ᠬᠠᠭᠠᠳ ᠤᠨ ᠳᠡᠭᠡᠳᠦ ᠠᠷᠪᠠ
ᠱᠧᠪᠠ ᠶᠢᠨ ᠬᠠᠲᠤᠨ ᠬᠠᠭᠠᠨ
1 ᠱᠧᠪᠠ ᠶᠢᠨ ᠬᠠᠲᠤᠨ ᠬᠠᠭᠠᠨ ᠶᠣᠬᠣᠸᠠ ᠶᠢᠨ ᠨᠡᠷ᠎ᠡ ᠡᠴᠡ ᠪᠣᠯᠣᠭᠰᠠᠨ ᠰᠣᠯᠣᠮᠣᠨ ᠤ ᠠᠯᠳᠠᠷ ᠢ ᠰᠣᠨᠣᠰᠣᠭᠠᠳ᠂ ᠲᠡᠭᠦᠨ ᠢ ᠪᠡᠷᠬᠡ ᠠᠰᠠᠭᠤᠯᠲᠠ ᠨᠤᠭᠤᠳ ᠢᠶᠠᠷ ᠭᠠᠷᠲᠠᠭᠠᠬᠤ ᠪᠠᠷ ᠢᠷᠡᠭᠰᠡᠨ ᠪᠠᠢᠨ᠎ᠠ᠃ 2 ᠲᠡᠷᠡ ᠦᠯᠡᠮᠵᠢ ᠣᠯᠠᠨ ᠳᠠᠭᠠᠭᠰᠠᠳ ᠲᠠᠢ ᠪᠠᠨ ᠬᠠᠮᠲᠤ ᠠᠩᠬᠢᠯᠤᠭᠤᠨ ᠲᠣᠰᠣ᠂ ᠶᠡᠬᠡ ᠬᠡᠮᠵᠢᠶᠡᠨ ᠦ ᠠᠯᠲᠠ᠂ ᠡᠷᠳᠡᠨᠢᠰ ᠤᠨ ᠴᠢᠯᠠᠭᠤ ᠶᠢ ᠲᠡᠮᠡᠭᠡᠨ ᠳᠦ ᠠᠴᠢᠵᠤ ᠶᠧᠷᠦ᠋ᠰᠠᠯᠧᠮ ᠳᠤ ᠢᠷᠡᠭᠡᠳ ᠰᠣᠯᠣᠮᠣᠨ ᠲᠠᠢ ᠠᠭᠤᠯᠵᠠᠨ᠂ ᠪᠣᠳᠣᠵᠤ ᠪᠠᠢᠭᠰᠠᠨ ᠪᠦᠬᠦᠨ ᠦ ᠪᠠᠨ ᠲᠤᠬᠠᠢ ᠶᠠᠷᠢᠯᠴᠠᠵᠠᠢ᠃ 3 ᠰᠣᠯᠣᠮᠣᠨ ᠲᠡᠭᠦᠨ ᠦ ᠪᠦᠬᠦᠢᠯᠡ ᠠᠰᠠᠭᠤᠯᠲᠠ ᠳᠤ ᠬᠠᠷᠢᠭᠤᠯᠵᠤ ᠪᠠᠢᠯ᠎ᠠ᠃ ᠲᠡᠭᠦᠨ ᠳᠦ ᠬᠠᠷᠢᠭᠤᠯᠬᠤ ᠳᠠᠭᠠᠨ ᠬᠠᠭᠠᠨ ᠶᠡᠷᠦ ᠲᠦᠪᠡᠭᠳᠡᠭᠰᠡᠨ ᠦᠭᠡᠢ᠃ 4 ᠱᠧᠪᠠ ᠶᠢᠨ ᠬᠠᠲᠤᠨ ᠬᠠᠭᠠᠨ ᠰᠣᠯᠣᠮᠣᠨ ᠤ ᠪᠦᠬᠦ ᠮᠡᠳᠡᠯᠭᠡ ᠤᠬᠠᠭᠠᠨ᠂ ᠲᠡᠭᠦᠨ ᠦ ᠪᠠᠢᠭᠤᠯᠤᠭᠰᠠᠨ ᠣᠷᠳᠣᠨ᠂ 5 ᠰᠢᠷᠡᠭᠡᠨ ᠳᠦ ᠲᠠᠯᠪᠢᠭᠰᠠᠨ ᠵᠣᠭᠣᠭ᠂ ᠲᠦᠰᠢᠮᠡᠳ ᠦᠨ ᠬᠢᠨᠢ ᠰᠠᠭᠤᠳᠠᠯ ᠪᠠᠢᠳᠠᠯ᠂ ᠵᠠᠷᠤᠴᠠ ᠨᠠᠷ ᠤᠨ ᠬᠢᠨᠢ ᠦᠢᠯᠡᠴᠢᠯᠡᠭᠡ ᠪᠣᠯᠣᠨ ᠡᠮᠦᠰᠬᠡᠯ᠂ ᠲᠡᠭᠦᠨ ᠦ ᠰᠥᠩ ᠪᠠᠷᠢᠭᠴᠢᠳ ᠬᠢᠭᠡᠳ ᠶᠣᠬᠣᠸᠠ ᠶᠢᠨ ᠥᠷᠭᠥᠭᠡᠨ ᠳᠠᠬᠢ ᠰᠢᠲᠠᠭᠠᠯᠭᠠᠲᠤ ᠲᠠᠬᠢᠯ ᠢ ᠦᠵᠡᠭᠡᠳ ᠮᠡᠯ ᠭᠠᠢᠬᠠᠵᠠᠢ᠃
6 ᠲᠡᠷᠡ ᠪᠡᠷ ᠬᠠᠭᠠᠨ ᠳᠤ᠄ 《ᠨᠤᠲᠤᠭ ᠲᠠᠭᠠᠨ ᠪᠠᠢᠬᠤ ᠳᠤ ᠲᠠᠨ ᠤ ᠦᠢᠯᠡᠰ ᠪᠠ ᠮᠡᠷᠭᠡᠨ ᠤᠬᠠᠭᠠᠨ ᠤ ᠲᠤᠬᠠᠢ ᠰᠣᠨᠣᠰᠣᠭᠰᠠᠨ ᠦᠭᠡ ᠮᠠᠨᠢ ᠦᠨᠡᠨ ᠪᠠᠢᠵᠠᠢ᠃ 7 ᠪᠢ ᠲᠡᠷᠡ ᠦᠭᠡ ᠶᠢ ᠢᠲᠡᠭᠡᠬᠦ ᠦᠭᠡᠢ ᠪᠠᠢᠭᠰᠠᠨ᠂ ᠬᠠᠷᠢᠨ ᠡ᠊ᠨᠳᠡ ᠢᠷᠡᠭᠡᠳ ᠨᠢᠳᠦ ᠪᠡᠷ ᠢᠶᠠᠨ ᠦᠵᠡᠬᠦ ᠳᠦ᠂ ᠮᠢᠨᠦ ᠰᠣᠨᠣᠰᠣᠭᠰᠠᠨ ᠨᠢ ᠡᠨᠡ ᠪᠦᠭᠦᠳᠡ ᠶᠢᠨ ᠬᠠᠭᠠᠰ ᠲᠤᠨᠢ ᠴᠤ ᠬᠦᠷᠬᠦ ᠦᠭᠡᠢ ᠠᠵᠢ︕ ᠲᠠᠨ ᠤ ᠮᠡᠷᠭᠡᠨ ᠤᠬᠠᠭᠠᠨ᠂ ᠡᠳ᠋ ᠪᠠᠶᠠᠯᠢᠭ ᠮᠢᠨᠦ ᠳᠤᠭᠤᠯᠤᠭᠰᠠᠨ ᠠᠴᠠ ᠴᠤ ᠢᠯᠡᠭᠦᠦ ᠪᠠᠢᠨ᠎ᠠ᠃ 8 ᠲᠠᠨ ᠤ ᠡᠮᠦᠨ᠎ᠡ ᠵᠣᠭᠰᠣᠵᠤ᠂ ᠲᠠᠨ ᠤ ᠮᠡᠷᠭᠡᠨ ᠤᠬᠠᠭᠠᠨ ᠢ ᠦᠷᠭᠦᠯᠵᠢ ᠰᠣᠨᠣᠰᠴᠤ ᠪᠠᠢᠳᠠᠭ ᠲᠠᠨ ᠤ ᠬᠢᠨ᠂ ᠲᠠᠨ ᠤ ᠡᠳᠡᠭᠡᠷ ᠲᠦᠰᠢᠮᠡᠳ ᠶᠠᠮᠠᠷ ᠠᠵᠠ ᠲᠠᠢ ᠪᠤᠢ︕ 9 ᠲᠠᠨ ᠢ ᠲᠠᠭᠠᠯᠠᠨ ᠢᠰᠷᠧᠯ ᠤᠨ ᠰᠡᠨᠲᠢ ᠳᠤ ᠰᠠᠭᠤᠯᠭᠠᠭᠰᠠᠨ ᠲᠠᠨ ᠤ ᠪᠤᠷᠬᠠᠨ ᠶᠣᠬᠣᠸᠠ ᠮᠠᠭᠲᠠᠭᠳᠠᠬᠤ ᠪᠣᠯᠲᠤᠭᠠᠢ︕ ᠶᠣᠬᠣᠸᠠ ᠢᠰᠷᠧᠯ ᠢ ᠮᠥᠩᠬᠡᠳᠡ ᠬᠠᠢᠷᠠᠯᠠᠳᠠᠭ ᠤᠴᠢᠷ ᠠᠴᠠ ᠲᠠᠨ ᠢ ᠬᠠᠭᠠᠨ ᠪᠣᠯᠭᠠᠵᠤ ᠵᠥᠪ ᠰᠢᠳᠤᠷᠭᠤ ᠶᠢ ᠦᠢᠯᠡᠳᠦᠭᠦᠯᠬᠦ ᠭᠡᠰᠡᠨ ᠪᠠᠢᠵᠠᠢ》 ᠭᠡᠵᠦ ᠬᠡᠯᠡᠪᠡ᠃ 10 ᠲᠡᠷᠡ ᠪᠡᠷ ᠬᠠᠭᠠᠨ ᠳᠤ ᠵᠠᠭᠤ ᠬᠣᠷᠢᠨ ᠲᠠᠯᠠᠨᠲ 15 ᠠᠯᠲᠠ᠂ ᠮᠠᠰᠢ ᠶᠡᠬᠡ ᠬᠡᠮᠵᠢᠶᠡᠨ ᠦ ᠠᠩᠬᠢᠯᠤᠭᠤᠨ ᠲᠣᠰᠣ ᠪᠣᠯᠣᠨ ᠡᠷᠳᠡᠨᠢ ᠶᠢᠨ ᠴᠢᠯᠠᠭᠤ ᠪᠡᠯᠡᠭᠯᠡᠪᠡ᠃ ᠰᠣᠯᠣᠮᠣᠨ ᠬᠠᠭᠠᠨ ᠳᠤ ᠱᠧᠪᠠ ᠶᠢᠨ ᠬᠠᠲᠤᠨ ᠬᠠᠭᠠᠨ ᠤ ᠪᠡᠯᠡᠭᠯᠡᠭᠰᠡᠨ ᠰᠢᠭ ᠲᠡᠢᠮᠦ ᠶᠡᠬᠡ ᠠᠩᠬᠢᠯᠤᠭᠤᠨ ᠲᠣᠰᠣ ᠳᠠᠬᠢᠨ ᠬᠡᠵᠢᠶ᠎ᠡ ᠴᠤ ᠢᠷᠡᠭᠡ ᠦᠭᠡᠢ᠃
11 ᠾᠢᠷᠠᠮ ᠤᠨ ᠬᠥᠯᠭᠡ ᠣᠩ᠋ᠭᠣᠴᠠ ᠨᠤᠭᠤᠳ ᠴᠤ ᠣᠹᠢᠷ ᠠᠴᠠ ᠠᠯᠲᠠ ᠲᠡᠭᠡᠭᠡᠵᠦ ᠠᠪᠴᠢᠷᠠᠪᠠ᠃ ᠲᠡᠳᠡ ᠦᠯᠡᠮᠵᠢ ᠶᠡᠬᠡ ᠬᠡᠮᠵᠢᠶᠡᠨ ᠦ ᠽᠠᠨᠳᠠᠨ ᠮᠣᠳᠣ ᠪᠣᠯᠣᠨ ᠡᠷᠳᠡᠨᠢ ᠤᠨ ᠴᠢᠯᠠᠭᠤ ᠠᠪᠴᠢᠷᠠᠭᠰᠠᠨ ᠶᠤᠮ᠃ 12 ᠬᠠᠭᠠᠨ ᠽᠠᠨᠳᠠᠨ ᠮᠣᠳᠣ ᠪᠠᠷ ᠶᠣᠬᠣᠸᠠ ᠶᠢᠨ ᠥᠷᠭᠥᠭᠡ ᠪᠣᠯᠣᠨ ᠬᠠᠭᠠᠨ ᠤ ᠣᠷᠳᠣᠨ ᠤ ᠱᠠᠲᠤ ᠶᠢ ᠬᠢᠯᠭᠡᠵᠦ᠂ ᠬᠥᠭᠵᠢᠮᠴᠢᠳ ᠲᠤ ᠶᠠᠲᠤᠭ᠎ᠠ ᠪᠠ ᠬᠤᠭᠤᠷ ᠬᠢᠯᠭᠡᠪᠡ᠃ ᠡᠢᠮᠦᠷᠬᠦ ᠽᠠᠨᠳᠠᠨ ᠮᠣᠳᠣ ᠤᠷᠢᠳᠤ ᠨᠢ ᠢᠷᠡᠭᠡ ᠦᠭᠡᠢ ᠪᠥᠭᠡᠳ ᠥᠨᠥᠳᠥᠷ ᠬᠦᠷᠲᠡᠯ᠎ᠡ ᠦᠵᠡᠭᠳᠡᠭᠡ ᠦᠭᠡᠢ᠃
13 ᠰᠣᠯᠣᠮᠣᠨ ᠬᠠᠭᠠᠨ ᠱᠧᠪᠠ ᠶᠢᠨ ᠬᠠᠲᠤᠨ ᠬᠠᠭᠠᠨ ᠳᠤ ᠬᠠᠭᠠᠨ ᠤ ᠪᠡᠯᠡᠭ ᠡᠴᠡ ᠪᠡᠨ ᠭᠠᠳᠠᠨ᠎ᠠ᠂ ᠲᠡᠭᠦᠨ ᠦ ᠬᠦᠰᠡᠭᠰᠡᠨ ᠭᠤᠶᠤᠭᠰᠠᠨ ᠪᠦᠬᠦᠨ ᠢ ᠥᠭᠴᠡᠢ᠃ ᠢᠩᠭᠢᠭᠡᠳ ᠬᠠᠲᠤᠨ ᠬᠠᠭᠠᠨ ᠲᠦᠰᠢᠮᠡᠳ ᠲᠡᠢ ᠪᠡᠨ ᠬᠠᠮᠲᠤ ᠪᠠᠷ ᠨᠤᠲᠤᠭ ᠤᠷᠤᠭᠤ ᠪᠠᠨ ᠪᠤᠴᠠᠯ᠎ᠠ᠃
ᠰᠣᠯᠣᠮᠣᠨ ᠤ ᠡᠳ᠋ ᠪᠠᠶᠠᠯᠢᠭ
14 ᠰᠣᠯᠣᠮᠣᠨ ᠤ ᠵᠢᠯ ᠪᠦᠷᠢ ᠬᠦᠯᠢᠶᠡᠨ ᠠᠪᠳᠠᠭ ᠠᠯᠲᠠᠨ ᠤ ᠬᠡᠮᠵᠢᠶ᠎ᠡ ᠨᠢ ᠵᠢᠷᠭᠤᠭᠠᠨ ᠵᠠᠭᠤ ᠵᠢᠷᠠᠨ ᠵᠢᠷᠭᠤᠭᠠᠨ ᠲᠠᠯᠠᠨᠲ 16 ᠪᠠᠢᠪᠠ᠃ 15 ᠡᠭᠦᠨ ᠡᠴᠡ ᠭᠠᠳᠠᠨ᠎ᠠ᠂ ᠲᠡᠭᠦᠨ ᠦ ᠣᠷᠣᠯᠭ᠎ᠠ ᠳᠣᠲᠣᠷ᠎ᠠ ᠬᠤᠳᠠᠯᠳᠤᠭᠠᠴᠢᠳ᠂ ᠠᠷᠠᠯᠵᠢᠶᠠᠴᠢᠳ᠂ ᠠᠷᠠᠪ ᠤᠨ ᠪᠦᠬᠦ ᠬᠠᠭᠠᠳ᠂ ᠣᠷᠣᠨ ᠨᠤᠲᠤᠭ ᠤᠨ ᠵᠠᠬᠢᠷᠤᠭᠴᠢᠳ ᠠᠴᠠ ᠠᠪᠳᠠᠭ ᠠᠯᠲᠠ ᠴᠤ ᠪᠤᠢ᠃ 16 ᠰᠣᠯᠣᠮᠣᠨ ᠬᠠᠭᠠᠨ ᠠᠯᠲᠠ ᠳᠠᠪᠲᠠᠵᠤ ᠬᠣᠶᠠᠷ ᠵᠠᠭᠤᠨ ᠲᠣᠮᠣ ᠪᠠᠮᠪᠠᠢ ᠬᠢᠭᠰᠡᠨ ᠪᠥᠭᠡᠳ ᠪᠠᠮᠪᠠᠢ ᠪᠦᠷᠢ ᠳᠤ ᠵᠢᠷᠭᠤᠭᠠᠨ ᠵᠠᠭᠤᠨ ᠱᠧᠺᠧᠯ 17 ᠠᠯᠲᠠ ᠣᠷᠣᠭᠰᠠᠨ ᠪᠠᠢᠯ᠎ᠠ᠃ 17 ᠲᠡᠷᠡ ᠪᠠᠰᠠ ᠠᠯᠲᠠ ᠪᠠᠷ ᠭᠤᠷᠪᠠᠨ ᠵᠠᠭᠤᠨ ᠵᠢᠵᠢᠭ ᠪᠠᠮᠪᠠᠢ ᠳᠠᠪᠲᠠᠵᠤ ᠬᠢᠭᠰᠡᠨ ᠪᠥᠭᠡᠳ ᠪᠠᠮᠪᠠᠢ ᠪᠦᠷᠢ ᠳᠤ ᠭᠤᠷᠪᠠᠨ ᠮᠢᠨ᠎ᠠ 18 ᠠᠯᠲᠠ ᠣᠷᠣᠭᠰᠠᠨ ᠪᠠᠢᠪᠠ᠃ ᠬᠠᠭᠠᠨ ᠡᠳᠡᠭᠡᠷ ᠪᠠᠮᠪᠠᠢ ᠶᠢ 《ᠯᠧᠪᠠᠨᠣᠨ ᠤ ᠣᠢ》 ᠣᠷᠳᠣᠨ ᠳᠠᠭᠠᠨ ᠬᠠᠳᠠᠭᠠᠯᠠᠪᠠ᠃ 18 ᠬᠠᠭᠠᠨ ᠪᠠᠰᠠ ᠵᠠᠭᠠᠨ ᠤ ᠶᠠᠰᠤ ᠪᠠᠷ ᠲᠣᠮᠣ ᠰᠡᠨᠲᠢ ᠬᠢᠵᠦ᠂ ᠴᠡᠪᠡᠷᠰᠢᠭᠦᠯᠦᠭᠰᠡᠨ ᠠᠯᠲᠠ ᠪᠠᠷ ᠪᠦᠷᠢᠪᠡ᠃ 19 ᠰᠡᠨᠲᠢ ᠨᠢ ᠵᠢᠷᠭᠤᠭᠠᠨ ᠭᠢᠰᠬᠢᠭᠦᠷ ᠲᠡᠢ ᠪᠥᠭᠡᠳ ᠲᠦᠰᠢᠯᠭᠡ ᠶᠢᠨ ᠬᠢᠨᠢ ᠣᠷᠣᠢ ᠨᠢ ᠳᠤᠭᠤᠢ᠂ ᠬᠣᠶᠠᠷ ᠲᠠᠯ᠎ᠠ ᠳᠠᠭᠠᠨ ᠭᠠᠷ ᠤᠨ ᠲᠦᠰᠢᠯᠭᠡ ᠲᠠᠢ᠂ ᠲᠦᠰᠢᠯᠭᠡ ᠪᠦᠷᠢ ᠶᠢᠨ ᠬᠠᠵᠠᠭᠤ ᠳᠤ ᠵᠣᠭᠰᠣᠭ᠎ᠠ ᠠᠷᠰᠯᠠᠨ ᠪᠠᠢᠪᠠ᠃ 20 ᠵᠢᠷᠭᠤᠭᠠᠨ ᠭᠢᠰᠬᠢᠭᠦᠷ ᠪᠦᠷᠢ ᠶᠢᠨ ᠡᠨᠡᠲᠡᠭᠡ ᠲᠡᠷᠲᠡᠭᠡ ᠲᠠᠯ᠎ᠠ ᠳᠤ ᠵᠣᠭᠰᠣᠭ᠎ᠠ ᠠᠷᠰᠯᠠᠨ ᠲᠠᠢ ᠪᠥᠭᠡᠳ ᠨᠡᠢᠲᠡ ᠠᠷᠪᠠᠨ ᠬᠣᠶᠠᠷ ᠠᠷᠰᠯᠠᠨ ᠪᠠᠢᠪᠠ᠃ ᠥᠭᠡᠷ᠎ᠡ ᠶᠠᠮᠠᠷ ᠴᠤ ᠬᠠᠭᠠᠨᠲᠤ ᠤᠯᠤᠰ ᠢᠩᠭᠢᠵᠦ ᠦᠢᠯᠡᠳᠴᠦ ᠴᠢᠳᠠᠭ᠎ᠠ ᠦᠭᠡᠢ ᠪᠢᠯᠡ᠃ 21 ᠰᠣᠯᠣᠮᠣᠨ ᠬᠠᠭᠠᠨ ᠤ ᠬᠤᠨᠳᠠᠭ᠎ᠠ ᠨᠤᠭᠤᠳ ᠨᠢ ᠪᠦᠭᠦᠳᠡ ᠠᠯᠲᠠ ᠪᠠᠢᠪᠠ᠃ 《ᠯᠧᠪᠠᠨᠣᠨ ᠤ ᠣᠢ》 ᠣᠷᠳᠣᠨ ᠤ ᠬᠡᠷᠡᠭᠰᠡᠯ ᠤᠳ ᠪᠦᠭᠦᠳᠡᠭᠡᠷ ᠢᠶᠡᠨ ᠠᠳᠠᠯᠢᠬᠠᠨ ᠴᠡᠪᠡᠷ ᠠᠯᠲᠠ ᠪᠥᠭᠡᠳ ᠮᠥᠩᠭᠥ ᠪᠡᠷ ᠬᠢᠭᠰᠡᠨ ᠵᠦᠢᠯ ᠠᠯᠠᠭ᠎ᠠ ᠪᠠᠢᠪᠠ᠃ ᠰᠣᠯᠣᠮᠣᠨ ᠤ ᠡᠳᠦᠷ ᠤᠳ ᠲᠤ ᠮᠥᠩᠭᠥ ᠦᠨ᠎ᠡ ᠴᠡᠨ᠎ᠡ ᠲᠠᠢ ᠭᠡᠵᠦ ᠲᠣᠭᠠᠴᠠᠭᠳᠠᠳᠠᠭ ᠦᠭᠡᠢ ᠪᠠᠢᠯ᠎ᠠ᠃ 22 ᠬᠠᠭᠠᠨ ᠳᠤ ᠾᠢᠷᠠᠮ ᠤᠨ ᠬᠥᠯᠭᠡ ᠣᠩ᠋ᠭᠣᠴᠠ ᠨᠤᠭᠤᠳ ᠠᠴᠠ ᠭᠠᠳᠠᠨ᠎ᠠ ᠳᠠᠯᠠᠢ ᠪᠠᠷ ᠶᠠᠪᠤᠳᠠᠭ ᠠᠷᠠᠯᠵᠢᠶᠠᠨ ᠤ ᠬᠥᠯᠭᠡ ᠣᠩ᠋ᠭᠣᠴᠠ ᠨᠤᠭᠤᠳ ᠴᠤ ᠪᠠᠢᠯ᠎ᠠ᠃ ᠠᠷᠠᠯᠵᠢᠶᠠᠨ ᠤ ᠣᠩ᠋ᠭᠣᠴᠠ ᠨᠤᠭᠤᠳ ᠭᠤᠷᠪᠠᠨ ᠵᠢᠯ ᠳᠤ ᠨᠢᠭᠡ ᠤᠳᠠᠭ᠎ᠠ ᠠᠯᠲᠠ᠂ ᠮᠥᠩᠭᠥ᠂ ᠵᠠᠭᠠᠨ ᠤ ᠶᠠᠰᠤ᠂ ᠰᠠᠮᠵᠠ᠂ ᠲᠣᠭᠣᠰ ᠵᠡᠷᠭᠡ ᠶᠢ ᠠᠪᠴᠢᠷᠠᠳᠠᠭ ᠪᠠᠢᠵᠠᠢ᠃
23 ᠰᠣᠯᠣᠮᠣᠨ ᠬᠠᠭᠠᠨ ᠡᠳ᠋ ᠪᠠᠶᠠᠯᠢᠭ᠂ ᠴᠡᠴᠡᠨ ᠮᠡᠷᠭᠡᠨ ᠤᠬᠠᠭᠠᠨ ᠢᠶᠠᠷ ᠢᠶᠠᠨ ᠭᠠᠵᠠᠷ ᠤᠨ ᠬᠠᠮᠤᠭ ᠬᠠᠭᠠᠨ ᠠᠴᠠ ᠢᠯᠡᠭᠦᠦ ᠪᠠᠢᠭᠰᠠᠨ ᠪᠣᠯᠬᠣᠷ 24 ᠳᠡᠯᠡᠬᠡᠢ ᠶᠢᠨ ᠪᠦᠬᠦ ᠭᠠᠵᠠᠷ ᠤᠨ ᠬᠢᠨ ᠰᠣᠯᠣᠮᠣᠨ ᠤ ᠴᠢᠷᠠᠢ ᠶᠢ ᠬᠠᠷᠠᠵᠤ᠂ ᠲᠡᠭᠦᠨ ᠦ ᠵᠢᠷᠦᠬᠡᠨ ᠳᠦ ᠪᠤᠷᠬᠠᠨ ᠤ ᠬᠢᠭᠰᠡᠨ ᠮᠡᠷᠭᠡᠨ ᠤᠬᠠᠭᠠᠨ ᠢ ᠰᠣᠨᠣᠰᠬᠤ ᠶᠢ ᠬᠦᠰᠡᠮᠵᠢᠯᠡᠵᠦ᠂ 25 ᠬᠥᠮᠦᠨ ᠪᠣᠯᠭᠠᠨ ᠠᠯᠲᠠ ᠮᠥᠩᠭᠥᠨ ᠡᠳ᠋ ᠵᠦᠢᠯᠡᠰ᠂ ᠬᠤᠪᠴᠠᠰᠤ ᠬᠤᠨᠠᠷ᠂ ᠵᠡᠪᠰᠡᠭ᠂ ᠠᠩᠬᠢᠯᠤᠭᠤᠨ ᠲᠣᠰᠣ᠂ ᠮᠣᠷᠢᠳ᠂ ᠯᠠᠭᠤᠰᠠ ᠵᠡᠷᠭᠡ ᠶᠢ ᠪᠡᠯᠡᠭ ᠪᠣᠯᠭᠠᠨ ᠵᠢᠯ ᠵᠢᠯ ᠠᠪᠴᠢᠷᠠᠳᠠᠭ ᠪᠠᠢᠪᠠ᠃
26 ᠰᠣᠯᠣᠮᠣᠨ ᠪᠠᠢᠯᠳᠤᠭᠠᠨ ᠤ ᠲᠡᠷᠭᠡ ᠪᠣᠯᠣᠨ ᠮᠣᠷᠢᠲᠤ ᠴᠡᠷᠢᠭ ᠢ ᠴᠤᠭᠯᠠᠭᠤᠯᠤᠭᠰᠠᠨ ᠳᠤ᠂ ᠥᠪᠡᠷ ᠲᠤᠨᠢ ᠮᠢᠩ᠋ᠭ᠎ᠠ ᠳᠥᠷᠪᠡᠨ ᠵᠠᠭᠤᠨ ᠪᠠᠢᠯᠳᠤᠭᠠᠨ ᠤ ᠲᠡᠷᠭᠡ᠂ ᠲᠦᠮᠡ ᠬᠣᠶᠠᠷ ᠮᠢᠩ᠋ᠭᠠᠨ ᠮᠣᠷᠢᠲᠤ ᠴᠡᠷᠢᠭ ᠪᠠᠢᠪᠠ᠃ ᠰᠣᠯᠣᠮᠣᠨ ᠵᠠᠷᠢᠮ ᠢ ᠨᠢ ᠲᠡᠷᠭᠡᠲᠦ ᠴᠡᠷᠢᠭ ᠤᠨ ᠲᠥᠪ ᠪᠣᠯᠬᠤ ᠬᠣᠲᠠ ᠨᠤᠭᠤᠳ ᠲᠤ᠂ ᠵᠠᠷᠢᠮ ᠢ ᠨᠢ ᠬᠠᠭᠠᠨ ᠤ ᠠᠮᠢᠳᠤᠷᠠᠳᠠᠭ ᠶᠧᠷᠦ᠋ᠰᠠᠯᠧᠮ ᠳᠤ ᠪᠠᠢᠷᠢᠯᠠᠭᠤᠯᠤᠭᠰᠠᠨ ᠪᠠᠢᠨ᠎ᠠ᠃ 27 ᠰᠣᠯᠣᠮᠣᠨ ᠬᠠᠭᠠᠨ ᠤ ᠠᠴᠢ ᠪᠠᠷ ᠶᠧᠷᠦ᠋ᠰᠠᠯᠧᠮ ᠳᠤ ᠮᠥᠩᠭᠥ ᠨᠢ ᠴᠢᠯᠠᠭᠤ ᠰᠢᠭ᠋ ᠡᠩ ᠦᠨ ᠵᠦᠢᠯ ᠪᠣᠯᠵᠤ᠂ ᠬᠤᠱᠢ ᠮᠣᠳᠣ ᠨᠢ ᠲᠠᠯ᠎ᠠ ᠭᠠᠵᠠᠷ ᠤᠨ ᠢᠨᠵᠢᠷ ᠤᠨ ᠮᠣᠳᠣ ᠰᠢᠭ᠋ ᠡᠯᠪᠡᠭ ᠪᠣᠯᠣᠭᠰᠠᠨ ᠪᠠᠢᠯ᠎ᠠ᠃ 28 ᠰᠣᠯᠣᠮᠣᠨ ᠤ ᠮᠣᠷᠢᠳ ᠶᠧᠵᠢᠫᠲ ᠪᠤᠶᠤ ᠺᠦᠶᠧ 19 ᠡᠴᠡ ᠢᠷᠡᠳᠡᠭ ᠪᠠᠢᠭᠰᠠᠨ ᠪᠥᠭᠡᠳ ᠬᠠᠭᠠᠨ ᠤ ᠠᠷᠠᠯᠵᠢᠶᠠᠴᠢᠳ ᠲᠡᠷᠡ ᠮᠣᠷᠢᠳ ᠢ ᠺᠦᠶᠧ ᠡᠴᠡ ᠬᠤᠳᠠᠯᠳᠤᠨ ᠠᠪᠳᠠᠭ ᠪᠠᠢᠪᠠ᠃ 29 ᠶᠧᠵᠢᠫᠲ ᠡᠴᠡ ᠣᠷᠣᠵᠤ ᠢᠷᠡᠳᠡᠭ ᠨᠢᠭᠡ ᠲᠡᠷᠭᠡ ᠨᠢ ᠵᠢᠷᠭᠤᠭᠠᠨ ᠵᠠᠭᠤᠨ ᠱᠧᠺᠧᠯ 20 ᠮᠥᠩᠭᠥ᠂ ᠨᠢᠭᠡ ᠮᠣᠷᠢ ᠨᠢ ᠵᠠᠭᠤ ᠲᠠᠪᠢᠨ ᠱᠧᠺᠧᠯ 21 ᠮᠥᠩᠭᠥ ᠪᠠᠢᠪᠠ᠃ ᠬᠠᠭᠠᠨ ᠤ ᠠᠷᠠᠯᠵᠢᠶᠠᠴᠢᠳ ᠲᠡᠳᠡᠭᠡᠷ ᠢ ᠳᠠᠬᠢᠨ ᠾᠢᠲ᠋ᠴᠦᠳ ᠪᠤᠶᠤ ᠠᠷᠠᠮᠴᠤᠳ ᠤᠨ ᠪᠦᠬᠦ ᠬᠠᠭᠠᠨ ᠳᠤ ᠬᠤᠳᠠᠯᠳᠤᠳᠠᠭ ᠪᠠᠢᠵᠠᠢ᠃