᠭᠠᠳ ᠲᠡᠨᠳᠡ ᠣᠷᠣᠰᠢᠭᠤᠯᠵᠠᠢ᠃ 38 ᠲᠡᠳᠡ ᠬᠠᠭᠠᠨ ᠤ ᠲᠡᠷᠭᠡ ᠶᠢ ᠰᠠᠮᠠᠷᠢᠶ᠎ᠠ ᠶᠢᠨ ᠴᠥᠭᠥᠷᠥᠮ ᠳᠤ ᠤᠬᠢᠶᠠᠬᠤ ᠳᠤ᠂ ᠨᠣᠬᠠᠳ ᠲᠡᠭᠦᠨ ᠦ ᠴᠢᠰᠤ ᠶᠢ ᠳᠣᠯᠢᠶᠠᠭᠰᠠᠨ ᠪᠥᠭᠡᠳ ᠡᠨᠡ ᠨᠢ ᠶᠣᠬᠣᠸᠠ ᠶᠢᠨ ᠠᠢᠯᠠᠳᠤᠭᠰᠠᠨ ᠶᠣᠰᠣᠭᠠᠷ ᠪᠣᠯᠵᠠᠢ᠃ ᠲᠡᠨᠳᠡ ᠶᠠᠩ᠋ᠬᠠᠨ ᠨᠤᠭᠤᠳ ᠪᠡᠶ᠎ᠡ ᠪᠡᠨ ᠤᠬᠢᠶᠠᠳᠠᠭ ᠪᠠᠢᠪᠠ᠃ 39 ᠠᠬᠠᠪ ᠤᠨ ᠪᠤᠰᠤᠳ ᠶᠠᠪᠤᠳᠠᠯ᠂ ᠬᠢᠭᠰᠡᠨ ᠪᠦᠬᠦ ᠠᠵᠢᠯ᠂ ᠲᠡᠭᠦᠨ ᠦ ᠪᠣᠰᠬᠠᠭᠰᠠᠨ ᠵᠠᠭᠠᠨ ᠤ ᠶᠠᠰᠤᠨ ᠣᠷᠳᠣᠨ ᠪᠣᠯᠣᠨ ᠪᠡᠬᠢᠯᠡᠯᠲᠡ ᠲᠠᠢ ᠪᠦᠬᠦ ᠬᠣᠲᠠ ᠨᠤᠭᠤᠳ ᠤᠨ ᠬᠢᠨᠢ ᠲᠤᠬᠠᠢ ᠢᠰᠷᠧᠯ ᠤᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 40 ᠠᠬᠠᠪ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠭᠰᠠᠨ ᠳᠤ᠂ ᠬᠦᠦ ᠠᠬᠠᠽᠢᠶ᠎ᠠ ᠨᠢ ᠲᠡᠭᠦᠨ ᠢ ᠵᠠᠯᠭᠠᠮᠵᠢᠯᠠᠨ ᠬᠠᠭᠠᠨ ᠪᠣᠯᠵᠠᠢ᠃
 ᠶᠦᠳᠠ ᠶᠢᠨ ᠬᠠᠭᠠᠨ ᠶᠧᠬᠣᠱᠠᠹᠠᠲ

41 ᠢᠰᠷᠧᠯ ᠤᠨ ᠬᠠᠭᠠᠨ ᠠᠬᠠᠪ ᠤᠨ ᠳᠥᠷᠪᠡᠳᠦᠭᠡᠷ ᠣᠨ ᠳᠤ᠂ ᠠᠰᠠ ᠶᠢᠨ ᠬᠦᠦ ᠶᠧᠬᠣᠱᠠᠹᠠᠲ ᠶᠦᠳᠠ ᠶᠢᠨ ᠬᠠᠭᠠᠨ ᠪᠣᠯᠪᠠ᠃ 42 ᠶᠧᠬᠣᠱᠠᠹᠠᠲ ᠭᠤᠴᠢᠨ ᠲᠠᠪᠤᠨ ᠨᠠᠰᠤᠲᠠᠢ ᠳᠠᠭᠠᠨ ᠬᠠᠭᠠᠨ ᠪᠣᠯᠣᠭᠠᠳ ᠶᠧᠷᠦ᠋ᠰᠠᠯᠧᠮ ᠳᠤ ᠬᠣᠷᠢᠨ ᠲᠠᠪᠤᠨ ᠵᠢᠯ ᠬᠠᠭᠠᠨᠴᠢᠯᠠᠪᠠ᠃ ᠲᠡᠭᠦᠨ ᠦ ᠡᠬᠡ ᠪᠣᠯ ᠱᠢᠯᠾᠢ ᠶᠢᠨ ᠥᠬᠢᠨ ᠠᠽᠦ᠋ᠪᠠ ᠶᠤᠮ᠃ 43 ᠶᠧᠬᠣᠱᠠᠹᠠᠲ ᠡᠴᠢᠭᠡ ᠠᠰᠠ ᠶᠢᠨ ᠢᠶᠠᠨ ᠪᠦᠬᠦ ᠵᠠᠮ ᠢᠶᠠᠷ ᠶᠠᠪᠤᠵᠤ᠂ ᠲᠡᠷᠡ ᠵᠠᠮ ᠠᠴᠠ ᠡᠷᠭᠢᠯ ᠦᠭᠡᠢ᠂ ᠶᠣᠬᠣᠸᠠ ᠶᠢᠨ ᠮᠡᠯᠮᠡᠢ ᠶᠢᠨ ᠡᠮᠦᠨ᠎ᠡ ᠵᠥᠪ ᠢ ᠦᠢᠯᠡᠳᠴᠡᠢ᠃ ᠬᠠᠷᠢᠨ ᠮᠥᠷᠭᠥᠯ ᠦᠨ ᠮᠠᠨᠳᠠᠯ ᠤᠳ ᠠᠷᠢᠯᠤᠭ᠎ᠠ ᠦᠭᠡᠢ ᠪᠥᠭᠡᠳ ᠠᠷᠠᠳ ᠲᠦᠮᠡᠨ ᠮᠥᠷᠭᠥᠯ ᠦᠨ ᠮᠠᠨᠳᠠᠯ ᠤᠳ ᠳᠡᠭᠡᠷ᠎ᠡ ᠲᠠᠬᠢᠯ ᠡᠷᠭᠦᠨ᠂ ᠤᠲᠤᠯᠭ᠎ᠠ ᠤᠭᠤᠭᠢᠭᠤᠯᠤᠭᠰᠠᠭᠠᠷ ᠪᠠᠢᠯ᠎ᠠ᠃ 44 ᠶᠧᠬᠣᠱᠠᠹᠠᠲ ᠢᠰᠷᠧᠯ ᠤᠨ ᠬᠠᠭᠠᠨ ᠲᠠᠢ ᠨᠠᠢᠷᠠᠮᠳᠠᠪᠠ᠃

45 ᠶᠧᠬᠣᠱᠠᠹᠠᠲ ᠤᠨ ᠪᠤᠰᠤᠳ ᠶᠠᠪᠤᠳᠠᠯ᠂ ᠲᠡᠭᠦᠨ ᠦ ᠬᠠᠷᠠᠭᠤᠯᠤᠭᠰᠠᠨ ᠡᠷᠬᠡ ᠮᠡᠳᠡᠯ᠂ ᠬᠢᠭᠰᠡᠨ ᠳᠠᠢᠨ ᠵᠡᠷᠭᠡ ᠨᠢ ᠶᠦᠳᠠ ᠶᠢᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 46 ᠲᠡᠷᠡ ᠡᠴᠢᠭᠡ ᠠᠰᠠ ᠶᠢᠨ ᠬᠢᠨᠢ ᠡᠳᠦᠷ ᠤᠳ ᠠᠴᠠ ᠬᠣᠢᠰᠢ ᠴᠤ ᠦᠯᠡᠳᠡᠭᠰᠡᠭᠡᠷ ᠪᠠᠢᠭᠰᠠᠨ ᠳᠤᠭᠠᠩ ᠤᠨ ᠶᠠᠩ᠋ᠬᠠᠨ ᠡᠷᠡᠴᠦᠳ ᠢ ᠨᠤᠲᠤᠭ ᠠᠴᠠ ᠪᠠᠨ ᠤᠰᠠᠳᠬᠠᠭᠰᠠᠨ ᠶᠤᠮ᠃

47 ᠲᠡᠷᠡ ᠦᠶ᠎ᠡ ᠳᠦ ᠡᠳᠣᠮ ᠳᠤ ᠬᠠᠭᠠᠨ ᠪᠠᠢᠭᠰᠠᠨ ᠦᠭᠡᠢ᠂ ᠬᠠᠷᠢᠨ ᠬᠠᠭᠠᠨ ᠤ ᠣᠷᠣᠯᠠᠭᠴᠢ ᠪᠠᠢᠪᠠ᠃ 48 ᠶᠧᠬᠣᠱᠠᠹᠠᠲ ᠬᠤᠳᠠᠯᠳᠤᠭᠠᠨ ᠤ ᠣᠩ᠋ᠭᠣᠴᠠ ᠨᠤᠭᠤᠳ ᠢ ᠪᠣᠰᠬᠠᠵᠤ ᠠᠯᠲᠠ ᠠᠪᠴᠢᠷᠠᠭᠤᠯᠬᠤ ᠪᠠᠷ ᠣᠹᠢᠷ ᠤᠷᠤᠭᠤ ᠶᠠᠪᠤᠭᠤᠯᠬᠤ ᠭᠡᠰᠡᠨ ᠪᠣᠯᠪᠠᠴᠤ ᠲᠡᠳᠡᠭᠡᠷ ᠨᠢ ᠡᠽᠢᠶᠣᠨ ᠭᠧᠪᠧᠷ ᠲᠤ ᠰᠦᠢᠷᠡᠭᠰᠡᠨ ᠤᠴᠢᠷ ᠠᠴᠠ ᠶᠠᠪᠤᠵᠤ ᠴᠢᠳᠠᠭᠰᠠᠨ ᠦᠭᠡᠢ᠃ 49 ᠲᠡᠭᠡᠬᠦ ᠳᠦ ᠠᠬᠠᠪ ᠤᠨ ᠬᠦᠦ ᠠᠬᠠᠽᠢᠶ᠎ᠠ ᠶᠧᠬᠣᠱᠠᠹᠠᠲ ᠲᠤ᠄ 《ᠮᠢᠨᠦ ᠵᠠᠷᠤᠴᠠ ᠨᠠᠷ ᠢ ᠲᠠᠨ ᠤ ᠵᠠᠷᠤᠴᠠ ᠨᠠᠷ ᠲᠠᠢ ᠬᠠᠮᠲᠤ ᠣᠩ᠋ᠭᠣᠴᠠ ᠪᠠᠷ ᠠᠶᠠᠯᠠᠬᠤ ᠶᠢ ᠵᠥᠪᠰᠢᠶᠡᠷᠡᠭᠡᠴᠢ》 ᠭᠡᠰᠡᠨ ᠳᠦ᠂ ᠶᠧᠬᠣᠱᠠᠹᠠᠲ ᠳᠤᠷ᠎ᠠ ᠦᠭᠡᠢ ᠪᠠᠢᠯ᠎ᠠ᠃ 50 ᠶᠧᠬᠣᠱᠠᠹᠠᠲ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠵᠤ᠂ ᠡᠴᠢᠭᠡ ᠡᠪᠦᠭᠡ ᠳ᠋ᠠᠸᠢᠳ᠋ ᠤᠨ ᠢᠶᠠᠨ ᠬᠣᠲᠠ ᠳᠤ ᠲᠡᠳᠡᠨ ᠦ ᠪᠠᠨ ᠳᠡᠷᠭᠡᠳᠡ ᠣᠷᠣᠰᠢᠭᠤᠯᠤᠭᠳᠠᠵᠠᠢ᠃ ᠬᠦᠦ ᠶᠧᠬᠣᠷᠠᠮ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃
 ᠢᠰᠷᠧᠯ ᠤᠨ ᠬᠠᠭᠠᠨ ᠠᠬᠠᠽᠢᠶ᠎ᠠ

51 ᠶᠦᠳᠠ ᠶᠢᠨ ᠬᠠᠭᠠᠨ ᠶᠧᠬᠣᠱᠠᠹᠠᠲ ᠤᠨ ᠠᠷᠪᠠᠨ ᠳᠣᠯᠣᠳᠤᠭᠠᠷ ᠣᠨ ᠳᠤ᠂ ᠠᠬᠠᠪ ᠤᠨ ᠬᠦᠦ ᠠᠬᠠᠽᠢᠶ᠎ᠠ ᠰᠠᠮᠠᠷᠢᠶ᠎ᠠ ᠳᠤ ᠢᠰᠷᠧᠯ ᠤᠨ ᠬᠠᠭᠠᠨ ᠪᠣᠯᠵᠤ ᠢᠰᠷᠧᠯ ᠢ ᠬᠣᠶᠠᠷ ᠵᠢᠯ ᠵᠠᠬᠢᠷᠴᠠᠢ᠃ 52 ᠲᠡᠷᠡ ᠪᠡᠷ ᠶᠣᠬᠣᠸᠠ ᠶᠢᠨ ᠮᠡᠯᠮᠡᠢ ᠶᠢᠨ ᠡᠮᠦᠨ᠎ᠡ ᠪᠤᠵᠠᠷ ᠮᠠᠭᠤ ᠶᠢ ᠦᠢᠯᠡᠳᠦᠨ ᠥᠪᠡᠷ ᠦᠨ ᠢᠶᠠᠨ ᠡᠴᠢᠭᠡ ᠡᠬᠡ ᠶᠢᠨ ᠵᠠᠮ ᠢᠶᠠᠷ᠂ ᠮᠥᠨ ᠢᠰᠷᠧᠯ ᠢᠶᠠᠷ ᠨᠢᠭᠦᠯ ᠦᠢᠯᠡᠳᠦᠭᠦᠯᠦᠭᠰᠡᠨ ᠨᠧᠪᠠᠲ ᠤᠨ ᠬᠦᠦ ᠶᠧᠷᠣᠪᠣᠶᠠᠮ ᠤᠨ ᠵᠠᠮ ᠢᠶᠠᠷ ᠶᠠᠪᠤᠵᠤ᠂ 53 ᠪᠠᠯ ᠳᠤ ᠦᠢᠯᠡᠴᠢᠯᠡᠨ ᠮᠥᠷᠭᠥᠵᠦ᠂ ᠡᠴᠢᠭᠡ ᠲᠠᠢ ᠪᠠᠨ ᠠᠳᠠᠯᠢ ᠪᠠᠷ ᠢᠰᠷᠧᠯ ᠤᠨ ᠪᠤᠷᠬᠠᠨ ᠶᠣᠬᠣᠸᠠ ᠶᠢ ᠬᠢᠯᠢᠩᠨᠡᠭᠦᠯᠦᠭᠰᠡᠨ ᠪᠠᠢᠨ᠎ᠠ᠃