1 2 3 4 5 6 7 8 9 10 11 12 13 14 15 16 17 18 19 20 21 22


ᠬᠠᠭᠠᠳ ᠤᠨ ᠳᠡᠭᠡᠳᠦ ᠠᠷᠪᠠᠨ ᠵᠢᠷᠭᠤᠭ᠎ᠠ

1 ᠶᠣᠬᠣᠸᠠ ᠶᠢᠨ ᠦᠭᠡ ᠬᠠᠨᠠᠨᠢ ᠶᠢᠨ ᠬᠦᠦ ᠶᠧᠾᠦ᠋ ᠳᠤ ᠪᠠᠭᠤᠵᠤ ᠪᠠᠱᠠ ᠶᠢᠨ ᠲᠤᠬᠠᠢ ᠠᠢᠯᠠᠳᠤᠨ᠄ 2 《ᠪᠢ ᠴᠢᠮᠠᠶᠢ ᠲᠣᠭᠣᠰᠣ ᠰᠢᠷᠣᠢ ᠠᠴᠠ ᠲᠠᠲᠠᠨ ᠪᠣᠰᠬᠠᠵᠤ᠂ ᠮᠢᠨᠦ ᠠᠷᠠᠳ ᠲᠦᠮᠡᠨ ᠢᠰᠷᠧᠯ ᠤᠨ ᠤᠳᠤᠷᠢᠳᠤᠭᠴᠢ ᠪᠣᠯᠭᠠᠭᠰᠠᠨ ᠠᠲᠠᠯ᠎ᠠ ᠴᠢ ᠶᠧᠷᠣᠪᠣᠶᠠᠮ ᠤᠨ ᠵᠠᠮ ᠢᠶᠠᠷ ᠶᠠᠪᠤᠵᠤ᠂ ᠮᠢᠨᠦ ᠠᠷᠠᠳ ᠲᠦᠮᠡᠨ ᠢᠰᠷᠧᠯ ᠢᠶᠠᠷ ᠨᠢᠭᠦᠯ ᠦᠢᠯᠡᠳᠦᠭᠦᠯᠵᠦ᠂ ᠲᠡᠳᠡᠨ ᠦ ᠨᠢᠭᠦᠯ ᠤᠳ ᠢᠶᠠᠷ ᠨᠠᠮᠠᠶᠢ ᠬᠢᠯᠢᠩᠨᠡᠭᠦᠯᠦᠭᠰᠡᠨ ᠪᠠᠢᠨ᠎ᠠ᠃ 3 ᠠᠩ᠋ᠬᠠᠷᠤᠭᠲᠤᠨ᠂ ᠪᠢ ᠪᠠᠱᠠ ᠴᠢᠮᠠᠶᠢ ᠪᠣᠯᠣᠨ ᠴᠢᠨᠦ ᠭᠡᠷ ᠢ ᠠᠷᠴᠢᠨ ᠬᠠᠶᠠᠨ᠎ᠠ᠃ ᠴᠢᠨᠦ ᠭᠡᠷ ᠢ ᠪᠢ ᠨᠧᠪᠠᠲ ᠤᠨ ᠬᠦᠦ ᠶᠧᠷᠣᠪᠣᠶᠠᠮ ᠤᠨ ᠭᠡᠷ ᠲᠡᠢ ᠠᠳᠠᠯᠢ ᠪᠣᠯᠭᠠᠨ᠎ᠠ᠃ 4 ᠪᠠᠱᠠ ᠶᠢᠨ ᠬᠢ ᠡᠴᠡ ᠬᠣᠲᠠ ᠳᠤ ᠦᠬᠦᠭᠰᠡᠨ ᠢ ᠨᠢ ᠨᠣᠬᠠᠳ ᠢᠳᠡᠵᠦ᠂ ᠲᠠᠯ᠎ᠠ ᠳᠤ ᠦᠬᠦᠭᠰᠡᠨ ᠢ ᠨᠢ ᠣᠭᠲᠠᠷᠭᠤᠢ ᠶᠢᠨ ᠰᠢᠪᠠᠭᠤᠳ ᠢᠳᠡᠬᠦ ᠪᠣᠯᠣᠨ᠎ᠠ》 ᠭᠡᠯ᠎ᠡ᠃

5 ᠪᠠᠱᠠ ᠶᠢᠨ ᠪᠤᠰᠤᠳ ᠶᠠᠪᠤᠳᠠᠯ᠂ ᠲᠡᠭᠦᠨ ᠦ ᠦᠢᠯᠡᠰ ᠪᠣᠯᠣᠨ ᠡᠷᠬᠡ ᠮᠡᠳᠡᠯ ᠢᠰᠷᠧᠯ ᠤᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 6 ᠪᠠᠱᠠ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠵᠤ᠂ ᠲᠢᠷᠽᠠ ᠳᠤ ᠣᠷᠣᠰᠢᠭᠤᠯᠤᠭᠳᠠᠵᠠᠢ᠃ ᠬᠦᠦ ᠡᠯᠠ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃ 7 ᠲᠡᠢᠨ ᠬᠦ ᠪᠠᠱᠠ ᠪᠣᠯᠣᠨ ᠲᠡᠭᠦᠨ ᠦ ᠭᠡᠷ ᠦᠨ ᠬᠢᠨ ᠤ ᠳᠡᠭᠡᠷ᠎ᠡ ᠶᠣᠬᠣᠸᠠ ᠶᠢᠨ ᠦᠭᠡ ᠬᠠᠨᠠᠨᠢ ᠶᠢᠨ ᠬᠦᠦ ᠡᠰᠢ ᠦᠵᠡᠭᠦᠯᠦᠭᠴᠢ ᠶᠧᠾᠦ᠋ ᠪᠠᠷ ᠳᠠᠮᠵᠢᠭᠤᠯᠤᠨ ᠪᠠᠭᠤᠵᠤ ᠢᠷᠡᠭᠰᠡᠨ ᠨᠢ ᠪᠠᠱᠠ ᠶᠣᠬᠣᠸᠠ ᠶᠢᠨ ᠮᠡᠯᠮᠡᠢ ᠶᠢᠨ ᠡᠮᠦᠨ᠎ᠡ ᠠᠯᠢᠪᠠ ᠪᠤᠵᠠᠷ ᠮᠠᠭᠤ ᠶᠢ ᠦᠢᠯᠡᠳᠴᠦ᠂ ᠭᠠᠷ ᠤᠨ ᠢᠶᠠᠨ ᠦᠢᠯᠡᠰ ᠢᠶᠡᠷ ᠶᠣᠬᠣᠸᠠ ᠶᠢ ᠬᠢᠯᠢᠩᠨᠡᠭᠦᠯᠦᠨ ᠶᠧᠷᠣᠪᠣᠶᠠᠮ ᠤᠨ ᠭᠡᠷ ᠦᠨ ᠬᠢᠨ ᠤ ᠠᠳᠠᠯᠢ ᠪᠣᠯᠣᠭᠰᠠᠨ ᠪᠥᠭᠡᠳ ᠮᠥᠨ ᠲᠡᠭᠦᠨ ᠦ ᠭᠡᠷ ᠦᠨ ᠬᠢᠨ ᠢ ᠬᠥᠨᠥᠭᠡᠭᠰᠡᠨ ᠤᠴᠢᠷ ᠠᠴᠠ ᠪᠢᠯᠡ᠃

8 ᠶᠦᠳᠠ ᠶᠢᠨ ᠬᠠᠭᠠᠨ ᠠᠰᠠ ᠶᠢᠨ ᠬᠣᠷᠢᠨ ᠵᠢᠷᠭᠤᠳᠤᠭᠠᠷ ᠣᠨ ᠳᠤ᠂ ᠪᠠᠱᠠ ᠶᠢᠨ ᠬᠦᠦ ᠡᠯᠠ ᠲᠢᠷᠽᠠ ᠳᠤ ᠢᠰᠷᠧᠯ ᠤᠨ ᠬᠠᠭᠠᠨ ᠪᠣᠯᠵᠤ᠂ ᠬᠣᠶᠠᠷ ᠵᠢᠯ ᠬᠠᠭᠠᠨᠴᠢᠯᠠᠵᠠᠢ᠃ 9 ᠬᠠᠷᠢᠨ ᠲᠡᠭᠦᠨ ᠦ ᠲᠦᠰᠢᠮᠡᠯ ᠪᠥᠭᠡᠳ ᠲᠡᠭᠦᠨ ᠦ ᠲᠡᠷᠭᠡᠲᠦ ᠴᠡᠷᠢᠭ ᠤᠨ ᠬᠠᠭᠠᠰ ᠢ ᠤᠳᠤᠷᠢᠳᠤᠳᠠᠭ ᠵᠠᠩᠵᠤᠨ ᠽᠢᠮᠷᠢ ᠬᠤᠤᠪᠢᠯᠳᠤᠭᠠᠨ ᠭᠠᠷᠭᠠᠭᠰᠠᠨ ᠪᠠᠢᠯ᠎ᠠ᠃ ᠡᠯᠠ ᠲᠢᠷᠽᠠ ᠳᠤ ᠦᠯᠡᠳᠡᠭᠡᠳ ᠣᠷᠳᠣᠨ ᠤ ᠳᠠᠭᠠᠭᠠᠮᠠᠯ ᠠᠷᠽᠠ ᠶᠢᠨ ᠭᠡᠷ ᠲᠦ ᠤᠤᠭᠤᠵᠤ ᠰᠣᠭᠲᠣᠭᠠᠳ ᠪᠠᠢᠬᠤ ᠳᠤᠨᠢ᠂ 10 ᠽᠢᠮᠷᠢ ᠣᠷᠣᠵᠤ ᠢᠷᠡᠨ ᠡᠯᠠ ᠶᠢ ᠴᠣᠬᠢᠵᠤ ᠠᠯᠠᠪᠠ᠃ ᠡᠨᠡ ᠶᠠᠪᠤᠳᠠᠯ ᠶᠦᠳᠠ ᠶᠢᠨ ᠬᠠᠭᠠᠨ ᠠᠰᠠ ᠶᠢᠨ ᠬᠣᠷᠢᠨ ᠳᠣᠯᠣᠳᠤᠭᠠᠷ ᠣᠨ ᠳᠤ ᠪᠣᠯᠵᠠᠢ᠃ ᠲᠡᠢᠨ ᠬᠦ ᠽᠢᠮᠷᠢ ᠡᠯᠠ ᠶᠢᠨ ᠣᠷᠣᠨ ᠳᠤ ᠢᠰᠷᠧᠯ ᠤᠨ ᠬᠠᠭᠠᠨ ᠪᠣᠯᠪᠠ᠃

11 ᠽᠢᠮᠷᠢ ᠬᠠᠭᠠᠨ ᠪᠣᠯᠵᠤ᠂ ᠰᠡᠨᠲᠢ ᠳᠤ ᠵᠠᠯᠠᠷᠠᠩ᠋ᠭᠤᠲᠠ ᠪᠠᠨ ᠪᠠᠱᠠ ᠶᠢᠨ ᠪᠦᠬᠦ ᠭᠡᠷ ᠦᠨ ᠬᠢᠨ ᠢ ᠴᠣᠬᠢᠵᠤ᠂ ᠲᠥᠷᠥᠯ ᠲᠥᠷᠥᠭᠰᠡᠳ᠂ ᠨᠠᠢᠵᠠ ᠨᠥᠬᠥᠳ ᠡᠴᠡ ᠨᠢ ᠭᠠᠭᠴᠠ ᠡᠷ᠎ᠡ ᠬᠦᠢᠰᠦᠲᠡᠨ ᠢ ᠴᠤ ᠦᠯᠡᠳᠡᠭᠡᠭᠡ ᠦᠭᠡᠢ᠃ 12 ᠽᠢᠮᠷᠢ ᠪᠠᠱᠠ ᠶᠢᠨ ᠪᠦᠬᠦ ᠭᠡᠷ ᠦᠨ ᠬᠢᠨ ᠢ ᠡᠢᠨ ᠬᠦ ᠤᠰᠠᠳᠬᠠᠭᠰᠠᠨ ᠨᠢ ᠶᠣᠬᠣᠸᠠ ᠡᠰᠢ ᠦᠵᠡᠭᠦᠯᠦᠭᠴᠢ ᠶᠧᠾᠦ᠋ ᠪᠠᠷ ᠳᠠᠮᠵᠢᠭᠤᠯᠤᠨ ᠪᠠᠱᠠ ᠶᠢᠨ ᠲᠤᠬᠠᠢ ᠠᠢᠯᠠᠳᠤᠭᠰᠠᠨ ᠶᠣᠰᠣᠭᠠᠷ ᠪᠣᠯᠵᠠᠢ᠃ 13 ᠡᠨᠡ ᠨᠢ ᠪᠠᠱᠠ ᠪᠣᠯᠣᠨ ᠲᠡᠭᠦᠨ ᠦ ᠬᠦᠦ ᠡᠯᠠ ᠶᠢᠨ ᠬᠠᠮᠤᠭ ᠨᠢᠭᠦᠯ ᠦᠨ ᠤᠴᠢᠷ ᠢᠶᠠᠷ ᠪᠢᠯᠡ᠃ ᠲᠡᠳᠡ ᠥᠪᠡᠷᠰᠡᠳ ᠢᠶᠡᠨ ᠨᠢᠭᠦᠯ ᠦᠢᠯᠡᠳᠴᠦ᠂ ᠪᠠᠰᠠ ᠢᠰᠷᠧᠯ ᠢᠶᠠᠷ ᠨᠢᠭᠦᠯ ᠦᠢᠯᠡᠳᠦᠭᠦᠯᠦᠭᠰᠡᠨ ᠶᠤᠮ᠃ ᠲᠡᠳᠡ ᠰᠢᠲᠦᠭᠡᠨ ᠨᠦᠭᠦᠳ ᠢᠶᠡᠷ ᠢᠶᠠᠨ ᠢᠰᠷᠧᠯ ᠤᠨ ᠪᠤᠷᠬᠠᠨ ᠶᠣᠬᠣᠸᠠ ᠶᠢ ᠬᠢᠯᠢᠩᠨᠡᠭᠦᠯᠵᠡᠢ᠃ 14 ᠡᠯᠠ ᠶᠢᠨ ᠪᠤᠰᠤᠳ ᠶᠠᠪᠤᠳᠠᠯ ᠪᠣᠯᠣᠨ ᠲᠡᠭᠦᠨ ᠦ ᠬᠢᠭᠰᠡᠨ ᠪᠦᠬᠦᠨ ᠢᠰᠷᠧᠯ ᠤᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖

15 ᠶᠦᠳᠠ ᠶᠢᠨ ᠠᠰᠠ ᠬᠠᠭᠠᠨ ᠤ ᠬᠣᠷᠢᠨ ᠳᠣᠯᠣᠳᠤᠭᠠᠷ ᠣᠨ ᠳᠤ᠂ ᠽᠢᠮᠷᠢ ᠲᠢᠷᠽᠠ ᠳᠤ ᠳᠣᠯᠣᠭᠠᠨ ᠡᠳᠦᠷ ᠬᠠᠭᠠᠨᠴᠢᠯᠠᠪᠠ᠃ ᠲᠤᠬᠠᠢ ᠶᠢᠨ ᠦᠶ᠎ᠡ ᠳᠦ ᠴᠡᠷᠢᠭ ᠨᠢ ᠹᠢᠯᠢᠰᠲ ᠤᠨ ᠭᠠᠵᠠᠷ ᠳᠠᠬᠢ ᠭᠢᠪᠧᠲ᠋ᠣᠨ ᠤ ᠬᠠᠷᠠᠯᠳᠤᠭ᠎ᠠ ᠬᠤᠸᠠᠷᠠᠩᠨᠠᠨ ᠪᠠᠭᠤᠭᠰᠠᠨ ᠪᠠᠢᠯ᠎ᠠ᠃ 16 ᠽᠢᠮᠷᠢ ᠶᠢᠨ ᠬᠤᠤᠪᠢᠯᠳᠤᠭᠠᠨ ᠭᠠᠷᠭᠠᠵᠤ᠂ ᠬᠠᠭᠠᠨ ᠢ ᠬᠣᠷᠣᠭᠠᠭᠰᠠᠨ ᠢ ᠰᠣᠨᠣᠰᠣᠭᠠᠳ᠂ ᠬᠤᠸᠠᠷᠠᠨ ᠳᠤ ᠪᠠᠢᠭᠰᠠᠨ ᠢᠰᠷᠧᠯᠴᠦᠳ ᠪᠦᠭᠦᠳᠡᠭᠡᠷ ᠢᠶᠡᠨ ᠲᠡᠷᠡ ᠡᠳᠦᠷ ᠲᠡᠭᠡᠨ ᠴᠡᠷᠢᠭ ᠤᠨ ᠵᠠᠩᠵᠤᠨ ᠣᠮᠷᠢ ᠪᠠᠨ ᠢᠰᠷᠧᠯ ᠤᠨ ᠬᠠᠭᠠᠨ ᠪᠣᠯᠭᠠᠨ ᠬᠤᠸᠠᠷᠠᠨ ᠳᠠᠭᠠᠨ ᠡᠷᠭᠦᠮᠵᠢᠯᠡᠪᠡ᠃ 17 ᠲᠡᠭᠡᠭᠡᠳ ᠣᠮᠷᠢ ᠪᠦᠬᠦ ᠢᠰᠷᠧᠯ ᠢ ᠳᠠᠭᠠᠭᠤᠯᠤᠨ ᠭᠢᠪᠧᠲ᠋ᠣᠨ ᠠᠴᠠ ᠭᠠᠷᠴᠤ ᠢᠷᠡᠭᠡᠳ ᠲᠢᠷᠽᠠ ᠶᠢ ᠪᠦᠰᠡᠯᠡᠪᠡ᠃ 18 ᠽᠢᠮᠷᠢ ᠬᠣᠲᠠ ᠶᠢᠨ ᠢᠶᠠᠨ ᠡᠵᠡᠯᠡᠭᠳᠡᠭᠰᠡᠨ ᠢ ᠮᠡᠳᠡᠭᠡᠳ ᠬᠠᠭᠠᠨ ᠤ ᠣᠷᠳᠣᠨ ᠤ ᠰᠢᠯᠲᠦᠭᠡᠨ 23 ᠤᠷᠤᠭᠤ ᠣᠷᠣᠵᠤ ᠣᠷᠳᠣᠨ ᠢ ᠭᠠᠯᠳᠠᠭᠠᠳ ᠥᠪᠡᠷ ᠢᠶᠡᠨ ᠰᠢᠲᠠᠭᠳᠠᠨ ᠦᠬᠦᠪᠡ᠃ 19 ᠡᠨᠡ ᠨᠢ ᠽᠢᠮᠷᠢ ᠶᠣᠬᠣᠸᠠ ᠶᠢᠨ ᠮᠡᠯᠮᠡᠢ ᠶᠢᠨ ᠡᠮᠦᠨ᠎ᠡ ᠪᠤᠵᠠᠷ ᠮᠠᠭᠤ ᠶᠢ ᠦᠢᠯᠡᠳᠦᠭᠰᠡᠨ ᠦ ᠤᠴᠢᠷ ᠠᠴᠠ ᠪᠢᠯᠡ᠃ ᠲᠡᠷᠡ ᠶᠧᠷᠣᠪᠣᠶᠠᠮ ᠤᠨ ᠵᠠᠮ ᠢᠶᠠᠷ ᠶᠠᠪᠤᠵᠤ᠂ ᠢᠰᠷᠧᠯ ᠢᠶᠠᠷ ᠨᠢᠭᠦᠯ ᠦᠢᠯᠡᠳᠦᠭᠦᠯᠦᠭᠰᠡᠨ ᠨᠢᠭᠦᠯ ᠲᠡᠢ ᠶᠤᠮ᠃ 20 ᠽᠢᠮᠷᠢ ᠶᠢᠨ ᠪᠤᠰᠤᠳ ᠶᠠᠪᠤᠳᠠᠯ ᠪᠣᠯᠣᠨ ᠲᠡᠭᠦᠨ ᠦ ᠭᠠᠷᠭᠠᠭᠰᠠᠨ ᠬᠤᠤᠪᠢᠯᠳᠤᠭᠠᠨ ᠢᠰᠷᠧᠯ ᠤᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖

21 ᠲᠡᠷᠡ ᠦᠶ᠎ᠡ ᠳᠦ ᠢᠰᠷᠧᠯ ᠤᠨ ᠠᠷᠠᠳ ᠲᠦᠮᠡᠨ ᠬᠣᠶᠠᠷ ᠬᠡᠰᠡᠭ ᠲᠦ ᠬᠤᠪᠢᠶᠠᠭᠳᠠᠭᠠᠳ᠂ ᠨᠢᠭᠡ ᠬᠠᠭᠠᠰ ᠨᠢ ᠭᠢᠨᠠᠲ ᠤᠨ ᠬᠦᠦ ᠲᠢᠪᠨᠢ ᠶᠢ ᠳᠠᠭᠠᠵᠤ᠂ ᠨᠥᠭᠥᠭᠡ ᠬᠠᠭᠠᠰ ᠨᠢ ᠣᠮᠷᠢ ᠶᠢ ᠳᠠᠭᠠᠵᠤ ᠥᠪᠡᠷ ᠥᠪᠡᠷ ᠦᠨ ᠢᠶᠠᠨ ᠬᠠᠭᠠᠨ ᠪᠣᠯᠭᠠᠬᠤ ᠭᠡᠵᠦ ᠪᠠᠢᠯ᠎ᠠ᠃ 22 ᠣᠮᠷᠢ ᠶᠢ ᠳᠠᠭᠠᠭᠰᠠᠨ ᠣᠯᠠᠨ ᠭᠢᠨᠠᠲ ᠤᠨ ᠬᠦᠦ ᠲᠢᠪᠨᠢ ᠶᠢ ᠳᠠᠭᠠᠭᠰᠠᠨ ᠣᠯᠠᠨ ᠢ ᠳᠡᠢᠯᠦᠭᠰᠡᠨ ᠢᠶᠡᠷ ᠲᠢᠪᠨᠢ ᠦᠬᠦᠵᠦ᠂ ᠣᠮᠷᠢ ᠬᠠᠭᠠᠨ ᠪᠣᠯᠪᠠ᠃ 23 ᠶᠦᠳᠠ ᠶᠢᠨ ᠬᠠᠭᠠᠨ ᠠᠰᠠ ᠶᠢᠨ ᠭᠤᠴᠢᠨ ᠨᠢᠭᠡᠳᠦᠭᠡᠷ ᠣᠨ ᠳᠤ᠂ ᠣᠮᠷᠢ ᠢᠰᠷᠧᠯ ᠤᠨ ᠬᠠᠭᠠᠨ ᠪᠣᠯᠵᠤ᠂ ᠠᠷᠪᠠᠨ ᠬᠣᠶᠠᠷ ᠵᠢᠯ ᠵᠠᠬᠢᠷᠪᠠ᠃ ᠲᠡᠷᠡ ᠲᠢᠷᠽᠠ ᠳᠤ ᠵᠢᠷᠭᠤᠭᠠᠨ ᠵᠢᠯ ᠬᠠᠭᠠᠨᠴᠢᠯᠠᠭᠰᠠᠨ ᠪᠥᠭᠡᠳ 24 ᠰᠡᠭᠦᠯᠡᠷ ᠨᠢ ᠱᠧᠮᠧᠷ ᠡᠴᠡ ᠬᠣᠶᠠᠷ ᠮᠥᠩᠭᠥᠨ ᠲᠠᠯᠠᠨᠲ 24  ᠢᠶᠠᠷ ᠰᠠᠮᠠᠷᠢᠶ᠎ᠠ ᠶᠢᠨ ᠲᠣᠯᠣᠭᠠᠳ ᠢ ᠬᠤᠳᠠᠯᠳᠤᠵᠤ ᠠᠪᠤᠭᠠᠳ ᠲᠡᠷᠡ ᠬᠦ ᠲᠣᠯᠣᠭᠠᠳ ᠤᠨ ᠳᠡᠭᠡᠷ᠎ᠡ ᠬᠣᠲᠠ ᠪᠠᠢᠭᠤᠯᠵᠤ ᠲᠡᠭᠦᠨ ᠢ ᠲᠣᠯᠣᠭᠠᠳ ᠤᠨ ᠡᠵᠡᠨ ᠱᠧᠮᠧᠷ ᠤᠨ ᠨᠡᠷ᠎ᠡ ᠪᠡᠷ ᠰᠠᠮᠠᠷᠢᠶ᠎ᠠ ᠭᠡᠵᠦ ᠨᠡᠷᠡᠯᠡᠵᠡᠢ᠃ 25 ᠣᠮᠷᠢ ᠶᠣᠬᠣᠸᠠ ᠶᠢᠨ ᠮᠡᠯᠮᠡᠢ ᠶᠢᠨ ᠡᠮᠦᠨ᠎ᠡ ᠪᠤᠵᠠᠷ ᠮᠠᠭᠤ ᠶᠢ ᠦᠢᠯᠡᠳᠴᠦ ᠲᠡᠭᠦᠨ ᠡᠴᠡ ᠡᠮᠦᠨ᠎ᠡ ᠪᠠᠢᠭᠰᠠᠨ ᠪᠦᠭᠦᠳᠡ ᠡᠴᠡ ᠴᠤ ᠢᠯᠡᠭᠦᠦ ᠨᠢᠭᠦᠯ ᠦᠢᠯᠡᠳᠪᠡ᠃ 26 ᠲᠡᠷᠡ ᠨᠧᠪᠠᠲ ᠤᠨ ᠬᠦᠦ ᠶᠧᠷᠣᠪᠣᠶᠠᠮ ᠤᠨ ᠪᠦᠬᠦᠢᠯᠡ ᠵᠠᠮ ᠢᠶᠠᠷ ᠶᠠᠪᠤᠵᠤ᠂ ᠢᠰᠷᠧᠯ ᠢᠶᠠᠷ ᠨᠢᠭᠦᠯ ᠦᠢᠯᠡᠳᠦᠭᠦᠯᠵᠦ᠂ ᠰᠢᠲᠦᠭᠡᠨ ᠨᠦᠭᠦᠳ ᠢᠶᠡᠷ ᠢᠶᠠᠨ ᠢᠰᠷᠧᠯ ᠤᠨ ᠪᠤᠷᠬᠠᠨ ᠶᠣᠬᠣᠸᠠ ᠶᠢ ᠬᠢᠯᠢᠩᠨᠡᠭᠦᠯᠦᠭᠰᠡᠨ ᠶᠤᠮ᠃ 27 ᠣᠮᠷᠢ ᠶᠢᠨ ᠬᠢᠭᠰᠡᠨ ᠪᠤᠰᠤᠳ ᠶᠠᠪᠤᠳᠠᠯ ᠬᠢᠭᠡᠳ ᠲᠡᠭᠦᠨ ᠦ ᠬᠦᠴᠦᠷᠬᠡᠭ ᠪᠠᠢᠳᠠᠯ ᠢᠰᠷᠧᠯ ᠤᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 28 ᠣᠮᠷᠢ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠵᠤ᠂ ᠰᠠᠮᠠᠷᠢᠶ᠎ᠠ ᠳᠤ ᠣᠷᠣᠰᠢᠭᠤᠯᠤᠭᠳᠠᠪᠠ᠃ ᠬᠦᠦ ᠠᠬᠠᠪ ᠨᠢ ᠲᠡᠭᠦᠨ ᠢ ᠵᠠᠯᠭᠠᠮᠵᠢᠯᠠᠨ ᠬᠠᠭᠠᠨ ᠪᠣᠯᠪᠠ᠃
 ᠠᠬᠠᠪ ᠬᠠᠭᠠᠨ ᠪᠣᠯᠪᠠ

29 ᠶᠦᠳᠠ ᠶᠢᠨ ᠬᠠᠭᠠᠨ ᠠᠰᠠ ᠶᠢᠨ ᠭᠤᠴᠢᠨ ᠨᠠᠢ᠌ᠮᠠᠳᠤᠭᠠᠷ ᠣᠨ ᠳᠤ᠂ ᠣᠮᠷᠢ ᠶᠢᠨ ᠬᠦᠦ ᠠᠬᠠᠪ ᠢᠰᠷᠧᠯ ᠤᠨ ᠬᠠᠭᠠᠨ ᠪᠣᠯᠵᠤ᠂ ᠰᠠᠮᠠᠷᠢᠶ᠎ᠠ ᠳᠤ ᠢᠰᠷᠧᠯ ᠢ ᠬᠣᠷᠢᠨ ᠬᠣᠶᠠᠷ ᠵᠢᠯ ᠵᠠᠬᠢᠷᠪᠠ᠃ 30 ᠣᠮᠷᠢ ᠶᠢᠨ ᠬᠦᠦ ᠠᠬᠠᠪ ᠤᠷᠢᠳᠤ ᠶᠢᠨ ᠪᠠᠢᠭᠰᠠᠨ ᠪᠦᠭᠦᠳᠡ ᠡᠴᠡ ᠴᠤ ᠢᠯᠡᠭᠦᠦ ᠪᠡᠷ ᠶᠣᠬᠣᠸᠠ ᠶᠢᠨ ᠮᠡᠯᠮᠡᠢ ᠶᠢᠨ ᠡᠮᠦᠨ᠎ᠡ ᠪᠤᠵᠠᠷ ᠮᠠᠭᠤ ᠶᠢ ᠦᠢᠯᠡᠳᠦᠨ 31 ᠨᠧᠪᠠᠲ ᠤᠨ ᠬᠦᠦ ᠶᠧᠷᠣᠪᠣᠶᠠᠮ ᠤᠨ ᠵᠠᠮ ᠢᠶᠠᠷ ᠶᠠᠪᠤᠬᠤ ᠶᠢ ᠵᠢᠷ ᠤᠨ ᠵᠦᠢᠯ ᠳᠤ ᠲᠣᠭᠠᠴᠠᠨ ᠰᠢᠢᠳᠣᠨᠴᠤᠳ ᠤᠨ ᠬᠠᠭᠠᠨ ᠡᠲ᠋ᠪᠠᠯ 25  ᠤᠨ ᠥᠬᠢᠨ ᠶᠧᠽᠧᠪᠧᠯ ᠢ ᠡᠬᠡᠨᠡᠷ ᠪᠣᠯᠭᠠᠨ ᠠᠪᠴᠤ᠂ ᠪᠠᠯ ᠳᠤ ᠦᠢᠯᠡᠴᠢᠯᠡᠨ᠂ ᠮᠥᠷᠭᠥᠵᠡᠢ᠃ 32 ᠲᠡᠷᠡ ᠰᠠᠮᠠᠷᠢᠶ᠎ᠠ ᠳᠤ ᠪᠣᠰᠬᠠᠭᠰᠠᠨ ᠪᠠᠯ ᠤᠨ ᠳᠤᠭᠠᠩ ᠳᠠᠭᠠᠨ ᠪᠠᠯ ᠳᠤ ᠵᠣᠷᠢᠭᠤᠯᠤᠨ ᠲᠠᠬᠢᠯ ᠤᠨ ᠰᠢᠷᠡᠭᠡ ᠪᠣᠰᠬᠠᠵᠤ᠂ 33 ᠠᠱᠧᠷᠠ ᠶᠢᠨ ᠱᠣᠩ ᠢ ᠴᠤ ᠪᠦᠲᠦᠭᠡᠪᠡ᠃ ᠲᠡᠢᠨ ᠬᠦ ᠠᠬᠠᠪ ᠥᠪᠡᠷ ᠡᠴᠡ ᠨᠢ ᠤᠷᠢᠳᠠᠬᠢ ᠢᠰᠷᠧᠯ ᠤᠨ ᠪᠦᠬᠦ ᠬᠠᠭᠠᠨ ᠠᠴᠠ ᠴᠤ ᠢᠯᠡᠭᠦᠦ ᠪᠡᠷ ᠢᠰᠷᠧᠯ ᠤᠨ ᠪᠤᠷᠬᠠᠨ ᠶᠣᠬᠣᠸᠠ ᠶᠢ ᠬᠢᠯᠢᠩᠨᠡᠭᠦᠯᠬᠦ ᠵᠦᠢᠯᠡᠰ ᠢ ᠦᠢᠯᠡᠳᠦᠭᠰᠡᠨ ᠪᠠᠢᠨ᠎ᠠ᠃ 34 ᠠᠬᠠᠪ ᠤᠨ ᠦᠶ᠎ᠡ ᠳᠦ ᠪᠧᠲ᠋ᠧᠯ ᠬᠥᠮᠦᠨ ᠾᠢᠶᠧᠯ ᠶᠧᠷᠢᠺᠣ ᠶᠢ ᠰᠡᠷᠭᠦᠭᠡᠨ ᠪᠣᠰᠬᠠᠪᠠ᠃ ᠲᠡᠷᠡ ᠪᠡᠷ ᠬᠣᠲᠠ ᠶᠢᠨ ᠰᠠᠭᠤᠷᠢ ᠶᠢ ᠲᠠᠯᠪᠢᠬᠤ ᠳᠠᠭᠠᠨ ᠤᠤᠭᠠᠨ ᠬᠦᠦ ᠠᠪᠢᠷᠠᠮ ᠢᠶᠠᠨ ᠠᠯᠳᠠᠵᠤ᠂ ᠬᠣᠲᠠ ᠶᠢᠨ ᠬᠠᠭᠠᠯᠭ᠎ᠠ ᠶᠢ ᠪᠣᠰᠬᠠᠬᠤ ᠳᠠᠭᠠᠨ ᠣᠳᠬᠣᠨ ᠬᠦᠦ ᠰᠧᠭᠦ᠋ᠪ ᠢᠶᠠᠨ ᠠᠯᠳᠠᠭᠰᠠᠨ ᠨᠢ ᠨᠦᠨ ᠦ ᠬᠦᠦ ᠶᠣᠱᠦ᠋ᠶ᠎ᠠ ᠪᠠᠷ ᠳᠠᠮᠵᠢᠭᠤᠯᠤᠨ ᠠᠢᠯᠠᠳᠤᠭᠰᠠᠨ ᠶᠣᠬᠣᠸᠠ ᠶᠢᠨ ᠦᠭᠡ ᠶᠢᠨ ᠶᠣᠰᠣᠭᠠᠷ ᠪᠣᠯᠵᠠᠢ᠃