ᠬᠠᠭᠠᠳ ᠤᠨ ᠳᠡᠭᠡᠳᠦ ᠬᠣᠷᠢᠨ ᠨᠢᠭᠡ
ᠨᠠᠪᠣᠲ ᠤᠨ ᠦᠵᠦᠮ ᠦᠨ ᠴᠡᠴᠡᠷᠯᠢᠭ
1 ᠡᠭᠦᠨ ᠦ ᠳᠠᠷᠠᠭ᠎ᠠ ᠡᠳᠡᠭᠡᠷ ᠶᠠᠪᠤᠳᠠᠯ ᠪᠣᠯᠪᠠ᠃ ᠶᠧᠽᠷᠧᠯ ᠬᠥᠮᠦᠨ ᠨᠠᠪᠣᠲ ᠶᠧᠽᠷᠧᠯ ᠳᠤ ᠦᠵᠦᠮ ᠦᠨ ᠬᠦᠷᠢᠶᠡᠯᠡᠩ ᠲᠡᠢ ᠪᠥᠭᠡᠳ ᠲᠡᠷᠡ ᠴᠡᠴᠡᠷᠯᠢᠭ ᠰᠠᠮᠠᠷᠢᠶ᠎ᠠ ᠶᠢᠨ ᠬᠠᠭᠠᠨ ᠠᠬᠠᠪ ᠤᠨ ᠣᠷᠳᠣᠨ ᠤ ᠬᠠᠵᠠᠭᠤ ᠳᠤ ᠪᠠᠢᠵᠠᠢ᠃ 2 ᠨᠢᠭᠡᠨ ᠡᠳᠦᠷ ᠠᠬᠠᠪ ᠨᠠᠪᠣᠲ ᠲᠤ᠄ 《ᠲᠠᠨ ᠤ ᠦᠵᠦᠮ ᠦᠨ ᠬᠦᠷᠢᠶᠡᠯᠡᠩ ᠮᠢᠨᠦ ᠣᠷᠳᠣᠨ ᠠᠴᠠ ᠣᠢᠷ᠎ᠠ ᠪᠣᠯᠬᠣᠷ ᠲᠡᠭᠦᠨ ᠢ ᠨᠠᠳᠠ ᠳᠤ ᠥᠭᠭᠥᠨ᠎ᠡ ᠤᠤ︖ ᠪᠢ ᠲᠡᠭᠦᠨ ᠢ ᠬᠦᠷᠢᠶᠡᠯᠡᠩ ᠪᠣᠯᠭᠠᠬᠤ ᠭᠡᠰᠡᠨ ᠶᠤᠮ᠃ ᠣᠷᠣᠨ ᠳᠤᠨᠢ ᠪᠢ ᠴᠢᠮ᠎ᠠ ᠳᠤ ᠡᠭᠦᠨ ᠡᠴᠡ ᠢᠯᠡᠭᠦᠦ ᠰᠠᠢᠨ ᠦᠵᠦᠮ ᠦᠨ ᠴᠡᠴᠡᠷᠯᠢᠭ ᠢ ᠥᠭᠭᠥᠶ᠎ᠡ᠃ ᠴᠢ ᠳᠤᠷᠠᠲᠠᠢ ᠪᠣᠯ ᠪᠢ ᠴᠢᠮ᠎ᠠ ᠳᠤ ᠡᠭᠦᠨ ᠦ ᠦᠨ᠎ᠡ ᠪᠣᠯᠬᠤ ᠮᠥᠩᠭᠥ ᠶᠢ ᠥᠭᠭᠥᠶ᠎ᠡ》 ᠭᠡᠬᠦ ᠳᠦ᠂ 3 ᠨᠠᠪᠣᠲ ᠠᠬᠠᠪ ᠲᠤ᠄ 《ᠡᠴᠢᠭᠡ ᠡᠪᠦᠭᠡᠳ ᠦᠨ ᠢᠶᠠᠨ ᠥᠮᠴᠢ ᠶᠢ ᠲᠠᠨ ᠳᠤ ᠰᠢᠯᠵᠢᠭᠦᠯᠬᠦ ᠶᠠᠪᠤᠳᠠᠯ ᠢ ᠶᠣᠬᠣᠸᠠ ᠨᠠᠳᠠ ᠠᠴᠠ ᠬᠣᠯᠠ ᠪᠠᠢᠯᠭᠠᠭ》 ᠭᠡᠯᠡ᠃ 4 《ᠡᠴᠢᠭᠡ ᠡᠪᠦᠭᠡᠳ ᠦᠨ ᠢᠶᠠᠨ ᠥᠪ ᠢ ᠰᠢᠯᠵᠢᠭᠦᠯᠬᠦ ᠦᠭᠡᠢ》 ᠭᠡᠵᠦ ᠶᠧᠽᠷᠧᠯ ᠬᠥᠮᠦᠨ ᠨᠠᠪᠣᠲ ᠤᠨ ᠬᠡᠯᠡᠭᠰᠡᠨ ᠦᠭᠡᠨ ᠡᠴᠡ ᠪᠣᠯᠵᠤ ᠠᠬᠠᠪ ᠤᠨᠲᠤᠭᠤᠴᠠᠨ ᠤᠴᠠᠭᠠᠷᠯᠠᠵᠤ᠂ ᠣᠷᠳᠣᠨ ᠳᠠᠭᠠᠨ ᠪᠤᠴᠠᠪᠠ᠃ ᠲᠡᠷᠡ ᠪᠡᠷ ᠣᠷᠣ ᠳᠡᠭᠡᠷ᠎ᠡ ᠪᠡᠨ ᠬᠡᠪᠲᠡᠵᠦ᠂ ᠪᠤᠷᠤᠭᠤ ᠬᠠᠷᠠᠭᠠᠳ ᠬᠣᠭᠣᠯᠠ ᠴᠤ ᠢᠳᠡᠭᠰᠡᠨ ᠦᠭᠡᠢ᠃
5 ᠡᠬᠡᠨᠡᠷ ᠶᠧᠽᠧᠪᠧᠯ ᠨᠢ ᠲᠡᠭᠦᠨ ᠤᠷᠤᠭᠤ ᠢᠷᠡᠭᠡᠳ᠄ 《ᠴᠢ ᠶᠠᠭᠤᠨ ᠳᠤ ᠤᠴᠠᠭᠠᠷᠯᠠᠭᠠᠳ ᠬᠣᠭᠣᠯᠠ ᠢᠳᠡᠬᠦ ᠦᠭᠡᠢ ᠪᠠᠢᠭ᠎ᠠ ᠶᠤᠮ ᠪᠤᠢ︖》 ᠭᠡᠯᠡ᠃ 6 ᠬᠠᠭᠠᠨ ᠲᠡᠭᠦᠨ ᠳᠦ᠄ 《ᠪᠢ ᠶᠧᠽᠷᠧᠯ ᠬᠥᠮᠦᠨ ᠨᠠᠪᠣᠲ ᠲᠠᠢ ᠶᠠᠷᠢᠯᠴᠠᠵᠤ᠂ ᠲᠡᠭᠦᠨ ᠳᠦ᠄ 〈ᠦᠵᠦᠮ ᠦᠨ ᠬᠦᠷᠢᠶᠡᠯᠡᠩ ᠢᠶᠡᠨ ᠨᠠᠳᠠ ᠳᠤ ᠬᠤᠳᠠᠯᠳᠤᠭᠠᠴᠢ᠃ ᠬᠡᠷᠪᠡ ᠴᠢ ᠬᠦᠰᠡᠪᠡᠯ᠂ ᠪᠢ ᠴᠢᠮ᠎ᠠ ᠳᠤ ᠡᠭᠦᠨ ᠡᠴᠡ ᠥᠭᠡᠷ᠎ᠡ ᠦᠵᠦᠮ ᠦᠨ ᠴᠡᠴᠡᠷᠯᠢᠭ ᠥᠭᠭᠥᠶ᠎ᠡ〉 ᠭᠡᠰᠡᠨ ᠪᠣᠯᠪᠠᠴᠤ ᠲᠡᠷᠡ᠄ 〈ᠦᠵᠦᠮ ᠦᠨ ᠬᠦᠷᠢᠶᠡᠯᠡᠩ ᠢᠶᠡᠨ ᠥᠭᠬᠦ ᠦᠭᠡᠢ〉 ᠭᠡᠰᠡᠨ》 ᠭᠡᠪᠡ᠃ 7 ᠡᠬᠡᠨᠡᠷ ᠶᠧᠽᠧᠪᠧᠯ ᠨᠢ ᠲᠡᠭᠦᠨ ᠳᠦ᠄ 《ᠬᠠᠷᠢᠨ ᠲᠠ ᠣᠳᠣ ᠢᠰᠷᠧᠯ ᠢ ᠵᠠᠬᠢᠷᠴᠤ ᠪᠠᠢᠭ᠎ᠠ ᠪᠢᠰᠢ ᠤᠤ︖ ᠪᠣᠰ ᠡ᠂ ᠬᠣᠭᠣᠯᠠ ᠢᠳᠡᠭᠡᠳ ᠰᠡᠳᠬᠢᠯ ᠢᠶᠠᠨ ᠰᠡᠷᠭᠦᠭᠡ᠃ ᠪᠢ ᠥᠪᠡᠷ ᠢᠶᠡᠨ ᠶᠧᠽᠷᠧᠯ ᠬᠥᠮᠦᠨ ᠨᠠᠪᠣᠲ ᠤᠨ ᠦᠵᠦᠮ ᠦᠨ ᠬᠦᠷᠢᠶᠡᠯᠡᠩ ᠢ ᠴᠢᠮ᠎ᠠ ᠳᠤ ᠠᠪᠤᠭᠠᠳ ᠥᠭᠴᠢᠭᠡᠶᠡ》 ᠭᠡᠵᠦ ᠬᠡᠯᠡᠪᠡ᠃
8 ᠶᠧᠽᠧᠪᠧᠯ ᠠᠬᠠᠪ ᠤᠨ ᠨᠡᠷ᠎ᠡ ᠪᠡᠷ ᠵᠠᠬᠢᠳᠠᠯ ᠤᠳ ᠪᠢᠴᠢᠭᠡᠳ᠂ ᠲᠠᠮᠠᠭ᠎ᠠ ᠪᠠᠷ ᠨᠢ ᠯᠠᠴᠠᠳᠠᠨ ᠨᠠᠪᠣᠲ ᠤᠨ ᠬᠣᠲᠠ ᠳᠤ ᠰᠠᠭᠤᠳᠠᠭ ᠠᠬᠠᠯᠠᠭᠴᠢᠳ ᠪᠣᠯᠣᠨ ᠨᠣᠶᠠᠳ ᠲᠤ ᠢᠯᠡᠭᠡᠪᠡ᠃ 9 ᠲᠡᠷᠡ ᠪᠡᠷ ᠵᠠᠬᠢᠳᠠᠯ ᠤᠳ ᠲᠠᠭᠠᠨ᠄ 《ᠪᠠᠴᠠᠭ ᠪᠠᠷᠢᠬᠤ ᠶᠢ ᠲᠤᠩ᠋ᠬᠠᠭᠯᠠᠨ ᠨᠠᠪᠣᠲ ᠢ ᠠᠷᠠᠳ ᠣᠯᠠᠨ ᠤ ᠡᠮᠦᠨ᠎ᠡ ᠢᠯᠡ ᠰᠠᠭᠤᠯᠭ᠎ᠠ᠃ 10 ᠲᠡᠭᠦᠨ ᠦ ᠬᠠᠷᠠᠯᠳᠤᠭ᠎ᠠ ᠬᠣᠶᠠᠷ ᠪᠦᠲᠦᠯ ᠦᠭᠡᠢ ᠬᠥᠮᠦᠨ ᠢ ᠰᠠᠭᠤᠯᠭᠠᠵᠤ᠂ ᠨᠠᠪᠣᠲ ᠤᠨ ᠡᠰᠡᠷᠭᠦ ᠭᠡᠷᠡᠴᠢᠯᠡᠭᠦᠯᠵᠦ᠄ 〈ᠴᠢ ᠪᠤᠷᠬᠠᠨ ᠪᠣᠯᠣᠨ ᠬᠠᠭᠠᠨ ᠢ ᠬᠠᠷᠢᠶᠠᠭᠰᠠᠨ〉 ᠭᠡᠵᠦ ᠬᠡᠯᠡᠭᠦᠯ᠃ ᠲᠡᠭᠡᠭᠡᠳ ᠲᠡᠭᠦᠨ ᠢ ᠭᠠᠷᠭᠠᠵᠤ᠂ ᠴᠢᠯᠠᠭᠤᠳᠠᠨ ᠠᠯᠠ》 ᠭᠡᠵᠦ ᠪᠢᠴᠢᠭᠰᠡᠨ ᠪᠠᠢᠪᠠ᠃ 11 ᠨᠠᠪᠣᠲ ᠤᠨ ᠬᠣᠲᠠ ᠳᠤ ᠰᠠᠭᠤᠳᠠᠭ ᠠᠬᠠᠯᠠᠭᠴᠢᠳ ᠪᠠ ᠨᠣᠶᠠᠳ ᠶᠧᠽᠧᠪᠧᠯ ᠤᠨ ᠵᠠᠬᠢᠭᠰᠠᠨ ᠢ ᠵᠠᠬᠢᠳᠠᠯ ᠳᠤ ᠪᠢᠴᠢᠵᠦ ᠢᠯᠡᠭᠡᠭᠰᠡᠨ ᠦ ᠶᠣᠰᠣᠭᠠᠷ ᠦᠢᠯᠡᠳᠦᠨ 12 ᠪᠠᠴᠠᠭ ᠪᠠᠷᠢᠬᠤ ᠶᠢ ᠲᠤᠩ᠋ᠬᠠᠭᠯᠠᠵᠤ᠂ ᠨᠠᠪᠣᠲ ᠢ ᠠᠷᠠᠳ ᠣᠯᠠᠨ ᠤ ᠡᠮᠦᠨ᠎ᠡ ᠢᠯᠡ ᠰᠠᠭᠤᠯᠭᠠᠵᠠᠢ᠃ 13 ᠲᠡᠭᠡᠲᠡᠯ᠎ᠡ ᠬᠣᠶᠠᠷ ᠪᠦᠲᠦᠯ ᠦᠭᠡᠢ ᠡᠷ᠎ᠡ ᠭᠠᠷᠴᠤ ᠢᠷᠡᠭᠡᠳ ᠬᠠᠷᠠᠯᠳᠤᠭ᠎ᠠ ᠰᠠᠭᠤᠵᠤ᠂ ᠣᠯᠠᠨ ᠤ ᠡᠮᠦᠨ᠎ᠡ ᠨᠠᠪᠣᠲ ᠤᠨ ᠡᠰᠡᠷᠭᠦ ᠭᠡᠷᠡᠴᠢᠯᠡᠵᠦ᠄ 《ᠴᠢ ᠪᠤᠷᠬᠠᠨ ᠪᠣᠯᠣᠨ ᠬᠠᠭᠠᠨ ᠢ ᠬᠠᠷᠢᠶᠠᠭᠰᠠᠨ ᠶᠤᠮ》 ᠭᠡᠬᠦ ᠳᠦ᠂ ᠲᠡᠳᠡ ᠨᠠᠪᠣᠲ ᠢ ᠬᠣᠲᠠ ᠠᠴᠠ ᠭᠠᠳᠠᠭᠰᠢ ᠭᠠᠷᠭᠠᠨ ᠲᠡᠭᠦᠨ ᠤᠷᠤᠭᠤ ᠴᠢᠯᠠᠭᠤ ᠰᠢᠳᠡᠨ ᠠᠯᠠᠭᠠᠳ 14 ᠶᠧᠽᠧᠪᠧᠯ ᠳᠤ᠄ 《ᠨᠠᠪᠣᠲ ᠴᠢᠯᠠᠭᠤ ᠪᠠᠷ ᠰᠢᠳᠡᠭᠦᠯᠦᠨ ᠦᠬᠦᠭᠰᠡᠨ》 ᠭᠡᠵᠦ ᠬᠡᠯᠡ ᠶᠠᠪᠤᠭᠤᠯᠤᠭᠰᠠᠨ ᠪᠠᠢᠨ᠎ᠠ᠃
15 ᠨᠠᠪᠣᠲ ᠴᠢᠯᠠᠭᠤ ᠪᠠᠷ ᠰᠢᠳᠡᠭᠦᠯᠦᠨ ᠦᠬᠦᠭᠰᠡᠨ ᠭᠡᠳᠡᠭ ᠢ ᠶᠧᠽᠧᠪᠧᠯ ᠰᠣᠨᠣᠰᠣᠮᠠᠭᠴᠠ ᠪᠠᠨ ᠠᠬᠠᠪ ᠲᠤ᠄ 《ᠵᠠ᠂ ᠪᠣᠰ᠃ ᠮᠥᠩᠭᠥ ᠪᠡᠷ ᠴᠤ ᠴᠢᠮ᠎ᠠ ᠳᠤ ᠥᠭᠬᠦ ᠦᠭᠡᠢ ᠭᠡᠳᠡᠭ ᠪᠠᠢᠭᠰᠠᠨ ᠶᠧᠽᠷᠧᠯ ᠬᠥᠮᠦᠨ ᠨᠠᠪᠣᠲ ᠤᠨ ᠦᠵᠦᠮ ᠦᠨ ᠬᠦᠷᠢᠶᠡᠯᠡᠩ ᠢ ᠡᠵᠡᠮᠰᠢᠵᠦ ᠠᠪ᠃ ᠨᠠᠪᠣᠲ ᠠᠮᠢᠳᠤ ᠪᠢᠰᠢ᠂ ᠦᠬᠦᠭᠰᠡᠨ ᠪᠢᠯᠡ》 ᠭᠡᠪᠡ᠃ 16 ᠠᠬᠠᠪ ᠨᠠᠪᠣᠲ ᠤᠨ ᠦᠬᠦᠭᠰᠡᠨ ᠢ ᠰᠣᠨᠣᠰᠣᠭᠠᠳ ᠶᠧᠽᠷᠧᠯ ᠬᠥᠮᠦᠨ ᠨᠠᠪᠣᠲ ᠤᠨ ᠦᠵᠦᠮ ᠦᠨ ᠬᠦᠷᠢᠶᠡᠯᠡᠩ ᠢ ᠡᠵᠡᠮᠰᠢᠵᠦ ᠠᠪᠬᠤ ᠪᠠᠷ ᠪᠣᠰᠴᠤ ᠶᠠᠪᠤᠯ᠎ᠠ᠃
17 ᠶᠣᠬᠣᠸᠠ ᠶᠢᠨ ᠦᠭᠡ ᠲᠢᠱᠪ ᠬᠥᠮᠦᠨ ᠧᠯᠢᠶ᠎ᠠ ᠳᠤ ᠢᠷᠡᠵᠦ ᠠᠢᠯᠠᠳᠤᠨ᠄ 18 《ᠪᠣᠰ᠂ ᠴᠢ ᠰᠠᠮᠠᠷᠢᠶ᠎ᠠ ᠳᠠᠬᠢ ᠢᠰᠷᠧᠯ ᠤᠨ ᠬᠠᠭᠠᠨ ᠠᠬᠠᠪ ᠲᠠᠢ ᠠᠭᠤᠯᠵᠠᠬᠤ ᠪᠠᠷ ᠶᠠᠪᠤ᠃ ᠲᠡᠷᠡ ᠣᠳᠣ ᠨᠠᠪᠣᠲ ᠤᠨ ᠦᠵᠦᠮ ᠦᠨ ᠬᠦᠷᠢᠶᠡᠯᠡᠩ ᠢ ᠡᠵᠡᠮᠰᠢᠨ ᠠᠪᠬᠤ ᠪᠠᠷ ᠲᠡᠨᠳᠡ ᠣᠴᠢᠭᠠᠳ ᠪᠠᠢᠨ᠎ᠠ︕ 19 ᠴᠢ ᠲᠡᠭᠦᠨ ᠳᠦ ᠡᠢᠨ ᠬᠦ ᠶᠠᠷᠢ᠂ ᠶᠣᠬᠣᠸᠠ ᠡᠢᠨ ᠬᠦ ᠠᠢᠯᠠᠳᠴᠤ ᠪᠠᠢᠨ᠎ᠠ᠄ 〈ᠴᠢ ᠬᠥᠮᠦᠨ ᠠᠯᠠᠴᠢᠬᠠᠭᠠᠳ᠂ ᠮᠥᠨ ᠡᠳ᠋ ᠬᠥᠷᠥᠩᠭᠡ ᠶᠢ ᠨᠢ ᠠᠪᠤᠭᠰᠠᠨ ᠪᠢᠵᠡ ᠳᠠ︖〉 ᠭᠡᠳ ᠪᠠᠰᠠ ᠲᠡᠭᠦᠨ ᠳᠦ᠄ 〈ᠶᠣᠬᠣᠸᠠ ᠡᠢᠨ ᠬᠦ ᠠᠢᠯᠠᠳᠴᠤ ᠪᠠᠢᠨ᠎ᠠ᠄ ᠨᠣᠬᠠᠳ ᠨᠠᠪᠣᠲ ᠤᠨ ᠴᠢᠰᠤ ᠶᠢ ᠳᠣᠯᠢᠶᠠᠭᠰᠠᠨ ᠭᠠᠵᠠᠷ ᠲᠤ᠂ ᠨᠣᠬᠠᠳ ᠴᠢᠨᠦ ᠴᠢᠰᠤ ᠶᠢ ᠪᠠᠰᠠ ᠳᠣᠯᠢᠶᠠᠬᠤ ᠪᠣᠯᠣᠨ᠎ᠠ〉 ᠭᠡᠵᠦ ᠶᠠᠷᠢ》 ᠭᠡᠵᠡᠢ᠃
20 ᠠᠬᠠᠪ ᠧᠯᠢᠶ᠎ᠠ ᠳᠤ᠄ 《ᠥ᠂ ᠮᠢᠨᠦ ᠳᠠᠢᠰᠤᠨ᠂ ᠴᠢ ᠨᠠᠮᠠᠶᠢ ᠣᠯᠣᠯ᠎ᠠ》 ᠭᠡᠰᠡᠨ ᠳᠦ᠂ ᠧᠯᠢᠶ᠎ᠠ᠄ 《ᠲᠡᠢᠮᠦ ᠡ᠂ ᠪᠢ ᠲᠠᠨ ᠢ ᠣᠯᠣᠯ᠎ᠠ᠃ ᠤᠴᠢᠷ ᠨᠢ ᠲᠠ ᠶᠣᠬᠣᠸᠠ ᠶᠢᠨ ᠮᠡᠯᠮᠡᠢ ᠶᠢᠨ ᠡᠮᠦᠨ᠎ᠡ ᠪᠤᠵᠠᠷ ᠮᠠᠭᠤ ᠶᠢ ᠦᠢᠯᠡᠳᠬᠦ ᠪᠡᠷ ᠥᠪᠡᠷ ᠢ ᠪᠠᠨ ᠬᠤᠳᠠᠯᠳᠤᠭᠰᠠᠨ ᠶᠤᠮ᠃ 21 ᠶᠣᠬᠣᠸᠠ ᠡᠢᠨ ᠬᠦ ᠠᠢᠯᠠᠳᠴᠤ ᠪᠠᠢᠨ᠎ᠠ᠄ 〈ᠬᠠᠷ᠎ᠠ᠂ ᠪᠢ ᠴᠢᠮ᠎ᠠ ᠳᠡᠭᠡᠷ᠎ᠡ ᠭᠠᠢ ᠭᠠᠮᠰᠢᠭ ᠪᠠᠭᠤᠯᠭᠠᠨ᠎ᠠ᠂ ᠴᠢᠨᠦ ᠬᠣᠢᠴᠢ ᠦᠷ᠎ᠡ ᠤᠳᠤᠮ ᠢ ᠠᠷᠢᠯᠭᠠᠵᠤ᠂ ᠠᠬᠠᠪ ᠤᠨ ᠡᠷᠡᠴᠦᠳ ᠢ ᠪᠣᠭᠣᠯ᠂ ᠴᠢᠯᠥᠭᠡᠲᠦ ᠭᠡᠵᠦ ᠢᠯᠭᠠᠯ ᠦᠭᠡᠢ ᠢᠰᠷᠧᠯ ᠡᠴᠡ ᠤᠰᠠᠳᠬᠠᠬᠤ ᠪᠣᠯᠣᠨ᠎ᠠ᠃ 22 ᠡᠢᠨ ᠬᠦ ᠪᠢ ᠴᠢᠨᠦ ᠭᠡᠷ ᠢ ᠨᠧᠪᠠᠲ ᠤᠨ ᠬᠦᠦ ᠶᠧᠷᠣᠪᠣᠶᠠᠮ ᠤᠨ ᠭᠡᠷ ᠰᠢᠭ᠂ ᠪᠠᠰᠠ ᠠᠾᠢᠶᠠ ᠶᠢᠨ ᠬᠦᠦ ᠪᠠᠱᠠ ᠶᠢᠨ ᠭᠡᠷ ᠰᠢᠭ ᠪᠣᠯᠭᠠᠬᠤ ᠨᠢ ᠨᠠᠮᠠᠶᠢ ᠬᠢᠯᠢᠩᠨᠡᠭᠦᠯᠦᠨ ᠢᠰᠷᠧᠯ ᠢᠶᠠᠷ ᠭᠡᠮ ᠦᠢᠯᠡᠳᠦᠭᠦᠯᠦᠭᠰᠡᠨ ᠦ ᠴᠢᠨᠢ ᠤᠴᠢᠷ ᠢᠶᠠᠷ ᠶᠤᠮ᠃〉 23 ᠶᠣᠬᠣᠸᠠ ᠪᠠᠰᠠ ᠶᠧᠽᠧᠪᠧᠯ ᠤᠨ ᠲᠤᠬᠠᠢ ᠡᠢᠨ ᠬᠦ ᠠᠢᠯᠠᠳᠴᠤ ᠪᠠᠢᠨ᠎ᠠ᠄ 〈ᠶᠧᠽᠷᠧᠯ ᠤᠨ ᠬᠡᠷᠡᠮ ᠦᠨ ᠳᠡᠷᠭᠡᠳᠡ ᠨᠣᠬᠠᠳ ᠶᠧᠽᠧᠪᠧᠯ ᠢ ᠢᠳᠡᠬᠦ ᠪᠣᠯᠣᠨ᠎ᠠ〉᠂ 24 ᠪᠠᠰᠠ᠄ 〈ᠠᠬᠠᠪ ᠤᠨ ᠬᠢᠨ ᠡᠴᠡ ᠬᠣᠲᠠ ᠳᠤ ᠦᠬᠦᠭᠰᠡᠨ ᠢ ᠨᠢ ᠨᠣᠬᠠᠳ ᠢᠳᠡᠵᠦ᠂ ᠲᠠᠯ᠎ᠠ ᠳᠤ ᠦᠬᠦᠭᠰᠡᠨ ᠢ ᠨᠢ ᠣᠭᠲᠠᠷᠭᠤᠢ ᠶᠢᠨ ᠰᠢᠪᠠᠭᠤᠳ ᠢᠳᠡᠬᠦ ᠪᠣᠯᠣᠨ᠎ᠠ〉》 ᠭᠡᠵᠦ ᠬᠡᠯᠡᠪᠡ᠃
25 ᠦᠨᠡᠨ ᠳᠡᠭᠡᠨ ᠠᠬᠠᠪ ᠰᠢᠭ᠋ ᠡᠬᠡᠨᠡᠷ ᠶᠧᠽᠧᠪᠧᠯ ᠳᠡᠭᠡᠨ ᠤᠷᠤᠭᠤ ᠲᠠᠲᠠᠭᠳᠠᠨ ᠶᠣᠬᠣᠸᠠ ᠶᠢᠨ ᠮᠡᠯᠮᠡᠢ ᠳᠦ ᠪᠤᠵᠠᠷ ᠮᠠᠭᠤ ᠶᠢ ᠦᠢᠯᠡᠳᠬᠦ ᠳᠦ ᠥᠪᠡᠷ ᠢ ᠪᠠᠨ ᠬᠤᠳᠠᠯᠳᠤᠭᠰᠠᠨ ᠬᠥᠮᠦᠨ ᠤᠷᠢᠳᠤ ᠡᠮᠦᠨ᠎ᠡ ᠪᠠᠢᠭ᠎ᠠ ᠦᠭᠡᠢ᠃ 26 ᠠᠬᠠᠪ ᠤᠨ ᠰᠢᠲᠦᠭᠡᠨ ᠨᠦᠭᠦᠳ ᠢ ᠳᠠᠭᠠᠭᠰᠠᠨ ᠵᠢᠭᠰᠢᠭᠦᠷᠢᠲᠦ ᠶᠠᠪᠤᠳᠠᠯ ᠨᠢ ᠶᠣᠬᠣᠸᠠ ᠶᠢᠨ ᠢᠰᠷᠧᠯᠴᠦᠳ ᠦᠨ ᠡᠮᠦᠨ᠎ᠡ ᠡᠴᠡ ᠵᠠᠢᠯᠠᠭᠤᠯᠤᠭᠰᠠᠨ ᠠᠮᠣᠷᠢᠴᠤᠳ ᠤᠨ ᠦᠢᠯᠡᠳᠦᠭᠰᠡᠨ ᠠᠯᠢᠪᠠ ᠶᠠᠪᠤᠳᠠᠯ ᠲᠠᠢ ᠠᠳᠠᠯᠢ ᠪᠠᠢᠯ᠎ᠠ᠃
27 ᠬᠠᠷᠢᠨ ᠠᠬᠠᠪ ᠡᠳᠡᠭᠡᠷ ᠦᠭᠡ ᠶᠢ ᠰᠣᠨᠣᠰᠣᠮᠠᠭᠴᠠ ᠪᠠᠨ ᠬᠤᠪᠴᠠᠰᠤ ᠪᠠᠨ ᠤᠷᠠᠨ᠂ ᠪᠡᠶ᠎ᠡ ᠳᠡᠭᠡᠨ ᠲᠠᠭᠠᠷ ᠡᠮᠦᠰᠴᠦ᠂ ᠪᠠᠴᠠᠭ ᠪᠠᠷᠢᠨ᠂ ᠲᠠᠭᠠᠷ ᠤᠨ ᠬᠤᠪᠴᠠᠰᠤ ᠲᠠᠢ ᠪᠠᠨ ᠬᠡᠪᠲᠡᠵᠦ ᠳᠠᠷᠤᠤᠬᠠᠨ ᠶᠠᠪᠤᠳᠠᠭ ᠪᠣᠯᠵᠠᠢ᠃ 28 ᠲᠡᠭᠡᠬᠦ ᠳᠦ ᠶᠣᠬᠣᠸᠠ ᠶᠢᠨ ᠦᠭᠡ ᠲᠢᠱᠪ ᠬᠥᠮᠦᠨ ᠧᠯᠢᠶ᠎ᠠ ᠳᠤ ᠢᠷᠡᠵᠦ᠄ 29 《ᠮᠢᠨᠦ ᠡᠮᠦᠨ᠎ᠡ ᠠᠬᠠᠪ ᠥᠪᠡᠷ ᠢ ᠪᠠᠨ ᠳᠠᠷᠤᠤ ᠪᠣᠯᠭᠠᠭᠰᠠᠨ ᠢ ᠴᠢ ᠬᠠᠷᠠᠪᠠ ᠤᠤ︖ ᠲᠡᠷᠡ ᠮᠢᠨᠦ ᠡᠮᠦᠨ᠎ᠡ ᠥᠪᠡᠷ ᠢ ᠪᠠᠨ ᠳᠠᠷᠤᠤ ᠪᠣᠯᠭᠠᠭᠰᠠᠨ ᠲᠤᠯᠠ ᠪᠢ ᠡᠨᠡ ᠭᠠᠢ ᠭᠠᠮᠰᠢᠭ ᠢ ᠲᠡᠭᠦᠨ ᠦ ᠡᠳᠦᠷ ᠤᠳ ᠲᠤ ᠪᠠᠭᠤᠯᠭᠠᠬᠤ ᠦᠭᠡᠢ᠂ ᠬᠠᠷᠢᠨ ᠲᠡᠭᠦᠨ ᠦ ᠬᠦᠦ ᠶᠢᠨ ᠡᠳᠦᠷ ᠤᠳ ᠲᠤ ᠭᠡᠷ ᠳᠡᠭᠡᠷ᠎ᠡ ᠨᠢ ᠪᠠᠭᠤᠯᠭᠠᠨ᠎ᠠ》 ᠭᠡᠪᠡ᠃