1 2 3 4 5 6 7 8 9 10 11 12 13 14 15 16 17 18 19 20 21 22


ᠬᠠᠭᠠᠳ ᠤᠨ ᠳᠡᠭᠡᠳᠦ ᠠᠷᠪᠠᠨ ᠨᠠᠢ᠌ᠮᠠ
 ᠧᠯᠢᠶ᠎ᠠ ᠬᠢᠭᠡᠳ ᠣᠪᠠᠳᠢᠶ᠎ᠠ

1 ᠣᠯᠠᠨ ᠡᠳᠦᠷ ᠥᠩᠭᠡᠷᠡᠵᠦ᠂ ᠭᠤᠷᠪᠠᠳᠠᠬᠢ ᠵᠢᠯ ᠳᠦᠨᠢ ᠶᠣᠬᠣᠸᠠ ᠶᠢᠨ ᠦᠭᠡ ᠧᠯᠢᠶ᠎ᠠ ᠳᠤ ᠢᠷᠡᠵᠦ᠄ 《ᠶᠠᠪᠤᠵᠤ᠂ ᠠᠬᠠᠪ ᠲᠤ ᠦᠵᠡᠭᠳᠡ᠃ ᠪᠢ ᠭᠠᠵᠠᠷ ᠳᠡᠭᠡᠷ᠎ᠡ ᠪᠣᠷᠣᠭᠠᠨ ᠣᠷᠣᠭᠤᠯᠬᠤ ᠪᠣᠯᠣᠨ᠎ᠠ》 ᠭᠡᠰᠡᠨ ᠳᠦ᠂ 2 ᠧᠯᠢᠶ᠎ᠠ ᠠᠬᠠᠪ ᠲᠤ ᠦᠵᠡᠭᠳᠡᠬᠦ ᠪᠡᠷ ᠶᠠᠪᠤᠪᠠ᠃ ᠲᠡᠷᠡ ᠦᠶ᠎ᠡ ᠳᠦ ᠰᠠᠮᠠᠷᠢᠶ᠎ᠠ ᠳᠤ ᠬᠦᠨᠳᠦ ᠥᠯᠥᠰᠬᠥᠯᠡᠩ ᠪᠣᠯᠵᠤ ᠪᠠᠢᠭᠰᠠᠨ ᠪᠣᠯᠬᠣᠷ 3 ᠠᠬᠠᠪ ᠣᠷᠳᠣᠨ ᠤ ᠳᠠᠭᠠᠭᠠᠮᠠᠯ ᠣᠪᠠᠳᠢᠶ᠎ᠠ ᠶᠢ ᠳᠠᠭᠤᠳᠠᠭᠰᠠᠨ ᠪᠠᠢᠯ᠎ᠠ᠃ (ᠣᠪᠠᠳᠢᠶ᠎ᠠ ᠶᠣᠬᠣᠸᠠ ᠠᠴᠠ ᠶᠡᠬᠡᠳᠡ ᠡᠮᠢᠶᠡᠳᠡᠭ ᠬᠥᠮᠦᠨ ᠪᠠᠢᠪᠠ᠃ 4 ᠶᠧᠽᠧᠪᠧᠯ ᠶᠣᠬᠣᠸᠠ ᠶᠢᠨ ᠡᠰᠢ ᠦᠵᠡᠭᠦᠯᠦᠭᠴᠢᠳ ᠢ ᠬᠥᠨᠥᠭᠡᠵᠦ ᠪᠠᠢᠬᠤ ᠦᠶ᠎ᠡ ᠳᠦ᠂ ᠣᠪᠠᠳᠢᠶ᠎ᠠ ᠵᠠᠭᠤᠨ ᠡᠰᠢ ᠦᠵᠡᠭᠦᠯᠦᠭᠴᠢ ᠶᠢ ᠲᠠᠪᠢ ᠲᠠᠪᠢ ᠪᠠᠷ ᠨᠢ ᠠᠭᠤᠢ ᠳᠤ ᠨᠢᠭᠤᠨ᠂ ᠲᠡᠳᠡᠨ ᠳᠦ ᠪᠣᠣᠪᠣ ᠤᠰᠤ ᠬᠠᠩ᠋ᠭᠠᠳᠠᠭ ᠪᠠᠢᠭᠰᠠᠨ ᠶᠤᠮ᠃) 5 ᠠᠬᠠᠪ ᠣᠪᠠᠳᠢᠶ᠎ᠠ ᠳᠤ᠄ 《ᠨᠤᠲᠤᠭ ᠳᠠᠶᠠᠭᠠᠷ ᠤᠨ ᠪᠦᠬᠦ ᠱᠠᠩᠳᠠ᠂ ᠪᠦᠬᠦ ᠬᠥᠨᠳᠡᠢ ᠪᠠᠷ ᠶᠠᠪᠤᠵᠠᠭᠠᠶ᠎ᠠ᠃ ᠪᠢᠳᠡ ᠮᠣᠷᠢ᠂ ᠯᠠᠭᠤᠰᠠ ᠨᠤᠭᠤᠳ ᠢᠶᠠᠨ ᠠᠮᠢᠳᠤ ᠦᠯᠡᠳᠡᠭᠡᠬᠦ ᠡᠪᠡᠰᠦ ᠨᠣᠭᠣᠭ᠎ᠠ ᠲᠠᠢ ᠭᠠᠵᠠᠷ ᠢ ᠣᠯᠵᠤ ᠮᠡᠳᠡᠨ᠎ᠡ᠂ ᠲᠡᠭᠡᠪᠡᠯ ᠮᠠᠯ ᠰᠦᠷᠦᠭ ᠢᠶᠡᠨ ᠦᠬᠦᠭᠦᠯᠬᠦ ᠦᠭᠡᠢ ᠪᠠᠢᠵᠤ ᠪᠣᠯᠬᠤ ᠶᠤᠮ》 ᠭᠡᠵᠦ ᠬᠡᠯᠡᠪᠡ᠃ 6 ᠲᠡᠳᠡ ᠣᠴᠢᠬᠤ ᠭᠠᠵᠠᠷ ᠢᠶᠠᠨ ᠬᠤᠪᠢᠶᠠᠵᠤ ᠠᠪᠤᠭᠠᠳ᠂ ᠠᠬᠠᠪ ᠨᠢᠭᠡ ᠵᠦᠭ ᠲᠦ᠂ ᠣᠪᠠᠳᠢᠶ᠎ᠠ ᠨᠥᠭᠥᠭᠡ ᠵᠦᠭ ᠲᠦ ᠲᠤᠰ ᠲᠤᠰ ᠤᠨ ᠢᠶᠠᠨ ᠵᠠᠮ ᠢᠶᠠᠨ ᠬᠥᠭᠡᠭᠡᠵᠡᠢ᠃

7 ᠣᠪᠠᠳᠢᠶ᠎ᠠ ᠵᠠᠮ ᠳᠠᠭᠠᠨ ᠶᠠᠪᠤᠵᠤ ᠪᠠᠢᠭᠠᠳ ᠧᠯᠢᠶ᠎ᠠ ᠲᠠᠢ ᠲᠠᠭᠠᠷᠠᠯᠳᠤᠪᠠ᠃ ᠣᠪᠠᠳᠢᠶ᠎ᠠ ᠲᠡᠭᠦᠨ ᠢ ᠲᠠᠨᠢᠭᠠᠳ ᠨᠢᠭᠤᠷ ᠢᠶᠠᠨ ᠭᠠᠵᠠᠷ ᠲᠤ ᠬᠦᠷᠭᠡᠨ ᠮᠥᠷᠭᠥᠵᠦ᠄ 《ᠡᠵᠡᠨᠲᠡᠨ ᠧᠯᠢᠶ᠎ᠠ ᠲᠠ ᠮᠥᠨ ᠤᠤ︖》 ᠭᠡᠬᠦ ᠳᠦ᠂ 8 ᠧᠯᠢᠶ᠎ᠠ ᠲᠡᠭᠦᠨ ᠳᠦ᠄ 《ᠪᠢ ᠮᠥᠨ ᠪᠠᠢᠨ᠎ᠠ᠃ ᠲᠠ ᠶᠠᠪᠤᠵᠤ᠂ ᠡᠵᠡᠨ ᠳᠡᠭᠡᠨ᠄ 〈ᠧᠯᠢᠶ᠎ᠠ ᠮᠠᠨ ᠤ ᠡ᠊ᠨᠳᠡ ᠪᠠᠢᠨ᠎ᠠ〉 ᠭᠡᠵᠦ ᠬᠡᠯᠡ》 ᠭᠡᠪᠡ᠃ 9 ᠣᠪᠠᠳᠢᠶ᠎ᠠ᠄ 《ᠪᠢ ᠶᠠᠮᠠᠷ ᠨᠢᠭᠦᠯ ᠦᠢᠯᠡᠳᠦᠭᠰᠡᠨ ᠭᠡᠵᠦ ᠲᠠ ᠵᠠᠷᠤᠴᠠ ᠨᠠᠮ᠎ᠠ ᠪᠠᠨ ᠠᠬᠠᠪ ᠤᠨ ᠭᠠᠷ ᠲᠤ ᠥᠭᠴᠦ ᠠᠯᠠᠭᠤᠯᠬᠤ ᠭᠡᠵᠦ ᠪᠠᠢᠨ᠎ᠠ ᠪᠤᠢ︖ 10 ᠲᠠᠨ ᠤ ᠪᠤᠷᠬᠠᠨ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠠᠬᠠᠪ ᠲᠠᠨ ᠢ ᠡᠷᠢᠵᠦ ᠣᠯᠬᠤ ᠪᠠᠷ ᠬᠥᠮᠦᠨ ᠢᠯᠡᠭᠡᠭᠡ ᠦᠭᠡᠢ ᠤᠯᠤᠰ ᠭᠦᠷᠦᠨ ᠭᠡᠵᠦ ᠪᠠᠢᠬᠤ ᠦᠭᠡᠢ᠃ ᠬᠡᠷᠪᠡ᠄ 〈ᠪᠠᠢᠬᠤ ᠦᠭᠡᠢ〉 ᠭᠡᠵᠦ ᠬᠡᠯᠡᠪᠡᠯ᠂ ᠲᠡᠷᠡ ᠤᠯᠤᠰ ᠭᠦᠷᠦᠨ ᠢᠶᠡᠷ ᠲᠠᠨ ᠢ ᠣᠯᠵᠤ ᠴᠢᠳᠠᠭ᠎ᠠ ᠦᠭᠡᠢ ᠭᠡᠳᠡᠭ ᠢ ᠲᠠᠩ᠋ᠭᠠᠷᠢᠭᠯᠠᠭᠤᠯᠳᠠᠭ ᠪᠠᠢᠪᠠ᠃ 11 ᠬᠠᠷᠢᠨ ᠲᠠ ᠣᠳᠣ ᠨᠠᠳᠠ ᠳᠤ᠄ 〈ᠧᠯᠢᠶ᠎ᠠ ᠮᠠᠨ ᠤ ᠡ᠊ᠨᠳᠡ ᠪᠠᠢᠨ᠎ᠠ ᠭᠡᠵᠦ ᠡᠵᠡᠨ ᠳᠡᠭᠡᠨ ᠣᠴᠢᠵᠤ ᠬᠡᠯᠡ〉 ᠭᠡᠬᠦ ᠨᠢ ᠤᠤ︖ 12 ᠪᠢ ᠲᠠᠨ ᠠᠴᠠ ᠰᠠᠯᠪᠠᠯ ᠶᠣᠬᠣᠸᠠ ᠶᠢᠨ ᠰᠦᠨᠡᠰᠦ ᠲᠠᠨ ᠢ ᠮᠢᠨᠦ ᠮᠡᠳᠡᠬᠦ ᠦᠭᠡᠢ ᠭᠠᠵᠠᠷ ᠲᠤ ᠠᠪᠠᠴᠢᠬᠤ ᠪᠣᠯᠣᠨ᠎ᠠ᠃ ᠪᠢ ᠠᠬᠠᠪ ᠲᠤ ᠣᠴᠢᠭᠠᠳ ᠮᠡᠳᠡᠭᠦᠯᠦᠭᠰᠡᠨ ᠴᠤ ᠲᠡᠷᠡ ᠲᠠᠨ ᠢ ᠣᠯᠵᠤ ᠴᠢᠳᠠᠬᠤ ᠦᠭᠡᠢ ᠪᠣᠯ ᠨᠠᠮᠠᠶᠢ ᠠᠯᠠᠨ᠎ᠠ᠃ ᠲᠠᠨ ᠤ ᠵᠠᠷᠤᠴᠠ ᠪᠢ ᠪᠠᠭ᠎ᠠ ᠵᠠᠯᠠᠭᠤ ᠠᠴᠠ ᠪᠠᠨ ᠶᠣᠬᠣᠸᠠ ᠠᠴᠠ ᠡᠮᠢᠶᠡᠨ ᠢᠷᠡᠭᠰᠡᠨ ᠢ ᠮᠢᠨᠢ ᠪᠣᠯᠭᠣᠭᠠᠨ᠎ᠠ ᠤᠤ︖ 13 ᠶᠧᠽᠧᠪᠧᠯ ᠶᠣᠬᠣᠸᠠ ᠶᠢᠨ ᠡᠰᠢ ᠦᠵᠡᠭᠦᠯᠦᠭᠴᠢᠳ ᠢ ᠠᠯᠠᠵᠤ ᠪᠠᠢᠬᠤ ᠳᠤ᠂ ᠶᠠᠭᠤ ᠬᠢᠭᠰᠡᠨ ᠢ ᠮᠢᠨᠢ ᠡᠵᠡᠨᠲᠡᠨ ᠲᠠ ᠰᠣᠨᠣᠰᠣᠭ᠎ᠠ ᠦᠭᠡᠢ ᠭᠡᠵᠢ ᠤᠤ︖ ᠪᠢ ᠶᠣᠬᠣᠸᠠ ᠶᠢᠨ ᠵᠠᠭᠤᠨ ᠡᠰᠢ ᠦᠵᠡᠭᠦᠯᠦᠭᠴᠢ ᠶᠢ ᠲᠠᠪᠢ ᠲᠠᠪᠢ ᠪᠠᠷ ᠨᠢ ᠠᠭᠤᠢ ᠳᠤ ᠨᠢᠭᠤᠵᠤ᠂ ᠲᠡᠳᠡᠨ ᠢ ᠪᠣᠣᠪᠣ ᠤᠰᠤ ᠪᠠᠷ ᠬᠠᠩ᠋ᠭᠠᠵᠤ ᠪᠠᠢᠭᠰᠠᠨ ᠶᠤᠮ᠃ 14 ᠭᠡᠲᠡᠯ᠎ᠡ ᠣᠳᠣ ᠲᠠ᠄ 〈ᠧᠯᠢᠶ᠎ᠠ ᠮᠠᠨ ᠤ ᠡ᠊ᠨᠳᠡ ᠪᠠᠢᠨ᠎ᠠ ᠭᠡᠵᠦ ᠡᠵᠡᠨ ᠳᠡᠭᠡᠨ ᠣᠴᠢᠵᠤ ᠬᠡᠯᠡ ᠭᠡᠬᠦ ᠨᠢ ᠤᠤ︖〉 ᠲᠡᠷᠡ ᠨᠠᠮᠠᠶᠢ ᠠᠯᠠᠨ᠎ᠠ ᠰᠢᠦ ᠳᠠ》 ᠭᠡᠪᠡ᠃ 15 ᠧᠯᠢᠶ᠎ᠠ᠄ 《ᠮᠢᠨᠦ ᠦᠢᠯᠡᠴᠢᠯᠡᠳᠡᠭ᠌ ᠠᠤᠭ᠎ᠠ ᠬᠦᠴᠦᠲᠦ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠪᠢ ᠥᠨᠥᠳᠥᠷ ᠵᠠᠪᠠᠯ ᠠᠬᠠᠪ ᠲᠤ ᠦᠵᠡᠭᠳᠡᠬᠦ ᠪᠣᠯᠣᠨ᠎ᠠ》 ᠭᠡᠪᠡ᠃
 ᠪᠠᠯ ᠤᠨ ᠡᠰᠢ ᠦᠵᠡᠭᠦᠯᠦᠭᠴᠢᠳ ᠢ ᠢᠯᠠᠪᠠ

16 ᠣᠪᠠᠳᠢᠶ᠎ᠠ ᠠᠬᠠᠪ ᠳᠡᠭᠡᠷ᠎ᠡ ᠣᠴᠢᠵᠤ ᠮᠡᠳᠡᠭᠦᠯᠬᠦ ᠳᠦ᠂ ᠠᠬᠠᠪ ᠧᠯᠢᠶ᠎ᠠ ᠲᠠᠢ ᠠᠭᠤᠯᠵᠠᠬᠤ ᠪᠠᠷ ᠢᠷᠡᠭᠰᠡᠨ ᠪᠠᠢᠨ᠎ᠠ᠃ 17 ᠠᠬᠠᠪ ᠧᠯᠢᠶ᠎ᠠ ᠶᠢ ᠬᠠᠷᠠᠮᠠᠭᠴᠠ ᠪᠠᠨ᠄ 《ᠢᠰᠷᠧᠯ ᠢ ᠵᠣᠪᠠᠭᠠᠭᠴᠢ ᠡ᠂ ᠡᠨᠡ ᠴᠢᠨᠢ ᠴᠢ ᠮᠥᠨ ᠤᠤ︖》 ᠭᠡᠰᠡᠨ ᠳᠦ᠂ 18 ᠧᠯᠢᠶ᠎ᠠ᠄ 《ᠪᠢ ᠢᠰᠷᠧᠯ ᠢ ᠵᠣᠪᠠᠭᠠᠵᠤ ᠪᠠᠢᠭ᠎ᠠ ᠪᠢᠰᠢ᠂ ᠬᠠᠷᠢᠨ ᠲᠠ ᠪᠣᠯᠣᠨ ᠲᠠᠨ ᠤ ᠡᠴᠢᠭᠡ ᠶᠢᠨ ᠭᠡᠷ ᠶᠣᠬᠣᠸᠠ ᠶᠢᠨ ᠲᠤᠰᠢᠶᠠᠯ ᠢ ᠣᠭᠣᠷᠣᠨ ᠪᠠᠯ ᠢ ᠳᠠᠭᠠᠨ ᠶᠠᠪᠤᠭᠰᠠᠨ ᠢᠶᠠᠷ ᠢᠶᠠᠨ ᠵᠣᠪᠠᠭᠠᠭᠰᠠᠨ ᠶᠤᠮ᠃ 19 ᠣᠳᠣ ᠲᠠ ᠬᠥᠮᠦᠨ ᠢᠯᠡᠭᠡᠨ ᠶᠧᠽᠧᠪᠧᠯ ᠤᠨ ᠰᠢᠷᠡᠭᠡᠨ ᠳᠦ ᠬᠣᠭᠣᠯᠠᠯᠠᠳᠠᠭ᠂ ᠪᠠᠯ ᠤᠨ ᠳᠥᠷᠪᠡᠨ ᠵᠠᠭᠤ ᠲᠠᠪᠢᠨ ᠡᠰᠢ ᠦᠵᠡᠭᠦᠯᠦᠭᠴᠢ ᠶᠢ ᠠᠱᠧᠷᠠ ᠶᠢᠨ ᠳᠥᠷᠪᠡᠨ ᠵᠠᠭᠤᠨ ᠡᠰᠢ ᠦᠵᠡᠭᠦᠯᠦᠭᠴᠢ ᠲᠠᠢ ᠬᠠᠮᠲᠤ ᠺᠠᠷᠮᠧᠯ ᠠᠭᠤᠯᠠᠨ ᠳᠤ ᠮᠢᠨᠦ ᠡᠮᠦᠨ᠎ᠡ ᠴᠤᠭᠯᠠᠭᠤᠯᠤᠨ᠎ᠠ ᠤᠤ︖》 ᠭᠡᠪᠡ᠃

20 ᠢᠩᠭᠢᠭᠡᠳ ᠠᠬᠠᠪ ᠢᠰᠷᠧᠯ ᠳᠠᠶᠠᠭᠠᠷ ᠮᠡᠳᠡᠭᠡ ᠢᠯᠡᠭᠡᠵᠦ ᠲᠡᠳᠡᠭᠡᠷ ᠡᠰᠢ ᠦᠵᠡᠭᠦᠯᠦᠭᠴᠢᠳ ᠢ ᠺᠠᠷᠮᠧᠯ ᠠᠭᠤᠯᠠᠨ ᠳᠤ ᠴᠤᠭᠯᠠᠭᠤᠯᠤᠯ᠎ᠠ᠃ 21 ᠧᠯᠢᠶ᠎ᠠ ᠴᠤᠭᠯᠠᠷᠠᠭᠰᠠᠨ ᠣᠯᠠᠨ ᠳᠤ ᠣᠢᠷᠠᠲᠤᠨ ᠣᠴᠢᠵᠤ᠄ 《ᠲᠠ ᠨᠠᠷ ᠬᠡᠳᠦᠢ ᠪᠣᠯᠲᠠᠯ᠎ᠠ ᠬᠣᠶᠠᠷ ᠤᠨ ᠬᠣᠭᠣᠷᠣᠨᠳᠣᠬᠢ ᠰᠠᠨᠠᠭ᠎ᠠ ᠪᠠᠷ ᠲᠡᠭᠡᠨᠡᠭᠡᠯᠵᠡᠭᠰᠡᠭᠡᠷ ᠪᠠᠢᠬᠤ ᠶᠤᠮ ᠪᠤᠢ︖ ᠬᠡᠷᠪᠡ ᠶᠣᠬᠣᠸᠠ ᠯᠠ ᠪᠤᠷᠬᠠᠨ ᠮᠥᠨ ᠶᠤᠮ ᠪᠣᠯ ᠲᠡᠭᠦᠨ ᠢ ᠳᠠᠭ᠎ᠠ᠂ ᠪᠠᠯ ᠯᠠ ᠪᠤᠷᠬᠠᠨ ᠮᠥᠨ ᠪᠣᠯ ᠲᠡᠭᠦᠨ ᠢ ᠳᠠᠭ᠎ᠠ》 ᠭᠡᠬᠦ ᠳᠦ᠂ ᠴᠤᠭᠯᠠᠷᠠᠭᠰᠠᠨ ᠣᠯᠠᠨ ᠦᠭᠡ ᠳᠤᠤᠭᠠᠷᠤᠭᠰᠠᠨ ᠦᠭᠡᠢ᠃ 22 ᠲᠡᠭᠡᠭᠡᠳ ᠧᠯᠢᠶ᠎ᠠ ᠴᠤᠭᠯᠠᠷᠠᠭᠰᠠᠨ ᠣᠯᠠᠨ ᠳᠤ᠄ 《ᠶᠣᠬᠣᠸᠠ ᠶᠢᠨ ᠡᠰᠢ ᠦᠵᠡᠭᠦᠯᠦᠭᠴᠢ ᠭᠠᠭᠴᠠᠬᠠᠨ ᠪᠢ ᠦᠯᠡᠳᠡᠭᠰᠡᠨ᠂ ᠬᠠᠷᠢᠨ ᠪᠠᠯ ᠤᠨ ᠡᠰᠢ ᠦᠵᠡᠭᠦᠯᠦᠭᠴᠢ ᠨᠢ ᠳᠥᠷᠪᠡᠨ ᠵᠠᠭᠤ ᠲᠠᠪᠢᠨ ᠬᠥᠮᠦᠨ ᠪᠠᠢᠨ᠎ᠠ᠃ 23 ᠣᠳᠣ ᠨᠠᠰᠢ ᠪᠠᠨ ᠬᠣᠶᠠᠷ ᠪᠤᠬ᠎ᠠ ᠠᠪᠴᠢᠷᠠᠨ᠎ᠠ ᠤᠤ︖ ᠪᠠᠯ ᠤᠨ ᠡᠰᠢ ᠦᠵᠡᠭᠦᠯᠦᠭᠴᠢᠳ ᠨᠢᠭᠡ ᠶᠢ ᠨᠢ ᠰᠢᠯᠢᠵᠦ ᠠᠪᠤᠭᠠᠳ ᠲᠤᠶᠠᠴᠢᠵᠤ᠂ ᠮᠣᠳᠣᠨ ᠲᠦᠯᠡᠭᠡᠨ ᠳᠡᠭᠡᠷ᠎ᠡ ᠲᠠᠯᠪᠢ᠂ ᠬᠠᠷᠢᠨ ᠭᠠᠯ ᠪᠦᠦ ᠠᠰᠠᠭ᠎ᠠ᠃ ᠪᠢ ᠴᠤ ᠨᠥᠭᠥᠭᠡ ᠪᠤᠬ᠎ᠠ ᠶᠢ ᠲᠥᠬᠥᠭᠡᠷᠴᠦ ᠮᠣᠳᠣᠨ ᠲᠦᠯᠡᠭᠡᠨ ᠳᠡᠭᠡᠷ᠎ᠡ ᠲᠠᠯᠪᠢᠨ᠎ᠠ᠂ ᠮᠥᠨ ᠭᠠᠯ ᠠᠰᠠᠭᠠᠬᠤ ᠦᠭᠡᠢ᠃ 24 ᠳᠠᠷᠠᠭ᠎ᠠ ᠨᠢ ᠲᠠ ᠨᠠᠷ ᠥᠪᠡᠷᠰᠡᠳ ᠦᠨ ᠢᠶᠠᠨ ᠪᠤᠷᠬᠠᠨ ᠤ ᠨᠡᠷ᠎ᠡ ᠶᠢ ᠳᠠᠭᠤᠳᠠᠵᠠᠭ᠎ᠠ᠃ ᠪᠢ ᠶᠣᠬᠣᠸᠠ ᠶᠢᠨ ᠢᠶᠠᠨ ᠨᠡᠷ᠎ᠡ ᠶᠢ ᠳᠠᠭᠤᠳᠠᠶ᠎ᠠ᠃ ᠭᠠᠯ ᠢᠶᠠᠷ ᠬᠠᠷᠢᠭᠤ ᠥᠭᠬᠦ ᠪᠤᠷᠬᠠᠨ᠂ ᠲᠡᠷᠡ ᠯᠠ ᠪᠤᠷᠬᠠᠨ ᠮᠥᠨ》 ᠭᠡᠬᠦ ᠳᠦ᠂ ᠠᠷᠠᠳ ᠣᠯᠠᠨ ᠪᠦᠭᠦᠳᠡᠭᠡᠷ᠄ 《ᠡᠨᠡ ᠦᠭᠡ ᠰᠠᠢᠨ ᠪᠠᠢᠨ᠎ᠠ》 ᠭᠡᠵᠡᠭᠡᠪᠡ᠃ 25 ᠧᠯᠢᠶ᠎ᠠ ᠪᠠᠯ ᠤᠨ ᠡᠰᠢ ᠦᠵᠡᠭᠦᠯᠦᠭᠴᠢᠳ ᠲᠤ᠄ 《ᠲᠠ ᠨᠠᠷ ᠣᠯᠠᠭᠤᠯᠠ ᠪᠣᠯᠬᠣᠷ ᠤᠷᠢᠳᠠᠪᠠᠷ ᠦᠬᠡᠷ ᠢᠶᠡᠨ ᠰᠢᠯᠢᠨ ᠠᠪᠴᠤ ᠲᠥᠬᠥᠭᠡᠷᠦᠭᠡᠳ ᠪᠤᠷᠬᠠᠨ ᠤ ᠪᠠᠨ ᠨᠡᠷ᠎ᠡ ᠶᠢ ᠳᠠᠭᠤᠳᠠᠭᠲᠤᠨ᠃ ᠬᠠᠷᠢᠨ ᠭᠠᠯ ᠨᠣᠴᠣᠭᠠᠵᠤ ᠪᠣᠯᠬᠤ ᠦᠭᠡᠢ》 ᠭᠡᠵᠦ ᠬᠡᠯᠡᠪᠡ᠃ 26 ᠢᠩᠭᠢᠭᠡᠳ ᠲᠡᠳᠡ ᠰᠢᠯᠢᠭᠰᠡᠨ ᠪᠤᠬ᠎ᠠ ᠪᠠᠨ ᠠᠪᠴᠤ ᠲᠥᠬᠥᠭᠡᠷᠦᠭᠡᠳ ᠥᠷᠯᠥᠭᠡᠨ ᠡᠴᠡ ᠦᠳᠡ ᠳᠤᠮᠳᠠ ᠪᠣᠯᠲᠠᠯ᠎ᠠ ᠪᠠᠯ ᠤᠨ ᠢᠶᠠᠨ ᠨᠡᠷ᠎ᠡ ᠶᠢ ᠳᠠᠭᠤᠳᠠᠨ᠄ 《ᠪᠠᠯ ᠡ᠂ ᠪᠢᠳᠡᠨ ᠳᠦ ᠬᠠᠷᠢᠭᠤᠯᠵᠤ ᠥᠭᠭᠥᠭᠡᠴᠢ》 ᠭᠡᠭᠰᠡᠭᠡᠷ ᠪᠠᠢᠭᠰᠠᠨ ᠪᠣᠯᠪᠠᠴᠤ ᠳᠠᠭᠤ ᠴᠢᠮᠡᠭᠡ ᠦᠭᠡᠢ᠂ ᠬᠠᠷᠢᠭᠤ ᠠᠯᠠᠭ᠎ᠠ ᠪᠠᠢᠪᠠ᠃ ᠪᠠᠯ ᠤᠨ ᠡᠰᠢ ᠦᠵᠡᠭᠦᠯᠦᠭᠴᠢᠳ ᠬᠢᠭᠰᠡᠨ ᠲᠠᠬᠢᠯ ᠤᠨ ᠰᠢᠷᠡᠭᠡ ᠪᠡᠨ ᠲᠣᠭᠣᠷᠢᠨ ᠳᠡᠭᠡᠩ ᠳᠣᠭᠣᠩ ᠪᠥᠵᠢᠭᠯᠡᠪᠡ᠃ 27 ᠦᠳᠡ ᠳᠤᠮᠳᠠ ᠪᠣᠯᠬᠤ ᠳᠤ᠂ ᠧᠯᠢᠶ᠎ᠠ ᠲᠡᠳᠡᠨ ᠢ ᠶᠥᠭᠡᠳᠡᠨ᠄ 《ᠴᠢᠩᠭ᠍᠎ᠠ ᠪᠠᠷ ᠳᠠᠭᠤᠳᠠ᠂ ᠲᠡᠷᠡ ᠪᠤᠷᠬᠠᠨ ᠴᠢᠨᠢ ᠪᠢᠰᠢᠯᠭᠠᠵᠤ ᠪᠠᠢᠭ᠎ᠠ᠂ ᠡᠰᠡᠪᠡᠯ ᠪᠡᠶ᠎ᠡ ᠵᠠᠰᠠᠵᠤ ᠪᠠᠢᠭ᠎ᠠ᠂ ᠡᠰᠡᠪᠡᠯ ᠠᠶᠠᠯᠠᠯ ᠢᠶᠠᠷ ᠶᠠᠪᠤᠴᠢᠬᠠᠭᠠᠳ ᠪᠠᠢᠭ᠎ᠠ᠂ ᠠᠯᠢ ᠡᠰᠡᠪᠡᠯ ᠤᠨᠲᠠᠴᠢᠬᠠᠭᠠᠳ ᠰᠡᠷᠢᠭᠡᠬᠦ ᠬᠡᠷᠡᠭ ᠲᠡᠢ ᠪᠣᠯᠵᠤ ᠪᠠᠢᠭ᠎ᠠ ᠳᠠ》 ᠭᠡᠬᠦ ᠳᠦ᠂ 28 ᠲᠡᠳᠡ ᠴᠢᠩᠭ᠍᠎ᠠ ᠪᠠᠷ ᠳᠠᠭᠤᠳᠠᠨ ᠵᠠᠩᠰᠢᠯ ᠶᠣᠰᠣᠭᠠᠷ ᠢᠶᠠᠨ ᠢᠯᠳᠦ᠂ ᠵᠢᠳᠠ ᠪᠠᠷ ᠥᠪᠡᠷᠰᠡᠳ ᠢ ᠪᠠᠨ ᠵᠦᠰᠦᠵᠦ ᠴᠢᠰᠤ ᠪᠠᠨ ᠤᠷᠤᠰᠬᠠᠪᠠ᠃ 29 ᠦᠳᠡ ᠳᠤᠮᠳᠠ ᠥᠩᠭᠡᠷᠡᠵᠦ ᠣᠷᠣᠶ ᠶᠢᠨ ᠲᠠᠬᠢᠯ ᠡᠷᠭᠦᠬᠦ ᠴᠠᠭ ᠪᠣᠯᠲᠠᠯ᠎ᠠ ᠲᠡᠳᠡ ᠬᠠᠰᠬᠢᠷᠤᠨ ᠤᠯᠠᠩ᠋ᠭᠠᠰᠤᠭᠰᠠᠭᠠᠷ ᠪᠠᠢᠭᠰᠠᠨ ᠪᠣᠯᠪᠠᠴᠤ ᠳᠠᠭᠤ ᠴᠢᠮᠡᠭᠡ ᠦᠭᠡᠢ᠂ ᠬᠠᠷᠢᠭᠤ ᠦᠭᠡᠢ᠂ ᠶᠠᠮᠠᠷ ᠴᠤ ᠲᠤᠰᠬᠠᠯ ᠦᠭᠡᠢ ᠪᠠᠢᠯ᠎ᠠ᠃

30 ᠧᠯᠢᠶ᠎ᠠ ᠪᠦᠬᠦ ᠠᠷᠠᠳ ᠲᠦᠮᠡᠨ ᠳᠦ᠄ 《ᠨᠠᠳᠠ ᠤᠷᠤᠭᠤ ᠣᠢᠷᠠᠲᠤᠨ ᠢᠷᠡᠭᠲᠦᠨ》 ᠭᠡᠪᠡ᠃ ᠠᠷᠠᠳ ᠣᠯᠠᠨ ᠪᠦᠭᠦᠳᠡᠭᠡᠷ ᠢᠶᠡᠨ ᠲᠡᠭᠦᠨ ᠤᠷᠤᠭᠤ ᠣᠢᠷᠠᠲᠤᠨ ᠢᠷᠡᠭᠰᠡᠨ ᠳᠦ᠂ ᠲᠡᠷᠡ ᠪᠡᠷ ᠨᠤᠷᠠᠭᠠᠳ ᠪᠠᠢᠭᠰᠠᠨ ᠶᠣᠬᠣᠸᠠ ᠶᠢᠨ ᠲᠠᠬᠢᠯ ᠤᠨ ᠰᠢᠷᠡᠭᠡ ᠶᠢ ᠰᠡᠷᠭᠦᠭᠡᠵᠦ᠂ 31 ᠶᠠᠺᠣᠪ ᠤᠨ ᠬᠥᠪᠡᠭᠦᠳ ᠡᠴᠡ ᠭᠠᠷᠤᠭᠰᠠᠨ ᠣᠪᠣᠭ ᠤᠨ ᠲᠣᠭ᠎ᠠ ᠪᠠᠷ ᠠᠷᠪᠠᠨ ᠬᠣᠶᠠᠷ ᠴᠢᠯᠠᠭᠤ ᠠᠪᠴᠠᠢ᠃ ᠤᠤᠯ ᠨᠢ ᠶᠣᠬᠣᠸᠠ ᠶᠢᠨ ᠦᠭᠡ ᠶᠠᠺᠣᠪ ᠲᠤ ᠢᠷᠡᠵᠦ᠂ 《ᠴᠢᠨᠦ ᠨᠡᠷ᠎ᠡ ᠨᠢ ᠢᠰᠷᠧᠯ ᠪᠣᠯᠣᠨ᠎ᠠ》 ᠭᠡᠵᠦ ᠠᠢᠯᠠᠳᠤᠭᠰᠠᠨ ᠪᠢᠯᠡ᠃ 32 ᠧᠯᠢᠶ᠎ᠠ ᠡᠳᠡᠭᠡᠷ ᠴᠢᠯᠠᠭᠤ ᠪᠠᠷ ᠶᠣᠬᠣᠸᠠ ᠶᠢᠨ ᠨᠡᠷ᠎ᠡ ᠳᠦ ᠵᠣᠷᠢᠭᠤᠯᠤᠨ ᠲᠠᠬᠢᠯ ᠤᠨ ᠰᠢᠷᠡᠭᠡ ᠪᠣᠰᠬᠠᠵᠤ᠂ ᠲᠡᠭᠦᠨ ᠢ ᠪᠠᠨ ᠲᠣᠭᠣᠷᠢᠭᠤᠯᠤᠨ ᠬᠣᠶᠠᠷ ᠬᠡᠮᠵᠢᠭᠦᠷ 26 ᠲᠠᠷᠢᠶ᠎ᠠ ᠪᠠᠭᠲᠠᠬᠤ ᠥᠷᠭᠡᠨ ᠨᠦᠬᠡ ᠤᠬᠤᠪᠠ᠃ 33 ᠲᠡᠭᠡᠭᠡᠳ ᠮᠣᠳᠣ ᠪᠠᠨ ᠵᠡᠷᠭᠡᠯᠡᠨ ᠥᠷᠥᠵᠦ᠂ ᠳᠡᠭᠡᠷ᠎ᠡ ᠨᠢ ᠪᠤᠬ᠎ᠠ ᠶᠢᠨ ᠲᠤᠶᠠᠴᠢᠭᠰᠠᠨ ᠮᠢᠬ᠎ᠠ ᠶᠢ ᠲᠠᠯᠪᠢᠭᠠᠳ᠄ 《ᠳᠥᠷᠪᠡᠨ ᠳᠣᠩᠪᠣ ᠳᠤ ᠤᠰᠤ ᠳᠦᠭᠦᠷᠭᠡᠨ ᠠᠪᠴᠢᠷᠠᠵᠤ᠂ ᠰᠢᠲᠠᠭᠠᠯᠭᠠᠲᠤ ᠲᠠᠬᠢᠯ ᠪᠣᠯᠣᠨ ᠮᠣᠳᠣᠨ ᠳᠡᠭᠡᠷ᠎ᠡ ᠠᠰᠬ᠎ᠠ》 ᠭᠡᠪᠡ᠃ 34 ᠳᠠᠷᠠᠭ᠎ᠠ ᠨᠢ ᠲᠡᠷᠡ᠄ 《ᠳᠠᠬᠢᠨ ᠤᠰᠤ ᠬᠢ》 ᠭᠡᠬᠦ ᠳᠦ᠂ ᠲᠡᠳᠡ ᠬᠣᠶᠠᠳᠠᠬᠢ ᠤᠳᠠᠭ᠎ᠠ ᠪᠠᠨ ᠤᠰᠤ ᠬᠢᠪᠡ᠃ ᠲᠡᠷᠡ᠄ 《ᠳᠠᠬᠢᠨ ᠬᠢ》 ᠭᠡᠰᠡᠨ ᠳᠦ᠂ ᠲᠡᠳᠡ ᠭᠤᠷᠪᠠᠳᠠᠬᠢ ᠤᠳᠠᠭ᠎ᠠ ᠪᠠᠨ ᠤᠰᠤ ᠬᠢᠵᠡᠢ᠃ 35 ᠤᠰᠤ ᠲᠠᠬᠢᠯ ᠤᠨ ᠰᠢᠷᠡᠭᠡ ᠶᠢ ᠲᠣᠭᠣᠷᠢᠨ ᠪᠢᠯᠬᠠᠵᠤ ᠠᠰᠬᠠᠷᠠᠭᠰᠠᠨ ᠲᠡᠳᠦᠢ ᠦᠭᠡᠢ᠂ ᠨᠦᠬᠡ ᠶᠢ ᠴᠤ ᠳᠦᠭᠦᠷᠭᠡᠪᠡ᠃

36 ᠣᠷᠣᠶ ᠶᠢᠨ ᠲᠠᠬᠢᠯ ᠡᠷᠭᠦᠬᠦ ᠴᠠᠭ ᠪᠣᠯᠬᠤ ᠳᠤ᠂ ᠡᠰᠢ ᠦᠵᠡᠭᠦᠯᠦᠭᠴᠢ ᠧᠯᠢᠶ᠎ᠠ ᠤᠷᠤᠭᠰᠢ ᠪᠠᠨ ᠭᠠᠷᠴᠤ ᠳᠠᠭᠠᠳᠬᠠᠨ᠄ 《ᠠᠪᠷᠠᠬᠠᠮ᠂ ᠢᠰᠠᠺ᠂ ᠢᠰᠷᠧᠯ ᠤᠨ ᠪᠤᠷᠬᠠᠨ ᠶᠣᠬᠣᠸᠠ ᠮᠢᠨᠢ ᠡ᠂ ᠲᠠ ᠯᠠ ᠢᠰᠷᠧᠯ ᠤᠨ ᠪᠤᠷᠬᠠᠨ ᠮᠥᠨ ᠪᠥᠭᠡᠳ ᠪᠢ ᠲᠠᠨ ᠤ ᠵᠠᠷᠤᠴᠠ ᠭᠡᠳᠡᠭ ᠢ᠂ ᠮᠥᠨ ᠡᠨᠡ ᠪᠦᠬᠦ ᠵᠦᠢᠯ ᠢ ᠪᠢ ᠲᠠᠨ ᠤ ᠦᠭᠡ ᠪᠡᠷ ᠯᠠ ᠪᠡᠶᠡᠯᠡᠭᠦᠯᠦᠭᠰᠡᠨ ᠢ ᠥᠨᠥᠳᠥᠷ ᠮᠡᠳᠡᠭᠦᠯᠵᠦ ᠬᠠᠢᠷᠠᠯᠠ᠃ 37 ᠨᠠᠳᠠ ᠳᠤ ᠬᠠᠷᠢᠭᠤᠯᠤᠭᠠᠴᠢ᠂ ᠶᠣᠬᠣᠸᠠ ᠡ᠂ ᠬᠠᠷᠢᠭᠤᠯᠤᠭᠠᠴᠢ᠃ ᠶᠣᠬᠣᠸᠠ ᠮᠢᠨᠢ᠂ ᠲᠡᠢᠨ ᠬᠦ ᠲᠠ ᠯᠠ ᠪᠤᠷᠬᠠᠨ ᠮᠥᠨ ᠭᠡᠳᠡᠭ ᠢᠶᠡᠨ᠂ ᠪᠠᠰᠠ ᠲᠡᠳᠡᠨ ᠦ ᠵᠢᠷᠦᠬᠡ ᠰᠡᠳᠬᠢᠯ ᠢ ᠡᠷᠭᠢᠭᠦᠯᠵᠦ ᠪᠠᠢᠭ᠎ᠠ ᠪᠠᠨ ᠡᠨᠡ ᠠᠷᠠᠳ ᠲᠦᠮᠡᠨ ᠳᠦ ᠮᠡᠳᠡᠭᠦᠯᠦᠭᠡᠴᠢ》 ᠭᠡᠪᠡ᠃ 38 ᠲᠡᠭᠡᠲᠡᠯ᠎ᠡ ᠶᠣᠬᠣᠸᠠ ᠶᠢᠨ ᠭᠠᠯ ᠪᠠᠭᠤᠨ ᠢᠷᠡᠵᠦ᠂ ᠰᠢᠲᠠᠭᠠᠯᠭᠠᠲᠤ ᠲᠠᠬᠢᠯ᠂ ᠲᠦᠯᠡᠭᠡ᠂ ᠴᠢᠯᠠᠭᠤ ᠪᠣᠯᠣᠨ ᠰᠢᠷᠣᠢ ᠶᠢ ᠰᠢᠲᠠᠭᠠᠨ᠂ ᠨᠦᠬᠡᠨ ᠳᠠᠬᠢ ᠤᠰᠤ ᠶᠢ ᠰᠢᠷᠭᠢᠭᠡᠪᠡ᠃ 39 ᠡᠭᠦᠨ ᠢ ᠬᠠᠷᠠᠭᠠᠳ ᠠᠷᠠᠳ ᠲᠦᠮᠡᠨ ᠪᠦᠭᠦᠳᠡᠭᠡᠷ ᠢᠶᠡᠨ ᠨᠢᠭᠤᠷ ᠢᠶᠠᠨ ᠭᠠᠵᠠᠷ ᠲᠤ ᠬᠦᠷᠭᠡᠨ ᠮᠥᠷᠭᠥᠵᠦ᠄ 《ᠶᠣᠬᠣᠸᠠ ᠯᠠ ᠪᠤᠷᠬᠠᠨ ᠮᠥᠨ᠂ ᠶᠣᠬᠣᠸᠠ ᠯᠠ ᠪᠤᠷᠬᠠᠨ ᠮᠥᠨ》 ᠭᠡᠵᠡᠭᠡᠪᠡ᠃ 40 ᠧᠯᠢᠶ᠎ᠠ ᠲᠡᠳᠡᠨ ᠳᠦ᠄ 《ᠪᠠᠯ ᠤᠨ ᠡᠰᠢ ᠦᠵᠡᠭᠦᠯᠦᠭᠴᠢᠳ ᠢ ᠪᠠᠷᠢᠭᠲᠤᠨ᠃ ᠨᠢᠭᠡ ᠶᠢ ᠨᠢ ᠴᠤ ᠪᠦᠦ ᠳᠤᠲᠠᠭᠠᠯᠭ᠎ᠠ》 ᠭᠡᠪᠡ᠃ ᠠᠷᠠᠳ ᠲᠦᠮᠡᠨ ᠲᠡᠳᠡᠨ ᠢ ᠪᠠᠷᠢᠵᠤ ᠠᠪᠤᠭᠰᠠᠨ ᠳᠤ᠂ ᠧᠯᠢᠶ᠎ᠠ ᠲᠡᠳᠡᠨ ᠢ ᠺᠢᠱᠣᠨ ᠭᠣᠷᠣᠬᠠᠨ ᠳᠤ ᠠᠪᠠᠴᠢᠵᠤ᠂ ᠲᠡᠨᠳᠡ ᠲᠡᠳᠡᠨ ᠢ ᠰᠥᠨᠥᠭᠡᠪᠡ᠃

41 ᠧᠯᠢᠶ᠎ᠠ ᠠᠬᠠᠪ ᠲᠤ᠄ 《ᠠᠭᠠᠳᠠᠷ ᠪᠣᠷᠣᠭᠠᠨ ᠤ ᠴᠢᠮᠡᠭᠡ ᠭᠠᠷᠴᠤ ᠪᠠᠢᠨ᠎ᠠ᠃ ᠲᠠ ᠳᠡᠭᠡᠭᠰᠢ ᠪᠠᠨ ᠭᠠᠷᠤᠭᠠᠳ ᠢᠳᠡᠵᠦ ᠤᠤᠭᠤᠭᠠᠷᠠᠢ》 ᠭᠡᠰᠡᠨ ᠳᠦ᠂ 42 ᠠᠬᠠᠪ ᠢᠳᠡᠵᠦ ᠤᠤᠭᠤᠬᠤ ᠪᠠᠷ ᠳᠡᠭᠡᠭᠰᠢ ᠭᠠᠷᠤᠯ᠎ᠠ᠃ ᠧᠯᠢᠶ᠎ᠠ ᠺᠠᠷᠮᠧᠯ ᠤᠨ ᠣᠷᠣᠢ ᠳᠤ ᠭᠠᠷᠤᠭᠠᠳ ᠭᠠᠵᠠᠷ ᠳᠡᠭᠡᠷ᠎ᠡ ᠪᠥᠬᠥᠢᠨ ᠲᠣᠯᠣᠭᠠᠢ ᠪᠠᠨ ᠡᠪᠦᠳᠦᠭ ᠦᠨ ᠢᠶᠠᠨ ᠬᠣᠭᠣᠷᠣᠨᠳᠣ ᠤᠨᠵᠢᠢᠭᠤᠯᠤᠭᠠᠳ 43 ᠵᠠᠷᠤᠴᠠ ᠳᠠᠭᠠᠨ᠄ 《ᠳᠡᠭᠡᠭᠰᠢ ᠭᠠᠷᠤᠭᠠᠳ ᠳᠠᠯᠠᠢ ᠤᠷᠤᠭᠤ ᠬᠠᠷᠠ》 ᠭᠡᠵᠦ ᠬᠡᠯᠡᠪᠡ᠃ ᠵᠠᠷᠤᠴᠠ ᠨᠢ ᠳᠡᠭᠡᠭᠰᠢ ᠭᠠᠷᠤᠨ ᠬᠠᠷᠠᠴᠢᠬᠠᠭᠠᠳ᠄ 《ᠶᠠᠭᠤ ᠴᠤ ᠠᠯᠠᠭ᠎ᠠ》 ᠭᠡᠰᠡᠨ ᠳᠦ᠂ ᠧᠯᠢᠶ᠎ᠠ᠄ 《ᠳᠠᠬᠢᠭᠠᠳ ᠶᠠᠪᠤ》 ᠭᠡᠵᠦ ᠲᠤᠰᠢᠶᠠᠨ᠂ ᠡᠨᠡ ᠮᠡᠲᠦ ᠳᠣᠯᠣᠭᠠᠨ ᠤᠳᠠᠭ᠎ᠠ ᠪᠣᠯᠪᠠ᠃ 44 ᠳᠣᠯᠣᠳᠠᠬᠢ ᠤᠳᠠᠭ᠎ᠠ ᠳᠤ ᠵᠠᠷᠤᠴᠠ ᠨᠢ᠄ 《ᠬᠠᠷᠠᠭᠠᠴᠢ᠂ ᠬᠥᠮᠦᠨ ᠦ ᠠᠯᠠᠭᠠᠨ ᠴᠢᠨᠡᠭᠡ ᠵᠢᠵᠢᠭᠬᠡᠨ ᠡᠭᠦᠯᠡ ᠳᠠᠯᠠᠢ ᠠᠴᠠ ᠭᠠᠷᠴᠤ ᠪᠠᠢᠨ᠎ᠠ》 ᠭᠡᠬᠦ ᠳᠦ᠂ ᠧᠯᠢᠶ᠎ᠠ᠄ 《ᠳᠡᠭᠡᠭᠰᠢ ᠭᠠᠷᠴᠤ᠂ ᠠᠬᠠᠪ ᠲᠤ᠄ 〈ᠪᠣᠷᠣᠭᠠᠨ ᠳᠤ ᠰᠠᠭᠠᠲᠠᠬᠤ ᠦᠭᠡᠢ ᠶᠢᠨ ᠲᠤᠯᠠᠳᠠ ᠲᠡᠷᠭᠡ ᠪᠡᠨ ᠪᠡᠯᠡᠳᠬᠡᠨ ᠶᠠᠪᠤᠭᠲᠤᠨ〉 ᠭᠡᠵᠦ ᠬᠡᠯᠡ》 ᠭᠡᠯ᠎ᠡ᠃ 45 ᠤᠳᠠᠵᠤ ᠲᠦᠳᠡᠯ ᠦᠭᠡᠢ ᠡᠭᠦᠯᠡ ᠰᠠᠯᠬᠢ ᠪᠠᠷ ᠲᠩᠷᠢ ᠬᠠᠷᠠᠩ᠋ᠭᠤᠢᠯᠠᠵᠤ᠂ ᠶᠡᠬᠡ ᠪᠣᠷᠣᠭᠠᠨ ᠣᠷᠣᠯ᠎ᠠ᠃ ᠠᠬᠠᠪ ᠲᠡᠷᠭᠡᠨ ᠳᠡᠭᠡᠨ ᠰᠠᠭᠤᠵᠤ ᠶᠧᠽᠷᠧᠯ ᠤᠷᠤᠭᠤ ᠶᠠᠪᠤᠵᠠᠢ᠃ 46 ᠶᠣᠬᠣᠸᠠ ᠶᠢᠨ ᠬᠦᠴᠦ 27 ᠧᠯᠢᠶ᠎ᠠ ᠳᠡᠭᠡᠷ᠎ᠡ ᠪᠠᠭᠤᠬᠤ ᠳᠤ᠂ ᠲᠡᠷᠡ ᠬᠣᠷᠮᠣᠢ ᠪᠠᠨ ᠰᠢᠭᠤᠵᠤ ᠪᠦᠰᠡᠯᠡᠭᠡᠳ ᠶᠧᠽᠷᠧᠯ ᠬᠦᠷᠲᠡᠯ᠎ᠡ ᠠᠬᠠᠪ ᠤᠨ ᠡᠮᠦᠨ᠎ᠡ ᠲᠦᠷᠦᠭᠦᠯᠡᠨ ᠭᠦᠶᠦᠭᠰᠡᠭᠡᠷ ᠪᠠᠢᠪᠠ᠃