ᠬᠠᠭᠠᠳ ᠤᠨ ᠳᠡᠭᠡᠳᠦ ᠳᠥᠷᠪᠡ
ᠰᠣᠯᠣᠮᠣᠨ ᠤ ᠲᠦᠰᠢᠮᠡᠯ᠂ ᠳᠠᠭᠠᠭᠠᠮᠠᠯ ᠤᠳ
1 ᠰᠣᠯᠣᠮᠣᠨ ᠬᠠᠭᠠᠨ ᠪᠦᠬᠦ ᠢᠰᠷᠧᠯ ᠢ ᠵᠠᠬᠢᠷᠤᠭᠰᠠᠨ ᠪᠠᠢᠨ᠎ᠠ᠃ 2 ᠲᠡᠭᠦᠨ ᠦ ᠲᠦᠰᠢᠮᠡᠳ ᠭᠡᠪᠡᠯ᠄ ᠲᠠᠬᠢᠯᠴᠢ ᠨᠢ ᠽᠠᠳᠣᠺ ᠤᠨ ᠬᠦᠦ ᠠᠽᠠᠷᠢᠶ᠎ᠠ᠂ 3 ᠪᠢᠴᠢᠭᠡᠴᠢ ᠨᠢ ᠰᠢᠱᠠ ᠶᠢᠨ ᠬᠥᠪᠡᠭᠦᠳ ᠪᠣᠯᠬᠤ ᠡᠯᠢᠬᠣᠷᠧᠹ ᠪᠠ ᠠᠾᠢᠶᠠ ᠨᠠᠷ᠂ ᠰᠤᠳᠤᠷᠴᠢ ᠨᠢ ᠠᠾᠢᠯᠦ᠋ᠳ᠋ ᠤᠨ ᠬᠦᠦ ᠶᠧᠬᠣᠱᠠᠹᠠᠲ᠂ 4 ᠴᠡᠷᠢᠭ ᠤᠨ ᠵᠠᠩᠵᠤᠨ ᠨᠢ ᠶᠧᠬᠣᠷᠠᠢᠳᠠ ᠶᠢᠨ ᠬᠦᠦ ᠪᠧᠨᠠᠢᠶ᠎ᠠ᠂ ᠲᠠᠬᠢᠯᠴᠢᠳ ᠨᠢ ᠽᠠᠳᠣᠺ ᠪᠠ ᠠᠪᠢᠶᠠᠲ᠋ᠠᠷ ᠨᠠᠷ᠂ 5 ᠲᠤᠰᠢᠶᠠᠯᠲᠠᠳ ᠤᠨ ᠬᠢᠨᠠᠭᠴᠢ ᠨᠢ ᠨᠠᠲ᠋ᠠᠨ ᠤ ᠬᠦᠦ ᠠᠽᠠᠷᠢᠶ᠎ᠠ᠂ ᠬᠠᠭᠠᠨ ᠤ ᠨᠠᠢᠵᠠ ᠵᠥᠪᠯᠡᠭᠴᠢ ᠨᠢ ᠨᠠᠲ᠋ᠠᠨ ᠤ ᠬᠦᠦ ᠽᠠᠪᠦ᠋ᠳ᠋᠂ 6 ᠣᠷᠳᠣᠨ ᠤ ᠳᠠᠭᠠᠭᠠᠮᠠᠯ ᠨᠢ ᠠᠾᠢᠱᠠᠷ᠂ ᠠᠯᠪᠠᠳᠠᠯᠭ᠎ᠠ ᠶᠢᠨ ᠠᠵᠢᠯ ᠢ ᠬᠢᠨᠠᠭᠴᠢ ᠨᠢ ᠠᠪᠳᠠ ᠶᠢᠨ ᠬᠦᠦ ᠠᠳᠣᠨᠢᠷᠠᠮ ᠪᠠᠢᠯ᠎ᠠ᠃
7 ᠰᠣᠯᠣᠮᠣᠨ ᠢᠰᠷᠧᠯ ᠳᠠᠶᠠᠭᠠᠷ ᠠᠷᠪᠠᠨ ᠬᠣᠶᠠᠷ ᠬᠠᠮᠢᠶᠠᠷᠤᠭᠴᠢ ᠶᠢ ᠲᠣᠮᠢᠯᠠᠵᠠᠢ᠃ ᠲᠡᠳᠡ ᠬᠠᠭᠠᠨ ᠪᠣᠯᠣᠨ ᠲᠡᠭᠦᠨ ᠦ ᠭᠡᠷ ᠦᠨ ᠬᠢᠨ ᠳᠤ ᠬᠦᠨᠡᠰᠦ ᠬᠠᠩ᠋ᠭᠠᠳᠠᠭ ᠪᠥᠭᠡᠳ ᠵᠢᠯ ᠤᠨ ᠲᠤᠷᠰᠢᠳᠠ ᠰᠠᠷ᠎ᠠ ᠰᠠᠷ᠎ᠠ ᠪᠠᠷ ᠡᠭᠡᠯᠵᠢᠯᠡᠳᠡᠭ ᠪᠠᠢᠯ᠎ᠠ᠃ 8 ᠲᠡᠳᠡ ᠨᠠᠷ ᠤᠨ ᠨᠡᠷᠡᠰ ᠨᠢ ᠡᠢᠮᠦ ᠪᠢᠯᠡ᠄ ᠡᠹᠷᠠᠢᠮ ᠠᠭᠤᠯᠠᠨ ᠳᠤ ᠪᠧᠨ ᠾᠦᠷ᠂ 9 ᠮᠠᠺᠠᠽ᠂ ᠱᠠᠯᠪᠢᠮ᠂ ᠪᠧᠲ ᠱᠧᠮᠧᠱ ᠪᠣᠯᠣᠨ ᠡᠯᠣᠨ ᠪᠧᠲ ᠾᠠᠨᠠᠨ ᠳᠤ ᠪᠧᠨ ᠳ᠋ᠧᠺᠧᠷ᠂ 10 ᠠᠷᠦ᠋ᠪᠣᠲ ᠲᠤ ᠪᠧᠨ ᠾᠧᠰᠧᠳᠠ (ᠰᠣᠺᠣ ᠬᠢᠭᠡᠳ ᠾᠧᠹᠧᠷ ᠤᠨ ᠪᠦᠬᠦ ᠨᠤᠲᠤᠭ ᠲᠡᠭᠦᠨ ᠦ ᠬᠢ) 11 ᠳ᠋ᠣᠷ ᠤᠨ ᠪᠦᠬᠦ ᠥᠨᠳᠥᠷᠯᠢᠭ ᠲᠤ ᠪᠧᠨ ᠠᠪᠢᠨᠠᠳᠠᠪ (ᠰᠣᠯᠣᠮᠣᠨ ᠤ ᠥᠬᠢᠨ ᠲᠠᠹᠠᠲ ᠲᠡᠭᠦᠨ ᠦ ᠡᠬᠡᠨᠡᠷ ᠪᠣᠯᠪᠠ)᠂ 12 ᠲᠠᠨᠠᠺ᠂ ᠮᠧᠭᠢᠳᠣ᠋᠂ ᠮᠥᠨ ᠶᠧᠽᠷᠧᠯ ᠤᠨ ᠳᠣᠣᠷᠠᠳᠤ ᠲᠠᠯ᠎ᠠ ᠳᠠᠬᠢ ᠽᠠᠷᠧᠲ᠋ᠠᠨ ᠤ ᠬᠠᠵᠠᠭᠤ ᠳᠠᠬᠢ ᠪᠧᠲ ᠱᠠᠨ ᠤ ᠪᠦᠬᠦ ᠨᠤᠲᠤᠭ᠂ ᠡᠳᠡᠭᠡᠷ ᠦᠨ ᠴᠠᠭᠠᠨ᠎ᠠ ᠳᠠᠬᠢ ᠠᠪᠧᠯ ᠮᠧᠬᠣᠯᠠ᠂ ᠶᠣᠺᠮᠧᠶᠠᠮ ᠳᠤ ᠬᠦᠷᠬᠦ ᠨᠤᠲᠤᠭ ᠲᠤ ᠠᠾᠢᠯᠦ᠋ᠳ᠋ ᠤᠨ ᠬᠦᠦ ᠪᠠᠨ᠎ᠠ᠂ 13 ᠷᠠᠮᠣᠲ ᠭᠢᠯᠧᠶᠠᠳ᠋ ᠲᠤ ᠪᠧᠨ ᠭᠧᠪᠧᠷ (ᠮᠠᠨᠠᠰᠧ ᠶᠢᠨ ᠬᠦᠦ ᠶᠠᠢᠷ ᠤᠨ ᠰᠠᠭᠤᠷᠢᠰᠢᠭᠰᠠᠨ ᠭᠢᠯᠧᠶᠠᠳ᠋ ᠳᠠᠬᠢ ᠲᠣᠰᠬᠣᠳ ᠬᠢᠭᠡᠳ ᠪᠠᠱᠠᠨ ᠳᠠᠬᠢ ᠠᠷᠭᠣᠪ ᠤᠨ ᠪᠦᠰᠡ ᠨᠤᠲᠤᠭ ᠤᠨ ᠬᠦᠷᠡᠯ ᠣᠨᠢᠰᠣ ᠲᠠᠢ᠂ ᠬᠠᠨ᠎ᠠ ᠬᠡᠷᠡᠮ ᠲᠡᠢ ᠵᠢᠷᠠᠨ ᠲᠣᠮᠣ ᠬᠣᠲᠠ ᠪᠦᠭᠦᠳᠡ ᠲᠡᠭᠦᠨ ᠦ ᠬᠢ)᠂ 14 ᠮᠠᠬᠠᠨᠠᠢᠮ ᠳᠤ ᠢᠳᠣ᠋ ᠶᠢᠨ ᠬᠦᠦ ᠠᠾᠢᠨᠠᠳᠠᠪ᠂ 15 ᠨᠠᠹᠲ᠋ᠠᠯᠢ ᠳᠤ ᠠᠾᠢᠮᠠᠽ (ᠲᠡᠷᠡ ᠰᠣᠯᠣᠮᠣᠨ ᠤ ᠥᠭᠡᠷ᠎ᠡ ᠥᠬᠢᠨ ᠪᠠᠰᠧᠮᠠᠲ ᠲᠠᠢ ᠭᠡᠷᠯᠡᠵᠡᠢ)᠂ 16 ᠠᠱᠧᠷ ᠪᠠ ᠪᠧᠶᠠᠯᠣᠲ ᠲᠤ ᠾᠦᠱᠠᠢ ᠶᠢᠨ ᠬᠦᠦ ᠪᠠᠨ᠎ᠠ᠂ 17 ᠢᠰᠠᠺᠠᠷ ᠲᠤ ᠫᠠᠷᠦ᠋ᠶᠠ ᠶᠢᠨ ᠬᠦᠦ ᠶᠧᠬᠣᠱᠠᠹᠠᠲ᠂ 18 ᠪᠢᠨᠶᠠᠮᠢᠨ ᠳᠤ ᠧᠯᠠ ᠶᠢᠨ ᠬᠦᠦ ᠱᠢᠮᠧᠶᠢ᠂ 19 ᠠᠮᠣᠷᠢᠴᠤᠳ ᠤᠨ ᠬᠠᠭᠠᠨ ᠰᠢᠬᠣᠨ ᠪᠣᠯᠣᠨ ᠪᠠᠱᠠᠨ ᠤ ᠬᠠᠭᠠᠨ ᠣᠭ ᠤᠨ ᠨᠤᠲᠤᠭ ᠪᠠᠢᠭᠰᠠᠨ ᠭᠢᠯᠧᠶᠠᠳ᠋ ᠲᠤ ᠦᠦᠷᠢ ᠶᠢᠨ ᠬᠦᠦ ᠭᠧᠪᠧᠷ ᠭᠠᠭᠴᠠᠭᠠᠷ ᠪᠠᠢᠪᠠ᠃ ᠲᠡᠷᠡ ᠭᠠᠵᠠᠷ ᠲᠤ ᠭᠠᠭᠴᠠᠬᠠᠨ ᠬᠠᠮᠢᠶᠠᠷᠤᠭᠴᠢ ᠲᠠᠢ ᠪᠠᠢᠯ᠎ᠠ᠃
ᠰᠣᠯᠣᠮᠣᠨ ᠤ ᠡᠳᠦᠷ ᠦᠨ ᠬᠦᠨᠡᠰᠦ
20 ᠶᠦᠳᠠ ᠪᠣᠯᠣᠨ ᠢᠰᠷᠧᠯ ᠤᠨ ᠠᠷᠠᠳ ᠲᠦᠮᠡᠨ ᠳᠠᠯᠠᠢ ᠶᠢᠨ ᠬᠥᠪᠡᠭᠡᠨ ᠦ ᠡᠯᠡᠰᠦ ᠮᠡᠲᠦ ᠣᠯᠠᠨ ᠪᠠᠢᠭᠰᠠᠨ ᠪᠥᠭᠡᠳ ᠲᠡᠳᠡ ᠢᠳᠡᠵᠦ ᠤᠤᠭᠤᠨ ᠰᠡᠳᠬᠢᠯ ᠬᠠᠩ᠋ᠭᠠᠯᠤᠭᠤᠨ ᠪᠠᠢᠯ᠎ᠠ᠃ 21 ᠡᠶᠦ᠋ᠹᠷᠠᠲ᠋ᠧᠰ ᠮᠥᠷᠡᠨ ᠡᠴᠡ ᠡᠬᠢᠯᠡᠨ ᠹᠢᠯᠢᠰᠲ ᠤᠨ ᠨᠤᠲᠤᠭ ᠢᠶᠠᠷ ᠳᠠᠮᠵᠢᠨ ᠶᠧᠵᠢᠫᠲ ᠤᠨ ᠬᠢᠯᠢ ᠬᠦᠷᠲᠡᠯᠡᠬᠢ ᠪᠦᠬᠦᠢᠯᠡ ᠬᠠᠭᠠᠨᠴᠢᠯᠠᠯ ᠤᠳ ᠢ ᠰᠣᠯᠣᠮᠣᠨ ᠵᠠᠬᠢᠷᠤᠭᠰᠠᠨ ᠪᠠ ᠲᠡᠳᠡ ᠨᠠᠷ ᠠᠮᠢᠳᠤᠷᠠᠯ ᠤᠨ ᠢᠶᠠᠨ ᠪᠦᠬᠦ ᠡᠳᠦᠷ ᠦᠨ ᠲᠤᠷᠰᠢᠳᠠ ᠰᠣᠯᠣᠮᠣᠨ ᠳᠤ ᠠᠯᠪᠠ ᠭᠤᠪᠴᠢᠭᠤᠷ ᠪᠠᠷᠢᠨ ᠦᠢᠯᠡᠴᠢᠯᠡᠳᠡᠭ᠌ ᠪᠠᠢᠯ᠎ᠠ᠃
22 ᠰᠣᠯᠣᠮᠣᠨ ᠤ ᠨᠢᠭᠡ ᠡᠳᠦᠷ ᠦᠨ ᠬᠡᠷᠡᠭᠯᠡᠬᠦ ᠬᠦᠨᠡᠰᠦ ᠨᠢ ᠭᠤᠴᠢᠨ ᠺᠣᠷ 3 ᠨᠠᠷᠢᠯᠢᠭ᠋ ᠭᠤᠯᠢᠷ᠂ ᠵᠢᠷᠠᠨ ᠺᠣᠷ 4 ᠪᠦᠳᠦᠭᠦᠯᠢᠭ ᠭᠤᠯᠢᠷ᠂ 23 ᠠᠷᠪᠠᠨ ᠪᠣᠷᠳᠣᠭᠰᠠᠨ ᠱᠠᠷ᠂ ᠬᠣᠷᠢᠨ ᠪᠡᠯᠴᠢᠭᠡᠷ ᠦᠨ ᠦᠬᠡᠷ᠂ ᠵᠠᠭᠤᠨ ᠬᠣᠨᠢᠨ ᠠᠴᠠ ᠭᠠᠳᠠᠨ᠎ᠠ ᠪᠤᠭᠤ᠂ ᠭᠥᠷᠥᠭᠡᠰᠦ᠂ ᠰᠣᠭᠣ᠂ ᠲᠡᠵᠢᠭᠡᠭᠰᠡᠨ ᠰᠢᠪᠠᠭᠤ ᠵᠡᠷᠭᠡ ᠪᠠᠢᠯ᠎ᠠ᠃ 24 ᠰᠣᠯᠣᠮᠣᠨ ᠲᠢᠹᠰᠠ ᠠᠴᠠ ᠭᠠᠽᠠ ᠬᠦᠷᠲᠡᠯ᠎ᠡ᠂ ᠡᠶᠦ᠋ᠹᠷᠠᠲ᠋ᠧᠰ ᠮᠥᠷᠡᠨ ᠦ ᠪᠠᠷᠠᠭᠤᠨ ᠲᠠᠯ᠎ᠠ ᠶᠢᠨ ᠪᠦᠬᠦ ᠭᠠᠵᠠᠷ ᠳᠠᠬᠢ ᠪᠦᠬᠦ ᠬᠠᠭᠠᠨ ᠢ ᠡᠷᠬᠡᠨ ᠳᠡᠭᠡᠨ ᠣᠷᠣᠭᠤᠯᠤᠭᠰᠠᠨ ᠳᠤ ᠡᠷᠭᠢᠨ ᠲᠣᠭᠣᠷᠢᠨ ᠤ ᠪᠦᠬᠦ ᠲᠠᠯ᠎ᠠ ᠳᠤ ᠠᠮᠤᠷ ᠠᠮᠤᠭᠤᠯᠠᠩ ᠪᠠᠢᠪᠠ᠃ 25 ᠳ᠋ᠠᠨ ᠠᠴᠠ ᠪᠧᠷᠣᠲ ᠱᠧᠪᠠ ᠬᠦᠷᠲᠡᠯᠡᠬᠢ ᠶᠦᠳᠠ ᠪᠠ ᠢᠰᠷᠧᠯ ᠰᠣᠯᠣᠮᠣᠨ ᠤ ᠪᠦᠬᠦ ᠡᠳᠦᠷ ᠤᠳ ᠲᠤ ᠬᠥᠮᠦᠨ ᠪᠦᠷᠢ ᠦᠵᠦᠮ᠂ ᠢᠨᠵᠢᠷ ᠤᠨ ᠮᠣᠳᠣᠨ ᠤ ᠪᠠᠨ ᠳᠣᠣᠷ᠎ᠠ ᠠᠮᠤᠷ ᠵᠢᠮᠦᠷ ᠠᠮᠢᠳᠤᠷᠠᠨ ᠰᠠᠭᠤᠳᠠᠭ ᠪᠠᠢᠪᠠ᠃ 26 ᠰᠣᠯᠣᠮᠣᠨ ᠳᠥᠷᠪᠡᠨ ᠮᠢᠩ᠋ᠭᠠᠨ ᠲᠡᠷᠭᠡᠨ ᠮᠣᠷᠢᠨ ᠤ ᠬᠠᠰᠢᠶ᠎ᠠ ᠲᠠᠢ ᠪᠥᠭᠡᠳ ᠲᠦᠮᠡ ᠬᠣᠶᠠᠷ ᠮᠢᠩ᠋ᠭᠠᠨ ᠠᠳᠤᠭᠤ 5 ᠲᠠᠢ ᠪᠠᠢᠪᠠ᠃ 27 ᠨᠥᠭᠥᠭᠡ ᠬᠠᠮᠢᠶᠠᠷᠤᠭᠴᠢᠳ ᠨᠢ ᠡᠭᠡᠯᠵᠢ ᠶᠢᠨ ᠰᠠᠷ᠎ᠠ ᠳᠠᠭᠠᠨ ᠰᠣᠯᠣᠮᠣᠨ ᠬᠠᠭᠠᠨ ᠪᠣᠯᠣᠨ ᠬᠠᠭᠠᠨ ᠤ ᠰᠢᠷᠡᠭᠡᠨ ᠳᠦ ᠢᠷᠡᠬᠦ ᠪᠦᠬᠦ ᠬᠥᠮᠦᠨ ᠦ ᠬᠣᠭᠣᠯᠠᠯᠠᠬᠤ ᠶᠠᠭᠤᠮᠠᠰ ᠢ ᠳᠤᠲᠠᠭᠤᠯᠤᠯ ᠦᠭᠡᠢ ᠬᠠᠩ᠋ᠭᠠᠳᠠᠭ᠃ 28 ᠲᠡᠳᠡ ᠪᠠᠰᠠ ᠲᠡᠷᠭᠡᠨ ᠦ ᠮᠣᠷᠢᠳ ᠪᠣᠯᠣᠨ ᠥᠭᠡᠷ᠎ᠡ ᠮᠣᠷᠢᠳ ᠲᠤ ᠠᠷᠪᠠᠢ ᠪᠣᠯᠣᠨ ᠰᠦᠷᠡᠯ ᠢ ᠲᠣᠭᠲᠠᠭᠠᠭᠰᠠᠨ ᠬᠡᠮᠵᠢᠶᠡᠨ ᠦ ᠶᠣᠰᠣᠭᠠᠷ ᠮᠣᠷᠢᠳ ᠤᠨ ᠪᠠᠢᠭ᠎ᠠ ᠭᠠᠵᠠᠷ ᠲᠤ ᠠᠪᠴᠢᠷᠠᠳᠠᠭ ᠪᠠᠢᠪᠠ᠃
ᠰᠣᠯᠣᠮᠣᠨ ᠤ ᠮᠡᠷᠭᠡᠨ ᠤᠬᠠᠭᠠᠨ
29 ᠪᠤᠷᠬᠠᠨ ᠰᠣᠯᠣᠮᠣᠨ ᠳᠤ ᠮᠡᠷᠭᠡᠨ ᠤᠬᠠᠭᠠᠨ᠂ ᠦᠯᠡᠮᠵᠢ ᠶᠡᠬᠡ ᠣᠢᠯᠠᠭᠠᠯᠲᠠ ᠪᠣᠯᠣᠨ ᠳᠠᠯᠠᠢ ᠶᠢᠨ ᠬᠥᠪᠡᠭᠡᠨ ᠦ ᠡᠯᠡᠰᠦ ᠮᠡᠲᠦ ᠬᠡᠮᠵᠢᠶᠡᠯᠡᠰᠢ ᠦᠭᠡᠢ ᠶᠡᠬᠡ ᠣᠶᠤᠨ ᠤ ᠴᠢᠳᠠᠮᠵᠢ ᠶᠢ ᠰᠣᠶᠣᠷᠬᠠᠵᠠᠢ᠃ 30 ᠰᠣᠯᠣᠮᠣᠨ ᠤ ᠮᠡᠷᠭᠡᠨ ᠤᠬᠠᠭᠠᠨ ᠳᠣᠷᠣᠨ᠎ᠠ ᠶᠢᠨ ᠪᠦᠬᠦ ᠬᠥᠮᠦᠨ ᠦ ᠮᠡᠷᠭᠡᠨ ᠤᠬᠠᠭᠠᠨ ᠪᠣᠯᠣᠨ ᠶᠧᠵᠢᠫᠲ ᠤᠨ ᠪᠦᠬᠦ ᠮᠡᠷᠭᠡᠨ ᠤᠬᠠᠭᠠᠨ ᠠᠴᠠ ᠴᠤ ᠳᠠᠪᠠᠵᠠᠢ᠃ 31 ᠲᠡᠷᠡ ᠡᠽᠷᠠ ᠬᠥᠮᠦᠨ ᠡᠲ᠋ᠠᠨ᠂ ᠮᠠᠬᠣᠯ ᠤᠨ ᠬᠥᠪᠡᠭᠦᠳ ᠾᠧᠮᠠᠨ᠂ ᠺᠠᠯᠺᠣᠯ ᠪᠣᠯᠣᠨ ᠳ᠋ᠠᠷᠳᠠ ᠵᠡᠷᠭᠡ ᠠᠯᠢ ᠴᠤ ᠬᠥᠮᠦᠨ ᠡᠴᠡ ᠢᠯᠡᠭᠦᠦ ᠮᠡᠷᠭᠡᠨ ᠪᠣᠯᠬᠣᠷ ᠨᠡᠷ᠎ᠡ ᠠᠯᠳᠠᠷ ᠨᠢ ᠡᠷᠭᠢᠨ ᠲᠣᠭᠣᠷᠢᠨ ᠤ ᠦᠨᠳᠦᠰᠦᠲᠡᠨ ᠳᠠᠶᠠᠭᠠᠷ ᠳᠠᠭᠤᠷᠢᠰᠤᠭᠰᠠᠨ ᠪᠠᠢᠯ᠎ᠠ᠃ 32 ᠲᠡᠷᠡ ᠭᠤᠷᠪᠠᠨ ᠮᠢᠩ᠋ᠭᠠᠨ ᠵᠦᠢᠷ ᠮᠡᠷᠭᠡᠨ ᠦᠭᠡ ᠶᠠᠷᠢᠵᠤ᠂ ᠮᠢᠩ᠋ᠭ᠎ᠠ ᠪᠥᠭᠡᠳ ᠲᠠᠪᠤᠨ ᠳᠠᠭᠤᠤ ᠵᠣᠬᠢᠶᠠᠵᠠᠢ᠃ 33 ᠲᠡᠷᠡ ᠯᠧᠪᠠᠨᠣᠨ ᠤ ᠬᠤᠱᠢ ᠮᠣᠳᠣᠨ ᠠᠴᠠ ᠡᠬᠢᠯᠡᠭᠡᠳ ᠬᠠᠨ᠎ᠠ ᠳᠠᠪᠠᠨ ᠤᠷᠭᠤᠳᠠᠭ ᠾᠢᠰᠣᠫ ᠬᠦᠷᠲᠡᠯ᠎ᠡ ᠠᠯᠢᠪᠠ ᠮᠣᠳᠣ ᠤᠷᠭᠤᠮᠠᠯ ᠤᠨ ᠲᠤᠬᠠᠢ ᠥᠭᠦᠯᠡᠵᠦ᠂ ᠮᠥᠨ ᠠᠩ ᠠᠮᠢᠲᠠᠳ᠂ ᠰᠢᠪᠠᠭᠤᠳ᠂ ᠬᠡᠪᠡᠯᠢ ᠪᠠᠷ ᠢᠶᠠᠨ ᠶᠠᠪᠤᠭᠴᠢᠳ᠂ ᠵᠢᠭᠠᠰᠤᠨ ᠤ ᠲᠤᠬᠠᠢ ᠴᠤ ᠥᠭᠦᠯᠡᠳᠡᠭ ᠪᠠᠢᠪᠠ᠃ 34 ᠲᠡᠭᠦᠨ ᠦ ᠮᠡᠷᠭᠡᠨ ᠤᠬᠠᠭᠠᠨ ᠤ ᠲᠤᠬᠠᠢ ᠳᠤᠭᠤᠯᠤᠭᠰᠠᠨ ᠭᠠᠵᠠᠷ ᠳᠡᠯᠡᠬᠡᠢ ᠶᠢᠨ ᠠᠯᠢᠪᠠ ᠦᠨᠳᠦᠰᠦᠲᠡᠨ ᠦ ᠠᠯᠢᠪᠠ ᠬᠠᠭᠠᠳ ᠤᠨ ᠬᠢᠨᠢ ᠢᠯᠡᠭᠡᠭᠰᠡᠨ ᠬᠥᠮᠦᠰ ᠰᠣᠯᠣᠮᠣᠨ ᠤ ᠮᠡᠷᠭᠡᠨ ᠤᠬᠠᠭᠠᠨ ᠢ ᠰᠣᠨᠣᠰᠬᠤ ᠪᠠᠷ ᠢᠷᠡᠳᠡᠭ ᠪᠠᠢᠵᠠᠢ᠃