1 2 3 4 5 6 7 8 9 10 11 12 13 14 15 16 17 18 19 20 21 22


ᠬᠠᠭᠠᠳ ᠤᠨ ᠳᠡᠭᠡᠳᠦ ᠠᠷᠪᠠ ᠶᠢᠰᠦ
 ᠧᠯᠢᠶ᠎ᠠ ᠬᠣᠷᠧᠪ ᠥᠭᠡᠳᠡ ᠵᠢᠭᠤᠲᠠᠪᠠ

1 ᠠᠬᠠᠪ ᠧᠯᠢᠶ᠎ᠠ ᠶᠢᠨ ᠦᠢᠯᠡᠳᠦᠭᠰᠡᠨ ᠪᠦᠬᠦᠨ ᠦ ᠲᠤᠬᠠᠢ᠂ ᠲᠡᠳᠡᠭᠡᠷ ᠡᠰᠢ ᠦᠵᠡᠭᠦᠯᠦᠭᠴᠢ ᠶᠢ ᠨᠢ ᠢᠯᠳᠦ ᠪᠡᠷ ᠰᠥᠨᠥᠭᠡᠭᠰᠡᠨ ᠦ ᠲᠤᠬᠠᠢ ᠶᠧᠽᠧᠪᠧᠯ ᠳᠤ ᠳᠤᠭᠤᠯᠭᠠᠭᠰᠠᠨ ᠳᠤ᠂ 2 ᠶᠧᠽᠧᠪᠧᠯ ᠧᠯᠢᠶ᠎ᠠ ᠳᠤ ᠬᠥᠮᠦᠨ ᠢᠯᠡᠭᠡᠨ᠄ 《ᠬᠡᠷᠪᠡ ᠪᠢ ᠮᠠᠷᠭᠠᠰᠢ ᠶᠢᠨ ᠡᠨᠡ ᠴᠠᠭ ᠢᠶᠠᠷ ᠴᠢᠨᠦ ᠠᠮᠢ ᠶᠢ ᠲᠡᠳᠡᠭᠡᠷ ᠡᠰᠢ ᠦᠵᠡᠭᠦᠯᠦᠭᠴᠢ ᠶᠢᠨ ᠠᠮᠢ ᠰᠢᠭ᠋ ᠪᠣᠯᠭᠠᠬᠤ ᠦᠭᠡᠢ ᠪᠣᠯ᠂ ᠪᠤᠷᠬᠠᠳ ᠨᠠᠮᠠᠶᠢ ᠬᠠᠲᠠᠭᠤ ᠰᠢᠳᠬᠡᠬᠦ ᠪᠣᠯᠲᠤᠭᠠᠢ》 ᠭᠡᠵᠦ ᠬᠡᠯᠡᠭᠦᠯᠵᠡᠢ᠃ 3 ᠧᠯᠢᠶ᠎ᠠ ᠠᠶᠤᠪᠠ᠃ ᠲᠡᠷᠡ ᠪᠣᠰᠴᠤ ᠠᠮᠢ ᠪᠠᠨ ᠠᠪᠤᠷᠠᠬᠤ ᠪᠠᠷ ᠵᠢᠭᠤᠲᠠᠨ ᠶᠦᠳᠠ ᠨᠤᠲᠤᠭ ᠤᠨ ᠪᠧᠷᠣᠲ ᠱᠧᠪᠠ ᠳᠤ ᠬᠦᠷᠦᠭᠡᠳ ᠲᠡᠨᠳᠡ ᠵᠠᠷᠤᠴᠠ ᠪᠠᠨ ᠦᠯᠡᠳᠡᠭᠡᠵᠦ᠂ 4 ᠥᠪᠡᠷ ᠢᠶᠡᠨ ᠴᠥᠯ ᠳᠤ ᠣᠷᠣᠭᠠᠳ ᠨᠢᠭᠡ ᠡᠳᠦᠷ ᠵᠠᠮ ᠬᠥᠭᠡᠭᠡᠵᠡᠢ᠃ ᠲᠡᠭᠡᠭᠡᠳ ᠨᠢᠭᠡ ᠠᠷᠴᠠᠨ ᠮᠣᠳᠣᠨ ᠤ ᠳᠣᠣᠷ᠎ᠠ ᠰᠠᠭᠤᠭᠠᠳ ᠠᠮᠢ ᠲᠠᠰᠤᠷᠠᠬᠤ ᠶᠢ ᠬᠦᠰᠡᠮᠵᠢᠯᠡᠨ᠄ 《ᠣᠳᠣ ᠪᠣᠯᠣᠯ᠎ᠠ᠃ ᠶᠣᠬᠣᠸᠠ ᠮᠢᠨᠢ᠂ ᠮᠢᠨᠦ ᠠᠮᠢ ᠶᠢ ᠣᠳᠣ ᠠᠪᠤᠭᠠᠴᠢ᠃ ᠪᠢ ᠡᠴᠢᠭᠡ ᠡᠪᠦᠭᠡᠳ ᠡᠴᠡ ᠪᠡᠨ ᠳᠡᠭᠡᠷᠡᠳᠡᠬᠦ ᠶᠠᠭᠤᠮ᠎ᠠ ᠦᠭᠡᠢ》 ᠭᠡᠵᠡᠢ᠃ 5 ᠲᠡᠭᠦᠨ ᠢ ᠠᠷᠴᠠᠨ ᠮᠣᠳᠣᠨ ᠤ ᠳᠣᠣᠷ᠎ᠠ ᠬᠡᠪᠲᠡᠭᠡᠳ ᠤᠨᠲᠠᠵᠤ ᠪᠠᠢᠲᠠᠯ᠎ᠠ ᠨᠢᠭᠡᠨ ᠲᠩᠷᠢ ᠡᠯᠴᠢ ᠲᠡᠭᠦᠨ ᠢ ᠳᠠᠪᠰᠢᠨ ᠪᠠᠢᠵᠤ᠄ 《ᠪᠣᠰᠣᠭᠠᠳ ᠢᠳᠡ︕》 ᠭᠡᠵᠡᠢ᠃ 6 ᠧᠯᠢᠶ᠎ᠠ ᠦᠵᠡᠬᠦ ᠳᠦ᠂ ᠲᠡᠭᠦᠨ ᠦ ᠲᠣᠯᠣᠭᠠᠢ ᠶᠢᠨ ᠬᠠᠪᠢ ᠳᠤ ᠬᠠᠯᠠᠭᠤᠨ ᠴᠢᠯᠠᠭᠤᠨ ᠳᠡᠭᠡᠷ᠎ᠡ ᠵᠢᠩᠨᠡᠭᠰᠡᠨ ᠪᠣᠭᠣᠷᠰᠣᠭ ᠪᠣᠯᠣᠨ ᠸᠠᠭᠠᠷ ᠲᠠᠢ ᠤᠰᠤ ᠪᠠᠢᠵᠠᠢ᠃ ᠲᠡᠷᠡ ᠢᠳᠡᠵᠦ ᠤᠤᠭᠤᠴᠢᠬᠠᠭᠠᠳ ᠳᠠᠬᠢᠭᠠᠳ ᠤᠨᠲᠠᠪᠠ᠃ 7 ᠶᠣᠬᠣᠸᠠ ᠶᠢᠨ ᠲᠩᠷᠢ ᠡᠯᠴᠢ ᠬᠣᠶᠠᠳᠠᠬᠢ ᠤᠳᠠᠭ᠎ᠠ ᠪᠠᠨ ᠢᠷᠡᠭᠡᠳ ᠲᠡᠭᠦᠨ ᠢ ᠳᠠᠪᠰᠢᠵᠤ᠄ 《ᠪᠣᠰᠣᠭᠠᠳ ᠢᠳᠡᠵᠦ ᠠᠪ᠂ ᠠᠶᠠᠨ ᠵᠠᠮ ᠴᠢᠨᠢ ᠬᠣᠯᠠ ᠰᠢᠦ》 ᠭᠡᠰᠡᠨ ᠳᠦ᠂ 8 ᠲᠡᠷᠡ ᠪᠡᠷ ᠪᠣᠰᠣᠭᠠᠳ᠂ ᠢᠳᠡᠵᠦ ᠤᠤᠭᠤᠯ᠎ᠠ᠃ ᠲᠡᠷᠡ ᠬᠣᠭᠣᠯᠠᠨ ᠤ ᠬᠦᠴᠦ ᠪᠡᠷ ᠳᠥᠴᠢᠨ ᠡᠳᠦᠷ᠂ ᠳᠥᠴᠢᠨ ᠰᠥᠨᠢ ᠶᠠᠪᠤᠵᠤ᠂ ᠪᠤᠷᠬᠠᠨ ᠤ ᠠᠭᠤᠯᠠ ᠪᠣᠯᠬᠤ ᠬᠣᠷᠧᠪ ᠲᠤ ᠬᠦᠷᠦᠭᠰᠡᠨ ᠪᠠᠢᠨ᠎ᠠ᠃ 9 ᠧᠯᠢᠶ᠎ᠠ ᠠᠭᠤᠢ ᠳᠤ ᠣᠷᠣᠵᠤ ᠲᠡᠨᠳᠡ ᠬᠣᠨᠣᠭ ᠥᠩᠭᠡᠷᠡᠭᠡᠪᠡ᠃
 ᠶᠣᠬᠣᠸᠠ ᠧᠯᠢᠶ᠎ᠠ ᠲᠠᠢ ᠶᠠᠷᠢᠪᠠ

10 ᠧᠯᠢᠶ᠎ᠠ᠄ 《ᠪᠢ ᠠᠤᠭ᠎ᠠ ᠬᠦᠴᠦᠲᠦ ᠪᠤᠷᠬᠠᠨ ᠶᠣᠬᠣᠸᠠ ᠶᠢᠨ ᠲᠥᠯᠥᠭᠡ ᠬᠢᠴᠢᠶᠡᠨ ᠵᠢᠳᠬᠦᠭᠰᠡᠨ 28  ᠤ ᠤᠴᠢᠷ ᠠᠴᠠ ᠶᠤᠮ᠃ ᠢᠰᠷᠧᠯᠴᠦᠳ ᠲᠠᠨ ᠤ ᠭᠡᠷ᠎ᠡ ᠶᠢ ᠤᠮᠠᠷᠲᠠᠵᠤ᠂ ᠲᠠᠨ ᠤ ᠲᠠᠬᠢᠯ ᠤᠨ ᠰᠢᠷᠡᠭᠡ ᠨᠦᠭᠦᠳ ᠢ ᠨᠤᠷᠠᠭᠠᠨ᠂ ᠲᠠᠨ ᠤ ᠡᠰᠢ ᠦᠵᠡᠭᠦᠯᠦᠭᠴᠢᠳ ᠢ ᠢᠯᠳᠦ ᠪᠡᠷ ᠰᠥᠨᠥᠭᠡᠵᠦ ᠭᠠᠭᠴᠠᠬᠠᠨ ᠪᠢ ᠦᠯᠡᠳᠡᠭᠰᠡᠨ᠂ ᠲᠡᠳᠡ ᠮᠢᠨᠦ ᠠᠮᠢ ᠶᠢ ᠴᠤ ᠬᠥᠨᠥᠭᠡᠬᠦ ᠭᠡᠵᠦ ᠨᠠᠮᠠᠶᠢ ᠬᠠᠢᠵᠤ ᠪᠠᠢᠨ᠎ᠠ》 ᠭᠡᠪᠡ᠃

11 ᠶᠣᠬᠣᠸᠠ᠄ 《ᠴᠢ ᠡ᠊ᠨᠳᠡ ᠡᠴᠡ ᠭᠠᠷᠴᠤ᠂ ᠠᠭᠤᠯᠠᠨ ᠳᠡᠭᠡᠷ᠎ᠡ ᠶᠣᠬᠣᠸᠠ ᠶᠢᠨ ᠡᠮᠦᠨ᠎ᠡ ᠵᠣᠭᠰᠣᠭᠲᠤᠨ》 ᠭᠡᠵᠦ ᠠᠢᠯᠠᠳᠤᠯ᠎ᠠ᠃ ᠲᠡᠭᠡᠲᠡᠯ᠎ᠡ ᠶᠣᠬᠣᠸᠠ ᠥᠩᠭᠡᠷᠡᠵᠦ ᠪᠠᠢᠪᠠ᠃ ᠠᠰᠤᠷᠤ ᠶᠡᠬᠡ ᠬᠦᠴᠦ ᠲᠠᠢ ᠰᠠᠯᠬᠢ ᠶᠣᠬᠣᠸᠠ ᠶᠢᠨ ᠡᠮᠦᠨ᠎ᠡ ᠠᠭᠤᠯᠠᠰ ᠢ ᠬᠠᠭᠠᠯᠵᠤ᠂ ᠬᠠᠳᠠ ᠨᠤᠭᠤᠳ ᠢ ᠪᠤᠲᠠᠯᠵᠤ ᠪᠠᠢᠭᠰᠠᠨ ᠪᠣᠯᠪᠠᠴᠤ ᠲᠡᠷᠡ ᠰᠠᠯᠬᠢᠨ ᠳᠣᠲᠣᠷ᠎ᠠ ᠶᠣᠬᠣᠸᠠ ᠪᠠᠢᠭᠰᠠᠨ ᠦᠭᠡᠢ᠂ ᠰᠠᠯᠬᠢᠨ ᠤ ᠳᠠᠷᠠᠭ᠎ᠠ ᠭᠠᠵᠠᠷ ᠬᠥᠳᠡᠯᠦᠭᠰᠡᠨ ᠪᠣᠯᠪᠠᠴᠤ ᠲᠡᠷᠡ ᠬᠥᠳᠡᠯᠦᠯᠲᠡ ᠶᠢᠨ ᠳᠣᠲᠣᠷ᠎ᠠ ᠴᠤ ᠶᠣᠬᠣᠸᠠ ᠪᠠᠢᠭᠰᠠᠨ ᠦᠭᠡᠢ᠂ 12 ᠭᠠᠵᠠᠷ ᠬᠥᠳᠡᠯᠦᠯᠲᠡ ᠶᠢᠨ ᠳᠠᠷᠠᠭ᠎ᠠ ᠭᠠᠯ ᠭᠠᠷᠤᠭᠰᠠᠨ ᠪᠣᠯᠪᠠᠴᠤ ᠭᠠᠯ ᠳᠣᠲᠣᠷ᠎ᠠ ᠴᠤ ᠶᠣᠬᠣᠸᠠ ᠪᠠᠢᠭᠰᠠᠨ ᠦᠭᠡᠢ᠃ ᠬᠠᠷᠢᠨ ᠭᠠᠯ ᠤᠨ ᠳᠠᠷᠠᠭ᠎ᠠ ᠬᠥᠩᠭᠡᠬᠡᠨ ᠢᠰᠭᠡᠷᠬᠦ ᠳᠠᠭᠤ ᠭᠠᠷᠤᠯ᠎ᠠ᠃ 13 ᠧᠯᠢᠶ᠎ᠠ ᠲᠡᠷᠡ ᠳᠠᠭᠤ ᠶᠢ ᠰᠣᠨᠣᠰᠣᠭᠠᠳ ᠳᠡᠪᠡᠯ ᠢᠶᠡᠷ ᠢᠶᠠᠨ ᠨᠢᠭᠤᠷ ᠢᠶᠠᠨ ᠬᠠᠯᠬᠠᠯᠠᠨ᠂ ᠠᠭᠤᠢ ᠶᠢᠨ ᠠᠮᠠᠨ ᠳᠤ ᠭᠠᠷᠴᠤ ᠵᠣᠭᠰᠣᠪᠠ᠃ ᠲᠡᠭᠡᠲᠡᠯ᠎ᠡ ᠨᠢᠭᠡᠨ ᠳᠠᠭᠤ ᠲᠡᠭᠦᠨ ᠳᠦ ᠢᠷᠡᠵᠦ᠄ 《ᠧᠯᠢᠶ᠎ᠠ᠂ ᠴᠢ ᠶᠠᠭᠠᠬᠢᠭᠠᠳ ᠡ᠊ᠨᠳᠡ ᠪᠠᠢᠭ᠎ᠠ ᠶᠤᠮ ᠪᠤᠢ︖》 ᠭᠡᠵᠡᠢ᠃ 14 ᠧᠯᠢᠶ᠎ᠠ᠄ 《ᠪᠢ ᠠᠤᠭ᠎ᠠ ᠬᠦᠴᠦᠲᠦ ᠪᠤᠷᠬᠠᠨ ᠶᠣᠬᠣᠸᠠ ᠶᠢᠨ ᠲᠥᠯᠥᠭᠡ ᠬᠢᠴᠢᠶᠡᠨ ᠵᠢᠳᠬᠦᠭᠰᠡᠨ 29 ᠃ ᠬᠠᠷᠢᠨ ᠢᠰᠷᠧᠯᠴᠦᠳ ᠲᠠᠨ ᠤ ᠭᠡᠷ᠎ᠡ ᠶᠢ ᠤᠮᠠᠷᠲᠠᠵᠤ᠂ ᠲᠠᠨ ᠤ ᠲᠠᠬᠢᠯ ᠤᠨ ᠰᠢᠷᠡᠭᠡ ᠨᠦᠭᠦᠳ ᠢ ᠨᠤᠷᠠᠭᠠᠨ᠂ ᠲᠠᠨ ᠤ ᠡᠰᠢ ᠦᠵᠡᠭᠦᠯᠦᠭᠴᠢᠳ ᠢ ᠢᠯᠳᠦ ᠪᠡᠷ ᠰᠥᠨᠥᠭᠡᠵᠦ ᠭᠠᠭᠴᠠᠬᠠᠨ ᠪᠢ ᠦᠯᠡᠳᠡᠭᠰᠡᠨ᠂ ᠲᠡᠳᠡ ᠮᠢᠨᠦ ᠠᠮᠢ ᠶᠢ ᠴᠤ ᠬᠥᠨᠥᠭᠡᠬᠦ ᠭᠡᠵᠦ ᠨᠠᠮᠠᠶᠢ ᠬᠠᠢᠵᠤ ᠪᠠᠢᠨ᠎ᠠ》 ᠬᠡᠮᠡᠨ ᠥᠴᠢᠪᠡ᠃ 15 ᠶᠣᠬᠣᠸᠠ ᠲᠡᠭᠦᠨ ᠳᠦ᠄ 《ᠴᠢ ᠢᠷᠡᠭᠰᠡᠨ ᠵᠠᠮ ᠢᠶᠠᠷ ᠢᠶᠠᠨ ᠳ᠋ᠠᠮᠠᠰᠺᠦ᠋ᠰ ᠤᠨ ᠴᠥᠯ ᠤᠷᠤᠭᠤ ᠶᠠᠪᠤ᠃ ᠲᠡᠨᠳᠡ ᠬᠦᠷᠦᠭᠡᠳ ᠬᠠᠽᠠᠶᠧᠯ ᠢ ᠠᠷᠠᠮ ᠤᠨ ᠬᠠᠭᠠᠨ ᠢᠶᠠᠷ ᠲᠣᠮᠢᠯᠠᠨ ᠲᠣᠰᠣᠯᠠᠵᠤ᠂ 16 ᠮᠥᠨ ᠨᠢᠮᠱᠢ ᠶᠢᠨ ᠬᠦᠦ ᠶᠧᠾᠦ᠋ ᠶᠢ ᠢᠰᠷᠧᠯ ᠤᠨ ᠬᠠᠭᠠᠨ ᠢᠶᠠᠷ ᠲᠣᠮᠢᠯᠠᠨ ᠲᠣᠰᠣᠯᠠᠵᠤ᠂ ᠪᠠᠰᠠ ᠠᠪᠧᠯ ᠮᠧᠬᠣᠯᠠ ᠳᠠᠬᠢ ᠱᠠᠹᠠᠲ ᠤᠨ ᠬᠦᠦ ᠡᠯᠢᠱᠠ ᠶᠢ ᠥᠪᠡᠷ ᠢ ᠴᠢᠨᠢ ᠵᠠᠯᠭᠠᠮᠵᠢᠯᠠᠭᠴᠢ ᠡᠰᠢ ᠦᠵᠡᠭᠦᠯᠦᠭᠴᠢ ᠪᠠᠷ ᠲᠣᠮᠢᠯᠠᠨ ᠲᠣᠰᠣᠯᠠᠭᠠᠷᠠᠢ᠃ 17 ᠬᠠᠽᠠᠶᠧᠯ ᠤᠨ ᠢᠯᠳᠦᠨ ᠡᠴᠡ ᠵᠢᠭᠤᠲᠠᠭᠰᠠᠨ ᠬᠥᠮᠦᠨ ᠢ ᠶᠧᠾᠦ᠋ ᠰᠥᠨᠥᠭᠡᠵᠦ᠂ ᠶᠧᠾᠦ᠋ ᠶᠢᠨ ᠢᠯᠳᠦᠨ ᠡᠴᠡ ᠵᠢᠭᠤᠲᠠᠭᠰᠠᠨ ᠬᠥᠮᠦᠨ ᠢ ᠡᠯᠢᠱᠠ ᠰᠥᠨᠥᠭᠡᠬᠦ ᠪᠣᠯᠣᠨ᠎ᠠ᠃ 18 ᠬᠠᠷᠢᠨ ᠪᠢ ᠢᠰᠷᠧᠯ ᠳᠤ ᠳᠣᠯᠣᠭᠠᠨ ᠮᠢᠩ᠋ᠭᠠᠨ ᠬᠥᠮᠦᠨ ᠦᠯᠡᠳᠡᠭᠡᠵᠦ ᠪᠠᠢᠨ᠎ᠠ᠂ ᠲᠡᠳᠡᠨ ᠦ ᠡᠪᠦᠳᠦᠭ ᠪᠠᠯ ᠳᠤ ᠰᠥᠭᠥᠳᠥᠭᠡ ᠦᠭᠡᠢ᠂ ᠲᠡᠳᠡᠨ ᠦ ᠣᠷᠣᠭᠤᠯ ᠪᠠᠯ ᠢ ᠦᠨᠦᠰᠦᠭᠡ ᠦᠭᠡᠢ ᠶᠤᠮ》 ᠭᠡᠵᠦ ᠠᠢᠯᠠᠳᠪᠠ᠃
 ᠧᠯᠢᠶ᠎ᠠ ᠡᠯᠢᠱᠠ ᠶᠢ ᠳᠠᠭᠤᠳᠠᠪᠠ

19 ᠧᠯᠢᠶ᠎ᠠ ᠲᠡᠨᠳᠡ ᠡᠴᠡ ᠶᠠᠪᠤᠵᠤ᠂ ᠱᠠᠹᠠᠲ ᠤᠨ ᠬᠦᠦ ᠡᠯᠢᠱᠠ ᠲᠠᠢ ᠠᠭᠤᠯᠵᠠᠪᠠ᠃ ᠲᠡᠷᠡ ᠦᠶ᠎ᠡ ᠳᠦ ᠡᠯᠢᠱᠠ ᠪᠤᠭᠤᠯᠠᠭ᠎ᠠ ᠲᠠᠢ ᠠᠷᠪᠠᠨ ᠬᠣᠶᠠᠷ ᠬᠣᠣᠰ ᠦᠬᠡᠷ ᠢᠶᠡᠷ ᠭᠠᠵᠠᠷ ᠬᠠᠭᠠᠯᠵᠤ᠂ ᠥᠪᠡᠷ ᠢᠶᠡᠨ ᠠᠷᠪᠠᠨ ᠬᠣᠶᠠᠳᠠᠬᠢ ᠬᠣᠣᠰ ᠦᠬᠡᠷ ᠦᠨ ᠠᠷᠤ ᠠᠴᠠ ᠶᠠᠪᠤᠵᠤ ᠪᠠᠢᠪᠠ᠃ ᠧᠯᠢᠶ᠎ᠠ ᠲᠡᠭᠦᠨ ᠦ ᠬᠠᠵᠠᠭᠤ ᠪᠠᠷ ᠥᠩᠭᠡᠷᠡᠬᠦ ᠳᠡᠭᠡᠨ ᠳᠡᠪᠡᠯ ᠢᠶᠡᠨ ᠲᠡᠭᠦᠨ ᠳᠦ ᠰᠢᠳᠡᠵᠦ ᠥᠭᠪᠡ᠃ 20 ᠡᠯᠢᠱᠠ ᠦᠬᠡᠷ ᠤᠳ ᠢᠶᠠᠨ ᠣᠷᠬᠢᠭᠠᠳ ᠧᠯᠢᠶ᠎ᠠ ᠶᠢᠨ ᠬᠣᠢᠨ᠎ᠠ ᠠᠴᠠ ᠭᠦᠶᠦᠨ᠄ 《ᠪᠢ ᠠᠪᠤ ᠡᠵᠢ ᠪᠠᠨ ᠦᠨᠦᠰᠴᠢᠬᠡᠭᠡᠳ ᠲᠠᠨ ᠢ ᠳᠠᠭᠠᠶ᠎ᠠ》 ᠭᠡᠬᠦ ᠪᠡᠷ ᠨᠢ᠂ 《ᠪᠤᠴᠠᠭᠠᠳ ᠶᠠᠪᠤ ᠳᠠ᠂ ᠪᠢ ᠴᠢᠮ᠎ᠠ ᠳᠤ ᠶᠠᠭᠤ ᠬᠢᠬᠦ ᠪᠢᠯᠡ》 ᠭᠡᠯ᠎ᠡ᠃ 21 ᠲᠡᠷᠡ ᠧᠯᠢᠶ᠎ᠠ ᠠᠴᠠ ᠡᠷᠭᠢᠨ ᠶᠠᠪᠤᠵᠤ᠂ ᠬᠣᠶᠠᠷ ᠦᠬᠡᠷ ᠨᠢᠳᠤᠯᠤᠭᠠᠳ᠂ ᠪᠤᠭᠤᠯᠠᠭ᠎ᠠ ᠶᠢ ᠨᠢ ᠲᠦᠯᠡᠵᠦ᠂ ᠮᠢᠬ᠎ᠠ ᠶᠢ ᠨᠢ ᠴᠢᠨᠠᠭᠠᠳ ᠬᠥᠮᠦᠰ ᠲᠦ ᠥᠭᠭᠥᠭᠰᠡᠨ ᠳᠦ᠂ ᠲᠡᠳᠡ ᠢᠳᠡᠵᠡᠭᠡᠪᠡ᠃ ᠳᠠᠷᠠᠭ᠎ᠠ ᠨᠢ ᠲᠡᠷᠡ ᠪᠣᠰᠴᠤ ᠧᠯᠢᠶ᠎ᠠ ᠶᠢ ᠳᠠᠭᠠᠨ ᠶᠠᠪᠤᠵᠤ᠂ ᠲᠤᠰᠠᠯᠠᠭᠴᠢ ᠨᠢ ᠪᠣᠯᠣᠭᠰᠠᠨ ᠪᠠᠢᠨ᠎ᠠ᠃