1 2 3 4 5 6 7 8 9 10 11 12 13 14 15 16 17 18 19 20 21 22


ᠬᠠᠭᠠᠳ ᠤᠨ ᠳᠡᠭᠡᠳᠦ ᠠᠷᠪᠠᠨ ᠬᠣᠶᠠᠷ
 ᠬᠣᠶᠠᠷ ᠬᠤᠪᠢᠶᠠᠭᠳᠠᠭᠰᠠᠨ ᠬᠠᠭᠠᠨᠴᠢᠯᠠᠯ

1 ᠷᠧᠬᠣᠪᠣᠶᠠᠮ ᠱᠧᠬᠧᠮ ᠳᠤ ᠣᠴᠢᠪᠠ᠃ ᠲᠡᠨᠳᠡ ᠢᠰᠷᠧᠯᠴᠦᠳ ᠪᠦᠭᠦᠳᠡᠭᠡᠷ ᠢᠶᠡᠨ ᠷᠧᠬᠣᠪᠣᠶᠠᠮ ᠢ ᠬᠠᠭᠠᠨ ᠪᠣᠯᠭᠠᠬᠤ ᠭᠡᠵᠦ ᠴᠤᠭᠯᠠᠷᠠᠭᠰᠠᠨ ᠪᠠᠢᠯ᠎ᠠ᠃ 2 ᠰᠣᠯᠣᠮᠣᠨ ᠬᠠᠭᠠᠨ ᠠᠴᠠ ᠵᠢᠭᠤᠲᠠᠨ ᠶᠠᠪᠤᠭᠠᠳ ᠶᠧᠵᠢᠫᠲ ᠲᠤ ᠰᠠᠭᠤᠵᠤ ᠪᠠᠢᠭᠰᠠᠨ ᠨᠧᠪᠠᠲ ᠤᠨ ᠬᠦᠦ ᠶᠧᠷᠣᠪᠣᠶᠠᠮ ᠶᠧᠵᠢᠫᠲ ᠲᠤ ᠪᠠᠢᠬᠤ ᠳᠠᠭᠠᠨ ᠲᠡᠷᠡ ᠴᠢᠮᠡᠭᠡ ᠶᠢ ᠰᠣᠨᠣᠰᠴᠠᠢ᠃ 3 ᠬᠥᠮᠦᠰ ᠦᠭᠡ ᠢᠯᠡᠭᠡᠵᠦ᠂ ᠶᠧᠷᠣᠪᠣᠶᠠᠮ ᠢ ᠳᠠᠭᠤᠳᠠᠨ ᠢᠷᠡᠭᠦᠯᠦᠭᠰᠡᠨ ᠳᠦ᠂ ᠲᠡᠷᠡ ᠢᠰᠷᠧᠯ ᠤᠨ ᠨᠡᠢᠲᠡ ᠴᠢᠭᠤᠯᠭᠠᠨ ᠲᠠᠢ ᠬᠠᠮᠲᠤ ᠷᠧᠬᠣᠪᠣᠶᠠᠮ ᠳᠤ ᠣᠴᠢᠵᠤ᠂ ᠲᠡᠭᠦᠨ ᠳᠦ᠄ 4 《ᠲᠠᠨ ᠤ ᠡᠴᠢᠭᠡ ᠪᠢᠳᠡᠨ ᠢ ᠬᠦᠨᠳᠦ ᠪᠤᠭᠤᠯᠠᠭ᠎ᠠ ᠶᠢᠨ ᠳᠣᠣᠷ᠎ᠠ ᠣᠷᠣᠭᠤᠯᠤᠭᠰᠠᠨ ᠪᠢᠯᠡ᠃ ᠬᠠᠷᠢᠨ ᠲᠠ ᠣᠳᠣ ᠡᠴᠢᠭᠡ ᠶᠢᠨ ᠢᠶᠠᠨ ᠪᠢᠳᠡᠨ ᠦ ᠳᠡᠭᠡᠷ᠎ᠡ ᠲᠣᠬᠣᠭᠰᠠᠨ ᠬᠦᠨᠳᠦ ᠬᠥᠳᠡᠯᠮᠦᠷᠢ ᠪᠣᠯᠣᠨ ᠬᠠᠲᠠᠭᠤ ᠪᠤᠭᠤᠯᠠᠭ᠎ᠠ ᠶᠢ ᠬᠥᠩᠭᠡᠯᠡᠵᠦ ᠬᠠᠢᠷᠠᠯᠠ᠂ ᠲᠡᠭᠡᠪᠡᠯ ᠪᠢᠳᠡ ᠲᠠᠨ ᠳᠤ ᠦᠢᠯᠡᠴᠢᠯᠡᠶ᠎ᠡ》 ᠭᠡᠪᠡ᠃ 5 ᠷᠧᠬᠣᠪᠣᠶᠠᠮ ᠲᠡᠳᠡᠨ ᠳᠦ᠄ 《ᠪᠤᠴᠠᠵᠤ ᠶᠠᠪᠤᠭᠠᠳ ᠭᠤᠷᠪᠠᠨ ᠡᠳᠦᠷ ᠦᠨ ᠳᠠᠷᠠᠭ᠎ᠠ ᠨᠠᠳᠠ ᠤᠷᠤᠭᠤ ᠳᠠᠬᠢᠨ ᠢᠷ᠎ᠡ》 ᠭᠡᠰᠡᠨ ᠳᠦ᠂ ᠠᠷᠠᠳ ᠲᠦᠮᠡᠨ ᠶᠠᠪᠤᠵᠠᠭᠠᠪᠠ᠃

6 ᠷᠧᠬᠣᠪᠣᠶᠠᠮ ᠡᠴᠢᠭᠡ ᠰᠣᠯᠣᠮᠣᠨ ᠢ ᠨᠢ ᠠᠮᠢᠳᠤ ᠪᠠᠢᠬᠤ ᠳᠤ ᠲᠡᠭᠦᠨ ᠳᠦ ᠦᠢᠯᠡᠴᠢᠯᠡᠵᠦ ᠪᠠᠢᠭᠰᠠᠨ ᠠᠬᠠᠯᠠᠭᠴᠢᠳ ᠲᠠᠢ ᠵᠥᠪᠯᠡᠪᠡ᠃ ᠲᠡᠷᠡ᠄ 《ᠡᠨᠡ ᠠᠷᠠᠳ ᠲᠦᠮᠡᠨ ᠳᠦ ᠶᠠᠮᠠᠷ ᠬᠠᠷᠢᠭᠤ ᠥᠭᠬᠦ ᠶᠢ ᠲᠠ ᠨᠠᠷ ᠨᠠᠳᠠ ᠳᠤ ᠵᠥᠪᠯᠡᠬᠦ ᠤᠤ︖》 ᠭᠡᠬᠦ ᠳᠦ᠂ 7 ᠲᠡᠳᠡ ᠬᠠᠷᠢᠭᠤᠯᠤᠨ᠄ 《ᠬᠡᠷᠪᠡ ᠲᠠ ᠥᠨᠥᠳᠥᠷ ᠡᠨᠡ ᠠᠷᠠᠳ ᠲᠦᠮᠡᠨ ᠦ ᠵᠠᠷᠤᠴᠠ ᠪᠣᠯᠵᠤ᠂ ᠲᠡᠳᠡᠨ ᠳᠦ ᠦᠢᠯᠡᠴᠢᠯᠡᠨ ᠡᠶᠡᠯᠳᠡᠭ ᠦᠭᠡ ᠪᠡᠷ ᠬᠠᠷᠢᠭᠤ ᠥᠭᠪᠡᠯ᠂ ᠡᠨᠡ ᠠᠷᠠᠳ ᠲᠦᠮᠡᠨ ᠢᠮᠠᠭᠲᠠ ᠲᠠᠨ ᠤ ᠵᠠᠷᠤᠴᠠ ᠪᠣᠯᠬᠤ ᠶᠤᠮ》 ᠭᠡᠵᠡᠢ᠃ 8 ᠭᠡᠪᠡᠴᠦ ᠬᠠᠭᠠᠨ ᠠᠬᠠᠯᠠᠭᠴᠢᠳ ᠤᠨ ᠵᠥᠪᠯᠡᠯᠭᠡ ᠶᠢ ᠣᠭᠣᠷᠴᠤ᠂ ᠥᠪᠡᠷ ᠲᠡᠢ ᠨᠢ ᠬᠠᠮᠲᠤ ᠥᠰᠥᠭᠡᠳ ᠡᠳᠦᠭᠡ ᠥᠪᠡᠷ ᠲᠤᠨᠢ ᠦᠢᠯᠡᠴᠢᠯᠡᠵᠦ ᠪᠤᠢ ᠵᠠᠯᠠᠭᠤᠰ ᠲᠠᠢ ᠵᠥᠪᠯᠡᠨ᠄ 9 《ᠬᠠᠷᠢᠨ ᠲᠠ ᠨᠠᠷ ᠡᠨᠡ ᠠᠷᠠᠳ ᠲᠦᠮᠡᠨ ᠳᠦ ᠶᠠᠮᠠᠷ ᠬᠠᠷᠢᠭᠤ ᠥᠭ ᠭᠡᠵᠦ ᠨᠠᠳᠠ ᠳᠤ ᠵᠥᠪᠯᠡᠬᠦ ᠪᠤᠢ︖ ᠲᠡᠳᠡ᠄ 〈ᠡᠴᠢᠭᠡ ᠶᠢᠨ ᠢᠶᠠᠨ ᠲᠣᠬᠣᠭᠰᠠᠨ ᠪᠤᠭᠤᠯᠠᠭ᠎ᠠ ᠶᠢ ᠬᠥᠩᠭᠡᠯᠡᠵᠦ ᠥᠭᠭᠥᠭᠡᠴᠢ〉 ᠭᠡᠵᠦ ᠪᠠᠢᠨ᠎ᠠ》 ᠭᠡᠪᠡ᠃ 10 ᠲᠡᠭᠦᠨ ᠲᠡᠢ ᠬᠠᠮᠲᠤ ᠥᠰᠥᠭᠰᠡᠨ ᠵᠠᠯᠠᠭᠤᠰ ᠬᠠᠷᠢᠭᠤᠯᠤᠨ᠄ 《ᠡᠨᠡ ᠠᠷᠠᠳ ᠲᠦᠮᠡᠨ᠄ 〈ᠲᠠᠨ ᠤ ᠡᠴᠢᠭᠡ ᠶᠢᠨ ᠲᠣᠬᠣᠭᠰᠠᠨ ᠪᠤᠭᠤᠯᠠᠭ᠎ᠠ ᠬᠦᠨᠳᠦ ᠪᠠᠢᠭ᠎ᠠ ᠲᠤᠯᠠ ᠲᠠ ᠡᠭᠦᠨ ᠢ ᠬᠥᠩᠭᠡᠯᠡᠵᠦ ᠬᠠᠢᠷᠠᠯᠠ〉 ᠭᠡᠵᠦ ᠲᠠᠨ ᠳᠤ ᠬᠡᠯᠡᠭᠰᠡᠨ ᠪᠣᠯ᠂ ᠲᠠ ᠬᠠᠷᠢᠭᠤ ᠳᠤᠨᠢ᠄ 〈ᠮᠢᠨᠦ ᠰᠢᠭᠡᠵᠢ ᠬᠤᠷᠤᠭᠤ ᠴᠤ ᠡᠴᠢᠭᠡ ᠶᠢᠨ ᠮᠢᠨᠢ ᠪᠡᠯᠬᠡᠭᠦᠰᠦᠨ ᠡᠴᠡ ᠪᠦᠳᠦᠭᠦᠨ ᠶᠤᠮ︕ 11 ᠮᠢᠨᠦ ᠡᠴᠢᠭᠡ ᠲᠠ ᠨᠠᠷ ᠲᠤ ᠬᠦᠨᠳᠦ ᠪᠤᠭᠤᠯᠠᠭ᠎ᠠ ᠡᠭᠦᠷᠦᠭᠦᠯᠦᠭᠰᠡᠨ ᠪᠣᠯ᠂ ᠪᠢ ᠲᠡᠭᠦᠨ ᠳᠡᠭᠡᠷ᠎ᠡ ᠴᠢᠨᠢ ᠨᠡᠮᠡᠬᠦ ᠪᠣᠯᠣᠨ᠎ᠠ᠃ ᠡᠴᠢᠭᠡ ᠮᠢᠨᠢ ᠲᠠ ᠨᠠᠷ ᠢ ᠲᠠᠰᠢᠭᠤᠷ ᠢᠶᠠᠷ ᠰᠠᠬᠢᠯᠭᠠᠵᠢᠭᠤᠯᠵᠤ ᠪᠠᠢᠭᠰᠠᠨ ᠪᠣᠯ᠂ ᠪᠢ ᠲᠠ ᠨᠠᠷ ᠢ ᠬᠢᠯᠢᠨᠴᠡᠲᠦ ᠬᠣᠷᠣᠬᠠᠢ ᠪᠠᠷ ᠰᠠᠬᠢᠯᠭᠠᠵᠢᠭᠤᠯᠬᠤ ᠪᠣᠯᠣᠨ᠎ᠠ〉 ᠭᠡᠵᠦ ᠬᠡᠯᠡᠭᠡᠷᠡᠢ》 ᠭᠡᠪᠡ᠃

12 《ᠭᠤᠷᠪᠠᠳᠠᠬᠢ ᠡᠳᠦᠷ ᠳᠡᠭᠡᠷ᠎ᠡ ᠪᠡᠨ ᠨᠠᠳᠠ ᠤᠷᠤᠭᠤ ᠪᠤᠴᠠᠵᠤ ᠢᠷ᠎ᠡ》 ᠭᠡᠵᠦ ᠬᠠᠭᠠᠨ ᠤ ᠬᠡᠯᠡᠭᠰᠡᠨ ᠶᠣᠰᠣᠭᠠᠷ ᠭᠤᠷᠪᠠᠳᠠᠬᠢ ᠡᠳᠦᠷ ᠨᠢ ᠶᠧᠷᠣᠪᠣᠶᠠᠮ ᠪᠦᠬᠦ ᠠᠷᠠᠳ ᠲᠦᠮᠡᠨ ᠲᠡᠢ ᠬᠠᠮᠲᠤ ᠷᠧᠬᠣᠪᠣᠶᠠᠮ ᠳᠡᠭᠡᠷ᠎ᠡ ᠢᠷᠡᠪᠡ᠃ 13 ᠬᠠᠭᠠᠨ ᠠᠷᠠᠳ ᠲᠦᠮᠡᠨ ᠳᠦ ᠬᠠᠲᠠᠭᠤ ᠦᠭᠡ ᠪᠡᠷ ᠬᠠᠷᠢᠭᠤᠯᠪᠠ᠃ ᠲᠡᠷᠡ ᠠᠬᠠᠯᠠᠭᠴᠢᠳ ᠤᠨ ᠥᠭᠭᠥᠭᠰᠡᠨ ᠵᠥᠪᠯᠡᠯᠭᠡ ᠶᠢ ᠣᠭᠣᠷᠴᠤ᠂ 14 ᠵᠠᠯᠠᠭᠤᠰ ᠤᠨ ᠵᠥᠪᠯᠡᠭᠰᠡᠨ ᠢ ᠳᠠᠭᠠᠨ᠄ 《ᠮᠢᠨᠦ ᠡᠴᠢᠭᠡ ᠲᠠ ᠨᠠᠷ ᠤᠨ ᠳᠡᠭᠡᠷ᠎ᠡ ᠬᠦᠨᠳᠦ ᠪᠤᠭᠤᠯᠠᠭ᠎ᠠ ᠶᠢ ᠲᠣᠬᠣᠭᠰᠠᠨ ᠪᠣᠯ᠂ ᠪᠢ ᠲᠡᠭᠦᠨ ᠳᠡᠭᠡᠷ᠎ᠡ ᠴᠢᠨᠢ ᠨᠡᠮᠡᠬᠦ ᠪᠣᠯᠣᠨ᠎ᠠ᠃ ᠡᠴᠢᠭᠡ ᠮᠢᠨᠢ ᠲᠠ ᠨᠠᠷ ᠢ ᠲᠠᠰᠢᠭᠤᠷ ᠢᠶᠠᠷ ᠰᠠᠬᠢᠯᠭᠠᠵᠢᠭᠤᠯᠵᠤ ᠪᠠᠢᠭᠰᠠᠨ ᠪᠣᠯ᠂ ᠪᠢ ᠲᠠ ᠨᠠᠷ ᠢ ᠬᠢᠯᠢᠨᠴᠡᠲᠦ ᠬᠣᠷᠣᠬᠠᠢ ᠪᠠᠷ ᠰᠠᠬᠢᠯᠭᠠᠵᠢᠭᠤᠯᠬᠤ ᠪᠣᠯᠣᠨ᠎ᠠ》 ᠭᠡᠵᠦ ᠬᠡᠯᠡᠪᠡ᠃ 15 ᠡᠢᠨ ᠬᠦ ᠬᠠᠭᠠᠨ ᠠᠷᠠᠳ ᠲᠦᠮᠡᠨ ᠦ ᠬᠢ ᠶᠢ ᠰᠣᠨᠣᠰᠣᠭᠰᠠᠨ ᠦᠭᠡᠢ᠃ ᠤᠴᠢᠷ ᠨᠢ ᠶᠣᠬᠣᠸᠠ ᠪᠠᠢᠳᠠᠯ ᠢ ᠡᠢᠨ ᠬᠦ ᠡᠷᠭᠢᠭᠦᠯᠦᠭᠰᠡᠨ ᠶᠤᠮ᠃ ᠶᠣᠬᠣᠸᠠ ᠱᠢᠯᠣ᠋ ᠬᠥᠮᠦᠨ ᠠᠾᠢᠶᠠ ᠪᠠᠷ ᠳᠠᠮᠵᠢᠭᠤᠯᠤᠨ ᠨᠧᠪᠠᠲ ᠤᠨ ᠬᠦᠦ ᠶᠧᠷᠣᠪᠣᠶᠠᠮ ᠳᠤ ᠬᠡᠯᠡᠭᠰᠡᠨ ᠦᠭᠡ ᠪᠡᠨ ᠪᠡᠶᠡᠯᠡᠭᠦᠯᠬᠦ ᠪᠡᠷ ᠪᠣᠯᠵᠠᠢ᠃

16 ᠪᠦᠬᠦ ᠢᠰᠷᠧᠯ ᠥᠪᠡᠷᠰᠡᠳ ᠦᠨ ᠬᠢᠨᠢ ᠬᠦᠰᠡᠯᠲᠡ ᠶᠢ ᠦᠯᠦ ᠵᠥᠪᠰᠢᠶᠡᠷᠡᠭᠰᠡᠨ ᠢ ᠣᠢᠯᠠᠭᠠᠯ᠎ᠠ᠃ ᠠᠷᠠᠳ ᠲᠦᠮᠡᠨ ᠬᠠᠭᠠᠨ ᠳᠤ ᠬᠠᠷᠢᠭᠤᠯᠤᠨ᠄ 《ᠳ᠋ᠠᠸᠢᠳ᠋ ᠲᠠᠢ ᠬᠠᠮᠲᠤ ᠬᠦᠷᠲᠡᠬᠦ ᠬᠤᠪᠢ ᠪᠢᠳᠡᠨ ᠳᠦ ᠶᠠᠭᠤ ᠪᠠᠢᠨ᠎ᠠ ᠪᠤᠢ︖ ᠢᠱᠠᠢ ᠶᠢᠨ ᠬᠦᠦ ᠲᠠᠢ ᠬᠠᠮᠲᠤ ᠣᠯᠬᠤ ᠥᠪ ᠭᠡᠵᠦ ᠪᠢᠳᠡᠨ ᠳᠦ ᠪᠠᠢᠬᠤ ᠦᠭᠡᠢ ᠥᠪᠡᠷ ᠥᠪᠡᠷ ᠦᠨ ᠢᠶᠠᠨ ᠭᠡᠷ ᠤᠷᠤᠭᠤ ᠬᠠᠷᠢᠵᠠᠭ᠎ᠠ︕ ᠢᠰᠷᠧᠯ ᠡ ᠥᠪᠡᠷ ᠦᠨ ᠢᠶᠠᠨ ᠭᠡᠷ ᠢ ᠯᠠ ᠬᠠᠷᠠ᠂ ᠳ᠋ᠠᠸᠢᠳ᠋ ᠡ》 ᠭᠡᠵᠡᠭᠡᠪᠡ᠃
ᠢᠩᠭᠢᠭᠡᠳ ᠢᠰᠷᠧᠯ ᠥᠪᠡᠷ ᠥᠪᠡᠷ ᠦᠨ ᠢᠶᠠᠨ ᠭᠡᠷ ᠤᠷᠤᠭᠤ ᠣᠳᠴᠠᠭᠠᠪᠠ᠃ 17 ᠭᠡᠪᠡᠴᠦ ᠶᠦᠳᠠ ᠶᠢᠨ ᠬᠣᠲᠠ ᠨᠤᠭᠤᠳ ᠲᠤ ᠠᠮᠢᠳᠤᠷᠠᠳᠠᠭ ᠢᠰᠷᠧᠯᠴᠦᠳ ᠷᠧᠬᠣᠪᠣᠶᠠᠮ ᠤᠨ ᠵᠠᠬᠢᠷᠭᠠᠨ ᠳᠣᠣᠷ᠎ᠠ ᠦᠯᠡᠳᠡᠵᠡᠢ᠃ 18 ᠷᠧᠬᠣᠪᠣᠶᠠᠮ ᠬᠠᠭᠠᠨ ᠠᠯᠪᠠᠳᠠᠯᠭ᠎ᠠ ᠶᠢᠨ ᠬᠥᠳᠡᠯᠮᠦᠷᠢ ᠶᠢᠨ ᠬᠠᠮᠢᠶᠠᠷᠤᠭᠴᠢ ᠠᠳᠣᠷᠠᠮ ᠢ ᠢᠯᠡᠭᠡᠭᠰᠡᠨ ᠳᠦ᠂ ᠪᠦᠬᠦ ᠢᠰᠷᠧᠯ ᠲᠡᠭᠦᠨ ᠤᠷᠤᠭᠤ ᠴᠢᠯᠠᠭᠤ ᠰᠢᠳᠡᠨ ᠠᠯᠠᠭᠰᠠᠨ ᠪᠠᠢᠨ᠎ᠠ᠃ ᠷᠧᠬᠣᠪᠣᠶᠠᠮ ᠬᠠᠭᠠᠨ ᠠᠷᠠᠢ ᠭᠡᠵᠦ ᠲᠡᠷᠭᠡᠨ ᠳᠡᠭᠡᠨ ᠰᠠᠭᠤᠨ ᠶᠧᠷᠦ᠋ᠰᠠᠯᠧᠮ ᠤᠷᠤᠭᠤ ᠵᠢᠭᠤᠲᠠᠯ᠎ᠠ᠃ 19 ᠲᠡᠢᠨ ᠬᠦ ᠥᠨᠥᠳᠥᠷ ᠪᠣᠯᠲᠠᠯ᠎ᠠ ᠢᠰᠷᠧᠯ ᠳ᠋ᠠᠸᠢᠳ᠋ ᠤᠨ ᠭᠡᠷ ᠡᠴᠡ ᠲᠡᠷᠰᠯᠡᠭᠰᠡᠭᠡᠷ ᠪᠠᠢᠨ᠎ᠠ᠃

20 ᠪᠦᠬᠦ ᠢᠰᠷᠧᠯ ᠶᠧᠷᠣᠪᠣᠶᠠᠮ ᠤᠨ ᠪᠤᠴᠠᠵᠤ ᠢᠷᠡᠭᠰᠡᠨ ᠢ ᠰᠣᠨᠣᠰᠣᠭᠠᠳ ᠬᠥᠮᠦᠨ ᠢᠯᠡᠭᠡᠨ ᠲᠡᠭᠦᠨ ᠢ ᠨᠡᠢᠲᠡ ᠴᠢᠭᠤᠯᠭᠠᠨ ᠳᠤ ᠳᠠᠭᠤᠳᠠᠵᠤ᠂ ᠪᠦᠬᠦ ᠢᠰᠷᠧᠯ ᠤᠨ ᠬᠠᠭᠠᠨ ᠪᠣᠯᠭᠠᠪᠠ᠃ ᠳ᠋ᠠᠸᠢᠳ᠋ ᠤᠨ ᠭᠡᠷ ᠦᠨ ᠬᠢᠨ ᠢ ᠳᠠᠭᠠᠭᠰᠠᠨ ᠣᠪᠣᠭ ᠶᠦᠳᠠ ᠠᠴᠠ ᠥᠭᠡᠷ᠎ᠡ ᠪᠠᠢᠭᠰᠠᠨ ᠦᠭᠡᠢ᠃

21 ᠷᠧᠬᠣᠪᠣᠶᠠᠮ ᠶᠧᠷᠦ᠋ᠰᠠᠯᠧᠮ ᠳᠤ ᠢᠷᠡᠵᠦ᠂ ᠶᠦᠳᠠ ᠶᠢᠨ ᠪᠦᠬᠦ ᠭᠡᠷ ᠦᠨ ᠬᠢᠨ ᠬᠢᠭᠡᠳ ᠪᠢᠨᠶᠠᠮᠢᠨ ᠣᠪᠣᠭ ᠠᠴᠠ ᠠᠷᠪᠠᠨ ᠨᠠᠢ᠌ᠮᠠᠨ ᠲᠦᠮᠡᠨ ᠰᠢᠯᠢᠳᠡᠭ ᠳᠠᠢᠴᠢᠨ ᠢ ᠴᠤᠭᠯᠠᠭᠤᠯᠪᠠ᠃ ᠲᠡᠳᠡ ᠢᠰᠷᠧᠯ ᠲᠠᠢ ᠪᠠᠢᠯᠳᠤᠵᠤ ᠰᠣᠯᠣᠮᠣᠨ ᠤ ᠬᠦᠦ ᠷᠧᠬᠣᠪᠣᠶᠠᠮ ᠤᠨ ᠬᠠᠭᠠᠨᠴᠢᠯᠠᠯ ᠢ ᠪᠤᠴᠠᠭᠠᠨ ᠠᠪᠬᠤ ᠭᠡᠵᠦ ᠪᠠᠢᠯ᠎ᠠ᠃ 22 ᠲᠡᠭᠡᠲᠡᠯ᠎ᠡ ᠪᠤᠷᠬᠠᠨ ᠤ ᠦᠭᠡ ᠪᠤᠷᠬᠠᠨ ᠤ ᠬᠥᠮᠦᠨ ᠱᠧᠮᠠᠢᠶ᠎ᠠ ᠳᠤ ᠪᠠᠭᠤᠵᠤ᠄ 23 《ᠴᠢ ᠰᠣᠯᠣᠮᠣᠨ ᠤ ᠬᠦᠦ᠂ ᠶᠦᠳᠠ ᠶᠢᠨ ᠬᠠᠭᠠᠨ ᠪᠣᠯᠬᠤ ᠷᠧᠬᠣᠪᠣᠶᠠᠮ ᠳᠤ᠂ ᠮᠥᠨ ᠶᠦᠳᠠ᠂ ᠪᠠᠰᠠ ᠪᠢᠨᠶᠠᠮᠢᠨ ᠤ ᠪᠦᠬᠦ ᠭᠡᠷ ᠦᠨ ᠬᠢᠨ ᠳᠤ᠂ ᠮᠥᠨ ᠦᠯᠡᠳᠡᠭᠰᠡᠨ ᠬᠥᠮᠦᠰ ᠲᠦ ᠡᠢᠨ ᠬᠦ ᠬᠡᠯᠡᠭᠲᠦᠨ᠄ 24 ᠶᠣᠬᠣᠸᠠ ᠡᠢᠨ ᠬᠦ ᠠᠢᠯᠠᠳᠴᠤ ᠪᠠᠢᠨ᠎ᠠ᠄ ᠲᠠ ᠨᠠᠷ ᠥᠪᠡᠷᠰᠡᠳ ᠦᠨ ᠠᠬ᠎ᠠ ᠳᠡᠭᠦᠦᠰ ᠪᠣᠯᠬᠤ ᠢᠰᠷᠧᠯ ᠲᠠᠢ ᠪᠦᠦ ᠪᠠᠢᠯᠳᠤᠬᠤ ᠪᠠᠷ ᠶᠠᠪᠤ᠂ ᠬᠥᠮᠦᠨ ᠪᠣᠯᠭᠠᠨ ᠭᠡᠷ ᠭᠡᠷ ᠤᠷᠤᠭᠤ ᠪᠠᠨ ᠪᠤᠴᠠᠭᠲᠤᠨ᠂ ᠪᠠᠢᠳᠠᠯ ᠢ ᠡᠢᠮᠦ ᠪᠣᠯᠭᠠᠭᠰᠠᠨ ᠨᠢ ᠪᠢ ᠪᠢᠯᠡ》 ᠭᠡᠵᠡᠢ᠃ ᠲᠡᠳᠡ ᠶᠣᠬᠣᠸᠠ ᠶᠢᠨ ᠦᠭᠡ ᠶᠢ ᠰᠣᠨᠣᠰᠣᠭᠠᠳ ᠶᠣᠬᠣᠸᠠ ᠶᠢᠨ ᠦᠭᠡ ᠶᠢ ᠳᠠᠭᠠᠨ ᠭᠡᠷ ᠭᠡᠷ ᠤᠷᠤᠭᠤ ᠪᠠᠨ ᠪᠤᠴᠠᠭᠰᠠᠨ ᠪᠠᠢᠨ᠎ᠠ᠃
 ᠶᠧᠷᠣᠪᠣᠶᠠᠮ ᠤᠨ ᠨᠢᠭᠦᠯ

25 ᠶᠧᠷᠣᠪᠣᠶᠠᠮ ᠡᠹᠷᠠᠢᠮ ᠤᠨ ᠠᠭᠤᠯᠠᠷᠬᠠᠭ ᠨᠤᠲᠤᠭ ᠳᠠᠬᠢ ᠱᠧᠬᠧᠮ ᠢ ᠪᠣᠰᠬᠠᠨ ᠪᠠᠷᠢᠵᠤ ᠲᠡᠨᠳᠡ ᠠᠮᠢᠳᠤᠷᠠᠭᠰᠠᠨ ᠢᠶᠠᠨ ᠨᠡᠭᠦᠵᠦ᠂ ᠫᠧᠨᠢᠶᠧᠯ ᠢ ᠪᠣᠰᠬᠠᠪᠠ᠃ 26 ᠶᠧᠷᠣᠪᠣᠶᠠᠮ ᠳᠣᠲᠣᠷ᠎ᠠ ᠪᠠᠨ᠄ 《ᠣᠳᠣ ᠬᠠᠭᠠᠨᠴᠢᠯᠠᠯ ᠳ᠋ᠠᠸᠢᠳ᠋ ᠤᠨ ᠭᠡᠷ ᠦᠨ ᠬᠢᠨ ᠤ ᠭᠠᠷ ᠲᠤ ᠳᠠᠬᠢᠨ ᠣᠷᠣᠬᠤ ᠪᠠᠢᠬ᠎ᠠ᠃ 27 ᠬᠡᠷᠪᠡ ᠡᠨᠡ ᠠᠷᠠᠳ ᠲᠦᠮᠡᠨ ᠶᠧᠷᠦ᠋ᠰᠠᠯᠧᠮ ᠳᠠᠬᠢ ᠶᠣᠬᠣᠸᠠ ᠶᠢᠨ ᠥᠷᠭᠥᠭᠡᠨ ᠳᠦ ᠡᠷᠭᠦᠯ ᠡᠷᠭᠦᠬᠦ ᠪᠡᠷ ᠣᠴᠢᠪᠠᠯ᠂ ᠰᠡᠳᠬᠢᠯ ᠰᠠᠨᠠᠭ᠎ᠠ ᠨᠢ ᠥᠪᠡᠷᠰᠡᠳ ᠦᠨ ᠡᠵᠡᠨ ᠪᠣᠯᠬᠤ ᠶᠦᠳᠠ ᠶᠢᠨ ᠬᠠᠭᠠᠨ ᠷᠧᠬᠣᠪᠣᠶᠠᠮ ᠤᠷᠤᠭᠤ ᠪᠠᠨ ᠡᠷᠭᠢᠨ᠎ᠡ᠃ ᠲᠡᠳᠡ ᠨᠠᠮᠠᠶᠢ ᠠᠯᠠᠭᠠᠳ ᠶᠦᠳᠠ ᠶᠢᠨ ᠬᠠᠭᠠᠨ ᠷᠧᠬᠣᠪᠣᠶᠠᠮ ᠤᠷᠤᠭᠤ ᠪᠠᠨ ᠪᠤᠴᠠᠬᠤ ᠪᠠᠢᠬ᠎ᠠ》 ᠭᠡᠵᠦ ᠪᠣᠳᠣᠪᠠ᠃ 28 ᠡᠢᠮᠦ ᠡᠴᠡ ᠬᠠᠭᠠᠨ ᠵᠥᠪᠯᠡᠯᠳᠦᠭᠰᠡᠨ ᠦ ᠳᠠᠷᠠᠭ᠎ᠠ᠂ ᠬᠣᠶᠠᠷ ᠠᠯᠲᠠᠨ ᠲᠤᠭᠤᠯ ᠪᠦᠲᠦᠭᠡᠯ᠎ᠡ᠃ ᠲᠡᠷᠡ ᠠᠷᠠᠳ ᠲᠦᠮᠡᠨ ᠳᠡᠭᠡᠨ᠄ 《ᠶᠧᠷᠦ᠋ᠰᠠᠯᠧᠮ ᠥᠭᠡᠳᠡ ᠣᠴᠢᠬᠤ ᠨᠢ ᠲᠠ ᠨᠠᠷ ᠲᠤ ᠳᠡᠩᠳᠡᠭᠦᠦ ᠶᠠᠷᠰᠢᠭ ᠶᠤᠮ᠃ ᠢᠰᠷᠧᠯ ᠡ᠂ ᠲᠠ ᠨᠠᠷ ᠢ ᠶᠧᠵᠢᠫᠲ ᠡᠴᠡ ᠠᠪᠴᠢᠷᠠᠭᠰᠠᠨ ᠪᠤᠷᠬᠠᠳ ᠡᠨᠡ ᠪᠠᠢᠨ᠎ᠠ︕》 ᠭᠡᠪᠡ᠂ 29 ᠲᠡᠷᠡ ᠨᠢᠭᠡ ᠶᠢ ᠨᠢ ᠪᠧᠲ᠋ᠧᠯ ᠳᠤ᠂ ᠨᠥᠭᠥᠭᠡ ᠶᠢ ᠨᠢ ᠳ᠋ᠠᠨ ᠳᠤ ᠪᠠᠢᠷᠢᠯᠠᠭᠤᠯᠤᠭᠰᠠᠨ ᠳᠤ᠂ 30 ᠡᠨᠡ ᠨᠢ ᠨᠢᠭᠦᠯ ᠦᠨ ᠦᠨᠳᠦᠰᠦ ᠪᠣᠯᠵᠠᠢ᠃ ᠠᠷᠠᠳ ᠲᠦᠮᠡᠨ ᠥᠨᠥᠬᠢ ᠳᠦᠨᠢ ᠮᠥᠷᠭᠥᠬᠦ ᠪᠡᠷ ᠳ᠋ᠠᠨ ᠬᠦᠷᠲᠡᠯ᠎ᠡ ᠶᠠᠪᠤᠳᠠᠭ ᠪᠣᠯᠣᠯ᠎ᠠ᠃ 31 ᠶᠧᠷᠣᠪᠣᠶᠠᠮ ᠪᠠᠰᠠ ᠥᠨᠳᠥᠷ ᠭᠠᠵᠠᠷ ᠤᠳ ᠢᠶᠠᠷ ᠳᠤᠭᠠᠩ ᠤᠳ ᠢ ᠪᠣᠰᠬᠠᠵᠤ᠂ ᠯᠧᠸᠢᠴᠦᠳ ᠡᠴᠡ ᠭᠠᠳᠠᠨ᠎ᠠ ᠶᠠᠩᠵᠤ ᠪᠦᠷᠢ ᠶᠢᠨ ᠬᠥᠮᠦᠰ ᠢ ᠲᠠᠬᠢᠯᠴᠢ ᠪᠠᠷ ᠲᠣᠮᠢᠯᠠᠵᠠᠢ᠃ 32 ᠶᠧᠷᠣᠪᠣᠶᠠᠮ ᠨᠠᠢ᠌ᠮᠠᠳᠤᠭᠠᠷ ᠰᠠᠷ᠎ᠠ ᠶᠢᠨ ᠠᠷᠪᠠᠨ ᠲᠠᠪᠤᠨ ᠤ ᠡᠳᠦᠷ ᠢ ᠶᠦᠳᠠ ᠳᠤ ᠪᠡᠯᠭᠡᠯᠡᠳᠡᠭ ᠪᠠᠶᠠᠷ ᠮᠡᠲᠦ ᠪᠠᠶᠠᠷ ᠪᠣᠯᠭᠠᠨ ᠲᠣᠭᠲᠠᠭᠠᠵᠤ᠂ ᠲᠠᠬᠢᠯ ᠤᠨ ᠰᠢᠷᠡᠭᠡᠨ ᠳᠡᠭᠡᠷ᠎ᠡ ᠲᠠᠬᠢᠯ ᠡᠷᠭᠦᠵᠡᠢ᠃ ᠲᠡᠷᠡ ᠪᠧᠲ᠋ᠧᠯ ᠳᠤ ᠮᠥᠨ ᠲᠡᠢᠨ ᠬᠦ ᠦᠢᠯᠡᠳᠴᠦ᠂ ᠥᠪᠡᠷ ᠦᠨ ᠢᠶᠠᠨ ᠬᠢᠭᠰᠡᠨ ᠲᠤᠭᠤᠯ ᠤᠳ ᠲᠤ ᠲᠠᠬᠢᠯ ᠡᠷᠭᠦᠵᠦ᠂ ᠥᠪᠡᠷ ᠦᠨ ᠪᠣᠰᠬᠠᠭᠰᠠᠨ ᠮᠥᠷᠭᠥᠯ ᠦᠨ ᠮᠠᠨᠳᠠᠯ ᠤᠨ ᠲᠠᠬᠢᠯᠴᠢᠳ ᠢ ᠲᠣᠮᠢᠯᠠᠪᠠ᠃ 33 ᠬᠠᠭᠠᠨ ᠥᠪᠡᠷ ᠦᠨ ᠢᠶᠠᠨ ᠲᠣᠭᠲᠠᠭᠠᠭᠰᠠᠨ ᠨᠠᠢ᠌ᠮᠠᠳᠤᠭᠠᠷ ᠰᠠᠷ᠎ᠠ ᠶᠢᠨ ᠠᠷᠪᠠᠨ ᠲᠠᠪᠤᠨ ᠤ ᠡᠳᠦᠷ ᠪᠧᠲ᠋ᠧᠯ ᠳᠤ ᠣᠴᠢᠵᠤ᠂ ᠥᠪᠡᠷ ᠦᠨ ᠢᠶᠠᠨ ᠬᠢᠭᠰᠡᠨ ᠲᠠᠬᠢᠯ ᠤᠨ ᠰᠢᠷᠡᠭᠡᠨ ᠳᠡᠭᠡᠷ᠎ᠡ ᠲᠠᠬᠢᠯ ᠡᠷᠭᠦᠪᠡ᠃ ᠡᠭᠦᠨ ᠢ ᠲᠡᠷᠡ ᠪᠡᠷ ᠥᠪᠡᠷ ᠦᠨ ᠢᠶᠠᠨ ᠳᠤᠷ᠎ᠠ ᠪᠠᠷ ᠵᠣᠬᠢᠶᠠᠨ ᠢᠰᠷᠧᠯᠴᠦᠳ ᠲᠦ ᠵᠣᠷᠢᠭᠤᠯᠤᠨ ᠪᠠᠶᠠᠷ ᠲᠣᠭᠲᠠᠭᠠᠵᠤ᠂ ᠲᠠᠬᠢᠯ ᠤᠨ ᠰᠢᠷᠡᠭᠡᠨ ᠳᠡᠭᠡᠷ᠎ᠡ ᠤᠲᠤᠯᠭ᠎ᠠ ᠤᠭᠤᠭᠢᠭᠤᠯᠤᠭᠰᠠᠨ ᠪᠠᠢᠨ᠎ᠠ᠃