1 2 3 4 5 6 7 8 9 10 11 12 13 14 15 16 17 18 19 20 21 22


ᠬᠠᠭᠠᠳ ᠤᠨ ᠳᠡᠭᠡᠳᠦ ᠠᠷᠪᠠᠨ ᠳᠥᠷᠪᠡ
 ᠶᠧᠷᠣᠪᠣᠶᠠᠮ ᠤᠨ ᠭᠡᠷ ᠲᠦ ᠪᠠᠭᠤᠬᠤ ᠰᠢᠳᠬᠡᠯ

1 ᠲᠡᠷᠡ ᠦᠶ᠎ᠡ ᠳᠦ ᠶᠧᠷᠣᠪᠣᠶᠠᠮ ᠤᠨ ᠬᠦᠦ ᠠᠪᠢᠶᠠ ᠡᠪᠡᠳᠴᠢᠯᠡᠵᠡᠢ᠃ 2 ᠶᠧᠷᠣᠪᠣᠶᠠᠮ ᠡᠬᠡᠨᠡᠷ ᠲᠡᠭᠡᠨ ᠵᠠᠬᠢᠨ᠄ 《ᠴᠢ ᠣᠳᠣ ᠵᠢᠰᠦ ᠪᠡᠨ ᠬᠤᠪᠢᠷᠠᠭᠠᠨ ᠶᠧᠷᠣᠪᠣᠶᠠᠮ ᠤᠨ ᠡᠬᠡᠨᠡᠷ ᠭᠡᠳᠡᠭ ᠢᠶᠡᠨ ᠨᠢᠭᠤᠵᠤ ᠱᠢᠯᠣ᠋ ᠤᠷᠤᠭᠤ ᠣᠴᠢ᠃ ᠡᠰᠢ ᠦᠵᠡᠭᠦᠯᠦᠭᠴᠢ ᠠᠾᠢᠶᠠ ᠲᠡᠨᠳᠡ ᠪᠤᠢ᠃ ᠨᠠᠮᠠᠶᠢ ᠡᠨᠡ ᠠᠷᠠᠳ ᠲᠦᠮᠡᠨ ᠦ ᠬᠠᠭᠠᠨ ᠪᠣᠯᠬᠤ ᠲᠤᠬᠠᠢ ᠨᠠᠳᠠ ᠳᠤ ᠬᠡᠯᠡᠵᠦ ᠥᠭᠭᠥᠭᠰᠡᠨ ᠬᠥᠮᠦᠨ ᠨᠢ ᠲᠡᠷᠡ ᠪᠢᠯᠡ᠃ 3 ᠴᠢ ᠠᠷᠪᠠᠨ ᠪᠣᠣᠪᠣ᠂ ᠬᠡᠳᠦᠨ ᠪᠣᠭᠣᠷᠰᠣᠭ᠂ ᠨᠢᠭᠡ ᠳᠣᠩᠪᠣ ᠵᠥᠭᠡᠢ ᠶᠢᠨ ᠪᠠᠯ ᠠᠪᠤᠭᠠᠳ ᠲᠡᠭᠦᠨ ᠤᠷᠤᠭᠤ ᠣᠴᠢ᠃ ᠬᠦᠦ ᠳᠦ ᠶᠠᠭᠤ ᠲᠣᠬᠢᠶᠠᠯᠳᠤᠬᠤ ᠶᠢ ᠲᠡᠷᠡ ᠴᠢᠮ᠎ᠠ ᠳᠤ ᠮᠡᠳᠡᠭᠦᠯᠦᠨ᠎ᠡ》 ᠭᠡᠵᠦ ᠬᠡᠯᠡᠪᠡ᠃

4 ᠶᠧᠷᠣᠪᠣᠶᠠᠮ ᠤᠨ ᠡᠬᠡᠨᠡᠷ ᠬᠡᠯᠡᠭᠰᠡᠨ ᠶᠣᠰᠣᠭᠠᠷ ᠨᠢ ᠱᠢᠯᠣ᠋ ᠤᠷᠤᠭᠤ ᠣᠴᠢᠵᠤ᠂ ᠠᠾᠢᠶᠠ ᠶᠢᠨ ᠭᠡᠷ ᠲᠦ ᠬᠦᠷᠪᠡ᠃ ᠠᠾᠢᠶᠠ ᠥᠨᠳᠥᠷ ᠨᠠᠰᠤᠲᠠᠢ ᠪᠣᠯᠣᠭᠰᠠᠨ ᠠᠴᠠ ᠨᠢᠳᠦ ᠨᠢ ᠮᠠᠭᠤᠳᠠᠵᠤ ᠬᠠᠷᠠᠵᠤ ᠴᠢᠳᠠᠬᠤ ᠪᠠᠨ ᠪᠣᠯᠢᠭᠰᠠᠨ ᠪᠠᠢᠯ᠎ᠠ᠃ 5 ᠬᠠᠷᠢᠨ ᠶᠣᠬᠣᠸᠠ ᠠᠾᠢᠶᠠ ᠳᠤ ᠠᠢᠯᠠᠳᠤᠨ᠄ 《ᠬᠠᠷᠠ᠂ ᠶᠧᠷᠣᠪᠣᠶᠠᠮ ᠤᠨ ᠡᠬᠡᠨᠡᠷ ᠡᠪᠡᠳᠴᠢᠨ ᠲᠡᠢ ᠬᠦᠦ ᠶᠢᠨ ᠢᠶᠠᠨ ᠲᠤᠬᠠᠢ ᠤᠴᠢᠷ ᠢ ᠠᠰᠠᠭᠤᠬᠤ ᠭᠡᠵᠦ ᠴᠢᠮ᠎ᠠ ᠤᠷᠤᠭᠤ ᠢᠷᠡᠵᠦ ᠪᠠᠢᠨ᠎ᠠ᠃ ᠴᠢ ᠲᠡᠭᠦᠨ ᠳᠦ ᠢᠩᠭᠢᠵᠦ ᠢᠩᠭᠢᠵᠦ ᠶᠠᠷᠢ》 ᠭᠡᠰᠡᠨ ᠪᠠᠢᠯ᠎ᠠ᠃ ᠲᠡᠷᠡ ᠡᠮᠡᠭᠲᠡᠢ ᠣᠷᠣᠵᠤ ᠢᠷᠡᠬᠦ ᠳᠡᠭᠡᠨ ᠥᠭᠡᠷ᠎ᠡ ᠬᠥᠮᠦᠨ ᠦ ᠳᠦᠷᠢ ᠦᠵᠡᠭᠦᠯᠵᠦ ᠪᠠᠢᠭᠰᠠᠨ ᠪᠣᠯᠪᠠᠴᠤ 6 ᠠᠾᠢᠶᠠ ᠬᠠᠭᠠᠯᠭ᠎ᠠ ᠪᠠᠷ ᠣᠷᠣᠵᠤ ᠢᠷᠡᠬᠦ ᠲᠡᠭᠦᠨ ᠦ ᠬᠥᠯ ᠦᠨ ᠴᠢᠮᠡᠭᠡ ᠶᠢ ᠰᠣᠨᠣᠰᠣᠮᠠᠭᠴᠠ ᠲᠡᠭᠦᠨ ᠳᠦ᠄ 《ᠶᠧᠷᠣᠪᠣᠶᠠᠮ ᠤᠨ ᠡᠬᠡᠨᠡᠷ ᠡ᠂ ᠣᠷᠣᠵᠤ ᠢᠷᠡᠭᠲᠦᠨ᠃ ᠲᠠ ᠶᠠᠭᠤᠨ ᠳᠤ ᠢᠩᠭᠢᠵᠦ ᠥᠭᠡᠷ᠎ᠡ ᠬᠥᠮᠦᠨ ᠦ ᠳᠦᠷᠢ ᠦᠵᠡᠭᠦᠯᠵᠦ ᠪᠠᠢᠭ᠎ᠠ ᠶᠤᠮ ᠪᠤᠢ︖ ᠬᠠᠷᠢᠨ ᠪᠢ ᠲᠠᠨ ᠳᠤ ᠬᠠᠲᠠᠭᠤ ᠴᠢᠮᠡᠭᠡ ᠳᠠᠮᠵᠢᠭᠤᠯᠬᠤ ᠭᠡᠵᠦ ᠪᠠᠢᠨ᠎ᠠ᠃ 7 ᠲᠠ ᠶᠧᠷᠣᠪᠣᠶᠠᠮ ᠤᠷᠤᠭᠤ ᠪᠤᠴᠠᠵᠤ᠂ ᠲᠡᠭᠦᠨ ᠳᠦ ᠬᠡᠯᠡᠭᠲᠦᠨ᠄ ᠢᠰᠷᠧᠯ ᠤᠨ ᠪᠤᠷᠬᠠᠨ ᠶᠣᠬᠣᠸᠠ ᠡᠢᠨ ᠬᠦ ᠠᠢᠯᠠᠳᠴᠤ ᠪᠠᠢᠨ᠎ᠠ᠄ ᠴᠢᠮᠠᠶᠢ ᠪᠢ ᠠᠷᠠᠳ ᠲᠦᠮᠡᠨ ᠦ ᠪᠠᠨ ᠳᠤᠮᠳᠠ ᠠᠴᠠ ᠡᠷᠭᠦᠮᠵᠢᠯᠡᠵᠦ᠂ ᠠᠷᠠᠳ ᠲᠦᠮᠡᠨ ᠢᠰᠷᠧᠯ ᠤᠨ ᠢᠶᠠᠨ ᠵᠠᠬᠢᠷᠤᠭᠴᠢ ᠪᠠᠷ ᠲᠣᠮᠢᠯᠠᠨ 8 ᠡᠨᠡ ᠬᠠᠭᠠᠨᠴᠢᠯᠠᠯ ᠢ ᠳ᠋ᠠᠸᠢᠳ᠋ ᠤᠨ ᠭᠡᠷ ᠡᠴᠡ ᠲᠠᠰᠤᠳᠠᠨ ᠴᠢᠮ᠎ᠠ ᠳᠤ ᠥᠭᠭᠥᠭᠰᠡᠨ ᠪᠣᠯᠪᠠᠴᠤ ᠴᠢ ᠮᠢᠨᠦ ᠵᠠᠷᠤᠴᠠ ᠳ᠋ᠠᠸᠢᠳ᠋ ᠰᠢᠭ᠋ ᠪᠠᠢᠭᠰᠠᠨ ᠦᠭᠡᠢ᠃ ᠳ᠋ᠠᠸᠢᠳ᠋ ᠮᠢᠨᠦ ᠲᠤᠰᠢᠶᠠᠯ ᠢ ᠪᠠᠷᠢᠮᠲᠠᠯᠠᠨ ᠨᠠᠮᠠᠶᠢ ᠪᠦᠬᠦ ᠵᠢᠷᠦᠬᠡ ᠪᠡᠷ ᠢᠶᠠᠨ ᠳᠠᠭᠠᠵᠤ᠂ ᠮᠢᠨᠦ ᠮᠡᠯᠮᠡᠢ ᠶᠢᠨ ᠡᠮᠦᠨ᠎ᠡ ᠰᠢᠳᠤᠷᠭᠤ ᠵᠦᠢᠯ ᠢ ᠯᠠ ᠬᠢᠳᠡᠭ ᠪᠠᠢᠭᠰᠠᠨ ᠪᠣᠯ᠂ 9 ᠴᠢ ᠲᠦᠷᠦᠭᠦᠦ ᠲᠦᠷᠦᠭᠦᠴᠢ ᠶᠢᠨ ᠬᠡᠨ ᠨᠢᠭᠡᠨ ᠡᠴᠡ ᠴᠤ ᠢᠯᠡᠭᠦᠦ ᠪᠡᠷ ᠪᠤᠵᠠᠷ ᠮᠠᠭᠤ ᠶᠢ ᠦᠢᠯᠡᠳᠦᠭᠰᠡᠭᠡᠷ ᠪᠠᠢᠨ᠎ᠠ᠃ ᠴᠢ ᠥᠪᠡᠷ ᠦᠨ ᠢᠶᠠᠨ ᠲᠥᠯᠥᠭᠡ ᠥᠭᠡᠷ᠎ᠡ ᠪᠤᠷᠬᠠᠳ ᠪᠣᠯᠣᠨ ᠴᠢᠳᠬᠤᠮᠠᠯ ᠰᠢᠲᠦᠭᠡᠨ ᠨᠦᠭᠦᠳ ᠢ ᠬᠢᠵᠦ᠂ ᠨᠠᠮᠠᠶᠢ ᠬᠢᠯᠢᠩᠨᠡᠭᠦᠯᠦᠨ ᠨᠠᠮᠠᠶᠢ ᠠᠷᠤ ᠳᠠᠭᠠᠨ ᠣᠷᠬᠢᠭᠰᠠᠨ᠃ 10 ᠡᠢᠮᠦ ᠡᠴᠡ ᠪᠢ ᠶᠧᠷᠣᠪᠣᠶᠠᠮ ᠤᠨ ᠭᠡᠷ ᠳᠡᠭᠡᠷ᠎ᠡ ᠭᠠᠢ ᠵᠣᠪᠠᠯᠠᠩ ᠪᠠᠭᠤᠯᠭᠠᠨ᠎ᠠ︕ ᠪᠢ ᠶᠧᠷᠣᠪᠣᠶᠠᠮ ᠤᠨ ᠡᠷᠡᠴᠦᠳ ᠢ ᠪᠣᠭᠣᠯ᠂ ᠴᠢᠯᠥᠭᠡᠲᠦ ᠭᠡᠵᠦ ᠢᠯᠭᠠᠯ ᠦᠭᠡᠢ ᠢᠰᠷᠧᠯ ᠤᠨ ᠳᠤᠮᠳᠠ ᠤᠰᠠᠳᠬᠠᠵᠤ᠂ ᠢᠯᠠᠭᠠᠳᠠᠰᠤ ᠶᠢ ᠪᠦᠷᠢᠮᠦᠰᠦᠨ ᠰᠢᠲᠠᠭᠠᠳᠠᠭ ᠰᠢᠭ᠋ ᠶᠧᠷᠣᠪᠣᠶᠠᠮ ᠤᠨ ᠭᠡᠷ ᠦᠨ ᠬᠢᠨ ᠢ ᠰᠢᠲᠠᠭᠠᠵᠤ ᠬᠠᠶᠠᠨ᠎ᠠ᠃ 11 ᠶᠧᠷᠣᠪᠣᠶᠠᠮ ᠤᠨ ᠬᠠᠷᠢᠶ᠎ᠠ ᠬᠥᠮᠦᠰ ᠦᠨ ᠬᠣᠲᠠ ᠳᠣᠲᠣᠷ᠎ᠠ ᠦᠬᠦᠭᠰᠡᠨ ᠢ ᠨᠢ ᠨᠣᠬᠠᠳ ᠢᠳᠡᠵᠦ᠂ ᠲᠠᠯ᠎ᠠ ᠳᠤ ᠦᠬᠦᠭᠰᠡᠨ ᠢ ᠨᠢ ᠣᠭᠲᠠᠷᠭᠤᠢ ᠶᠢᠨ ᠰᠢᠪᠠᠭᠤᠳ ᠢᠳᠡᠬᠦ ᠪᠣᠯᠣᠨ᠎ᠠ᠃ ᠶᠣᠬᠣᠸᠠ ᠡᠢᠨ ᠬᠦ ᠠᠢᠯᠠᠳᠤᠭᠰᠠᠨ᠃ 12 ᠬᠠᠷᠢᠨ ᠲᠠ ᠣᠳᠣ ᠭᠡᠷ ᠲᠡᠭᠡᠨ ᠬᠠᠷᠢ᠃ ᠲᠠ ᠬᠣᠲᠠ ᠳᠤ ᠬᠥᠯ ᠭᠢᠰᠬᠢᠲᠡᠯ᠎ᠡ ᠬᠦᠦ ᠴᠢᠨᠢ ᠦᠬᠦᠬᠦ ᠪᠣᠯᠣᠨ᠎ᠠ᠃ 13 ᠪᠦᠬᠦ ᠢᠰᠷᠧᠯ ᠲᠡᠭᠦᠨ ᠦ ᠲᠥᠯᠥᠭᠡ ᠭᠠᠰᠢᠭᠤᠳᠠᠨ᠂ ᠲᠡᠭᠦᠨ ᠢ ᠣᠷᠣᠰᠢᠭᠤᠯᠬᠤ ᠪᠥᠭᠡᠳ ᠶᠧᠷᠣᠪᠣᠶᠠᠮ ᠤᠨ ᠭᠡᠷ ᠦᠨ ᠬᠢᠨ ᠡᠴᠡ ᠭᠠᠭᠴᠠ ᠲᠡᠷᠡ ᠯᠠ ᠪᠤᠯᠠᠰᠢᠨ ᠳᠤ ᠣᠷᠣᠬᠤ ᠪᠣᠯᠣᠨ᠎ᠠ᠃ ᠤᠴᠢᠷ ᠨᠢ ᠶᠧᠷᠣᠪᠣᠶᠠᠮ ᠤᠨ ᠭᠡᠷ ᠦᠨ ᠬᠢᠨ ᠳᠤ ᠭᠠᠭᠴᠠ ᠲᠡᠭᠦᠨ ᠡᠴᠡ ᠯᠠ ᠢᠰᠷᠧᠯ ᠤᠨ ᠪᠤᠷᠬᠠᠨ ᠶᠣᠬᠣᠸᠠ ᠳᠤ ᠲᠠᠭᠠᠯᠠᠭᠳᠠᠬᠤ ᠵᠦᠢᠯ ᠣᠯᠳᠠᠭᠰᠠᠨ ᠶᠤᠮ᠃ 14 ᠶᠣᠬᠣᠸᠠ ᠥᠪᠡᠷ ᠦᠨ ᠢᠶᠠᠨ ᠲᠥᠯᠥᠭᠡ ᠢᠰᠷᠧᠯ ᠢ ᠵᠠᠬᠢᠷᠬᠤ ᠥᠭᠡᠷ᠎ᠡ ᠬᠠᠭᠠᠨ ᠢ ᠪᠣᠰᠬᠠᠬᠤ ᠪᠥᠭᠡᠳ ᠲᠡᠷᠡ ᠶᠧᠷᠣᠪᠣᠶᠠᠮ ᠤᠨ ᠭᠡᠷ ᠢ ᠤᠰᠠᠳᠬᠠᠨ᠎ᠠ᠃ ᠡᠨᠡ ᠶᠠᠪᠤᠳᠠᠯ ᠥᠨᠥᠳᠥᠷ᠂ ᠶᠠᠭ ᠡᠳᠦᠭᠡ ᠪᠣᠯᠵᠤ ᠪᠣᠯᠣᠨ᠎ᠠ᠃

15 ᠶᠣᠬᠣᠸᠠ ᠳᠤ ᠴᠣᠬᠢᠭᠳᠠᠨ ᠢᠰᠷᠧᠯ ᠤᠰᠤᠨ ᠳᠤ ᠨᠠᠢᠭᠤᠬᠤ ᠵᠡᠭᠡᠰᠦ ᠠᠳᠠᠯᠢ ᠪᠣᠯᠣᠨ᠎ᠠ᠃ ᠲᠡᠳᠡ ᠠᠱᠧᠷᠠ ᠶᠢᠨ ᠱᠣᠩ ᠨᠤᠭᠤᠳ ᠢ ᠪᠦᠲᠦᠭᠡᠵᠦ ᠶᠣᠬᠣᠸᠠ ᠶᠢ ᠬᠢᠯᠢᠩᠨᠡᠭᠦᠯᠦᠭᠰᠡᠨ ᠤᠴᠢᠷ ᠠᠴᠠ ᠶᠣᠬᠣᠸᠠ ᠡᠴᠢᠭᠡ ᠡᠪᠦᠭᠡᠳ ᠲᠤᠨᠢ ᠰᠣᠶᠣᠷᠬᠠᠭᠰᠠᠨ ᠡᠨᠡ ᠰᠠᠢᠬᠠᠨ ᠨᠤᠲᠤᠭ ᠠᠴᠠ ᠢᠰᠷᠧᠯ ᠢ ᠰᠤᠭᠤ ᠲᠠᠲᠠᠵᠤ᠂ ᠡᠶᠦ᠋ᠹᠷᠠᠲ᠋ᠧᠰ ᠮᠥᠷᠡᠨ ᠦ ᠴᠠᠭᠠᠨ᠎ᠠ ᠲᠠᠷᠬᠠᠭᠠᠬᠤ ᠪᠣᠯᠣᠨ᠎ᠠ᠃ 16 ᠨᠢᠭᠦᠯ ᠢ ᠥᠪᠡᠷ ᠢᠶᠡᠨ ᠦᠢᠯᠡᠳᠴᠦ᠂ ᠪᠠᠰᠠ ᠢᠰᠷᠧᠯ ᠢᠶᠠᠷ ᠦᠢᠯᠡᠳᠦᠭᠦᠯᠦᠭᠰᠡᠨ ᠶᠧᠷᠣᠪᠣᠶᠠᠮ ᠤᠨ ᠭᠡᠮ ᠨᠢᠭᠦᠯ ᠦᠨ ᠤᠯᠠᠮ ᠢᠶᠠᠷ ᠶᠣᠬᠣᠸᠠ ᠢᠰᠷᠧᠯ ᠢ ᠲᠠᠶᠠᠭᠳᠠᠬᠤ ᠪᠣᠯᠣᠨ᠎ᠠ》 ᠭᠡᠵᠦ ᠬᠡᠯᠡᠪᠡ᠃

17 ᠶᠧᠷᠣᠪᠣᠶᠠᠮ ᠤᠨ ᠡᠬᠡᠨᠡᠷ ᠪᠣᠰᠣᠨ ᠶᠠᠪᠤᠵᠤ᠂ ᠲᠢᠷᠽᠠ ᠤᠷᠤᠭᠤ ᠪᠤᠴᠠᠵᠠᠢ᠃ ᠲᠡᠷᠡ ᠡᠭᠦᠳᠡᠨ ᠪᠣᠱᠣᠭ᠎ᠠ ᠳᠡᠭᠡᠷ᠎ᠡ ᠪᠡᠨ ᠬᠦᠷᠴᠦ ᠢᠷᠡᠲᠡᠯ᠎ᠡ ᠬᠦᠦ ᠨᠢ ᠨᠠᠰᠤ ᠪᠠᠷᠠᠪᠠ᠃ 18 ᠪᠦᠬᠦ ᠢᠰᠷᠧᠯ ᠲᠡᠭᠦᠨ ᠢ ᠣᠷᠣᠰᠢᠭᠤᠯᠵᠤ᠂ ᠲᠡᠭᠦᠨ ᠦ ᠲᠥᠯᠥᠭᠡ ᠭᠠᠰᠢᠭᠤᠳᠠᠭᠰᠠᠨ ᠪᠥᠭᠡᠳ ᠡᠨᠡ ᠨᠢ ᠶᠣᠬᠣᠸᠠ ᠥᠪᠡᠷ ᠦᠨ ᠵᠠᠷᠤᠴᠠ ᠡᠰᠢ ᠦᠵᠡᠭᠦᠯᠦᠭᠴᠢ ᠠᠾᠢᠶᠠ ᠪᠠᠷ ᠳᠠᠮᠵᠢᠭᠤᠯᠤᠨ ᠠᠢᠯᠠᠳᠤᠭᠰᠠᠨ ᠶᠣᠰᠣᠭᠠᠷ ᠪᠣᠯᠵᠠᠢ᠃

19 ᠶᠧᠷᠣᠪᠣᠶᠠᠮ ᠤᠨ ᠬᠡᠷᠬᠢᠨ ᠳᠠᠢᠨ ᠬᠢᠵᠦ᠂ ᠬᠡᠷᠬᠢᠨ ᠵᠠᠬᠢᠷᠤᠭᠰᠠᠨ ᠲᠤᠬᠠᠢ ᠪᠤᠰᠤᠳ ᠶᠠᠪᠤᠳᠠᠯ ᠤᠳ ᠨᠢ ᠢᠰᠷᠧᠯ ᠤᠨ ᠬᠠᠭᠠᠳ ᠤᠨ ᠨᠠᠮᠲᠠᠷ ᠲᠤ ᠪᠢᠴᠢᠭᠳᠡᠭᠰᠡᠨ ᠶᠤᠮ᠃ 20 ᠶᠧᠷᠣᠪᠣᠶᠠᠮ ᠬᠣᠷᠢᠨ ᠬᠣᠶᠠᠷ ᠵᠢᠯ ᠵᠠᠬᠢᠷᠤᠭᠠᠳ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠭᠰᠠᠨ ᠳᠤ᠂ ᠬᠦᠦ ᠨᠠᠳᠠᠪ ᠨᠢ ᠲᠡᠭᠦᠨ ᠢ ᠵᠠᠯᠭᠠᠮᠵᠢᠯᠠᠨ ᠬᠠᠭᠠᠨ ᠪᠣᠯᠣᠭᠰᠠᠨ ᠪᠠᠢᠨ᠎ᠠ᠃
 ᠶᠦᠳᠠ ᠶᠢᠨ ᠬᠠᠭᠠᠨ ᠷᠧᠬᠣᠪᠣᠶᠠᠮ

21 ᠶᠦᠳᠠ ᠶᠢᠨ ᠬᠠᠭᠠᠨ ᠨᠢ ᠰᠣᠯᠣᠮᠣᠨ ᠤ ᠬᠦᠦ ᠷᠧᠬᠣᠪᠣᠶᠠᠮ ᠪᠠᠢᠯ᠎ᠠ᠃ ᠷᠧᠬᠣᠪᠣᠶᠠᠮ ᠳᠥᠴᠢᠨ ᠨᠢᠭᠡᠨ ᠨᠠᠰᠤᠲᠠᠢ ᠳᠠᠭᠠᠨ ᠬᠠᠭᠠᠨ ᠪᠣᠯᠣᠭᠠᠳ ᠶᠣᠬᠣᠸᠠ ᠶᠢᠨ ᠨᠡᠷ᠎ᠡ ᠪᠡᠨ ᠪᠠᠢᠯᠭᠠᠬᠤ ᠪᠠᠷ ᠢᠰᠷᠧᠯ ᠤᠨ ᠪᠦᠬᠦ ᠣᠪᠣᠭ ᠠᠴᠠ ᠰᠢᠯᠢᠵᠦ ᠠᠪᠤᠭᠰᠠᠨ ᠬᠣᠲᠠ ᠪᠣᠯᠬᠤ ᠶᠧᠷᠦ᠋ᠰᠠᠯᠧᠮ ᠳᠤ ᠠᠷᠪᠠᠨ ᠳᠣᠯᠣᠭᠠᠨ ᠵᠢᠯ ᠬᠠᠭᠠᠨᠴᠢᠯᠠᠪᠠ᠃ ᠡᠬᠡ ᠨᠢ ᠠᠮᠣᠨ ᠬᠥᠮᠦᠨ ᠨᠠᠮᠠ ᠪᠠᠢᠵᠠᠢ᠃ 22 ᠶᠦᠳᠠ ᠶᠣᠬᠣᠸᠠ ᠶᠢᠨ ᠮᠡᠯᠮᠡᠢ ᠶᠢᠨ ᠡᠮᠦᠨ᠎ᠡ ᠪᠤᠵᠠᠷ ᠮᠠᠭᠤ ᠶᠢ ᠦᠢᠯᠡᠳᠪᠡ᠃ ᠲᠡᠳᠡ ᠡᠴᠢᠭᠡ ᠡᠪᠦᠭᠡᠳ ᠡᠴᠡ ᠪᠡᠨ ᠴᠤ ᠢᠯᠡᠭᠦᠦ ᠪᠡᠷ ᠭᠡᠮ ᠨᠢᠭᠦᠯ ᠢ ᠦᠢᠯᠡᠳᠴᠦ ᠶᠣᠬᠣᠸᠠ ᠶᠢ ᠬᠢᠯᠢᠩᠨᠡᠭᠦᠯᠪᠡ 22 23 ᠲᠡᠳᠡ ᠴᠤ ᠥᠨᠳᠥᠷ ᠲᠣᠯᠣᠭᠠᠳ ᠪᠦᠬᠦᠨ ᠦ ᠳᠡᠭᠡᠷ᠎ᠡ᠂ ᠮᠥᠨ ᠱᠠᠩᠰᠢ ᠮᠣᠳᠣ ᠪᠦᠷᠢ ᠶᠢᠨ ᠳᠣᠣᠷ᠎ᠠ ᠮᠥᠷᠭᠥᠯ ᠦᠨ ᠮᠠᠨᠳᠠᠯ᠂ ᠴᠢᠯᠠᠭᠤᠨ ᠪᠠᠭᠠᠨ᠎ᠠ ᠪᠣᠯᠣᠨ ᠮᠣᠳᠣᠨ ᠰᠢᠲᠦᠭᠡᠨ ᠪᠣᠰᠬᠠᠵᠤ ᠲᠠᠯᠪᠢᠪᠠ᠃ 24 ᠮᠥᠨ ᠲᠡᠷᠡ ᠭᠠᠵᠠᠷ ᠲᠤ ᠳᠤᠭᠠᠩ ᠤᠨ ᠶᠠᠩ᠋ᠬᠠᠨ ᠡᠷᠡᠴᠦᠳ ᠬᠦᠷᠲᠡᠯ᠎ᠡ ᠪᠠᠢᠯ᠎ᠠ᠃ ᠲᠡᠢᠨ ᠬᠦ ᠲᠡᠳᠡ ᠢᠰᠷᠧᠯᠴᠦᠳ ᠦᠨ ᠡᠮᠦᠨ᠎ᠡ ᠡᠴᠡ ᠶᠣᠬᠣᠸᠠ ᠶᠢᠨ ᠵᠠᠢᠯᠠᠭᠤᠯᠤᠭᠰᠠᠨ ᠦᠨᠳᠦᠰᠦᠲᠡᠨ ᠨᠦᠭᠦᠳ ᠦᠨ ᠪᠦᠬᠦᠢᠯᠡ ᠵᠢᠭᠰᠢᠭᠦᠷᠢᠲᠦ ᠶᠠᠪᠤᠳᠠᠯ ᠤᠳ ᠢ ᠳᠠᠭᠠᠨ ᠦᠢᠯᠡᠳᠳᠡᠭ ᠪᠠᠢᠵᠠᠢ᠃

25 ᠷᠧᠬᠣᠪᠣᠶᠠᠮ ᠬᠠᠭᠠᠨ ᠤ ᠲᠠᠪᠤᠳᠤᠭᠠᠷ ᠣᠨ ᠳᠤ᠂ ᠶᠧᠵᠢᠫᠲ ᠤᠨ ᠬᠠᠭᠠᠨ ᠱᠢᠱᠠᠺ ᠶᠧᠷᠦ᠋ᠰᠠᠯᠧᠮ ᠢ ᠳᠣᠪᠲᠣᠯᠪᠠ᠃ 26 ᠲᠡᠷᠡ ᠪᠡᠷ ᠶᠣᠬᠣᠸᠠ ᠶᠢᠨ ᠥᠷᠭᠥᠭᠡ ᠪᠣᠯᠣᠨ ᠬᠠᠭᠠᠨ ᠤ ᠣᠷᠳᠣᠨ ᠤ ᠡᠷᠳᠡᠨᠢᠰ ᠢ ᠲᠣᠨᠣᠵᠤ ᠪᠦᠭᠦᠳᠡ ᠶᠢ ᠨᠢ ᠠᠪᠠᠴᠢᠵᠠᠢ᠃ ᠲᠡᠷᠡ ᠪᠡᠷ ᠰᠣᠯᠣᠮᠣᠨ ᠤ ᠬᠢᠭᠰᠡᠨ ᠠᠯᠲᠠᠨ ᠪᠠᠮᠪᠠᠢ ᠨᠤᠭᠤᠳ ᠢ ᠴᠤ ᠪᠦᠭᠦᠳᠡ ᠶᠢ ᠠᠪᠠᠴᠢᠭᠰᠠᠨ ᠪᠣᠯᠬᠣᠷ 27 ᠷᠧᠬᠣᠪᠣᠶᠠᠮ ᠬᠠᠭᠠᠨ ᠲᠡᠳᠡᠭᠡᠷ ᠦᠨ ᠣᠷᠣᠨ ᠳᠤ ᠭᠠᠤᠯᠢᠨ ᠪᠠᠮᠪᠠᠢ ᠬᠢᠵᠦ᠂ ᠬᠠᠭᠠᠨ ᠤ ᠣᠷᠳᠣᠨ ᠤ ᠬᠠᠭᠠᠯᠭ᠎ᠠ ᠰᠠᠬᠢᠳᠠᠭ ᠬᠠᠷᠠᠭᠤᠯ ᠤᠨ ᠳᠠᠷᠤᠭ᠎ᠠ ᠨᠠᠷ ᠲᠤ ᠲᠡᠳᠡᠭᠡᠷ ᠢ ᠳᠠᠭᠠᠭᠠᠯᠭᠠᠵᠠᠢ᠃ 28 ᠬᠠᠭᠠᠨ ᠶᠣᠬᠣᠸᠠ ᠶᠢᠨ ᠥᠷᠭᠥᠭᠡᠨ ᠳᠦ ᠣᠷᠣᠬᠤ ᠪᠣᠯᠭᠠᠨ ᠳᠤ᠂ ᠬᠠᠷᠠᠭᠤᠯ ᠤᠳ ᠴᠤ ᠪᠠᠮᠪᠠᠢ ᠪᠠᠷᠢᠵᠤ ᠣᠷᠣᠭᠠᠳ ᠳᠠᠷᠠᠭ᠎ᠠ ᠨᠢ ᠬᠠᠷᠠᠭᠤᠯ ᠤᠨ ᠥᠷᠥᠭᠡᠨ ᠳᠦ ᠪᠤᠴᠠᠭᠠᠵᠤ ᠲᠠᠯᠪᠢᠳᠠᠭ ᠪᠠᠢᠪᠠ᠃

29 ᠷᠧᠬᠣᠪᠣᠶᠠᠮ ᠤᠨ ᠪᠤᠰᠤᠳ ᠶᠠᠪᠤᠳᠠᠯ ᠪᠣᠯᠣᠨ ᠦᠢᠯᠡᠳᠦᠭᠰᠡᠨ ᠪᠦᠬᠦᠨ ᠨᠢ ᠶᠦᠳᠠ ᠶᠢᠨ ᠬᠠᠭᠠᠳ ᠤᠨ ᠨᠠᠮᠲᠠᠷ ᠲᠤ ᠪᠢᠴᠢᠭᠳᠡᠭᠰᠡᠨ ᠪᠢᠰᠢ ᠤᠤ︖ 30 ᠷᠧᠬᠣᠪᠣᠶᠠᠮ᠂ ᠶᠧᠷᠣᠪᠣᠶᠠᠮ ᠤᠨ ᠪᠦᠬᠦᠢᠯᠡ ᠡᠳᠦᠷ ᠤᠳ ᠲᠤ ᠲᠡᠳᠡ ᠨᠠᠷ ᠤᠨ ᠬᠣᠭᠣᠷᠣᠨᠳᠣ ᠳᠠᠢᠨ ᠪᠠᠢᠭᠰᠠᠭᠠᠷ ᠪᠠᠢᠪᠠ᠃ 31 ᠷᠧᠬᠣᠪᠣᠶᠠᠮ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠵᠤ᠂ ᠳ᠋ᠠᠸᠢᠳ᠋ ᠤᠨ ᠬᠣᠲᠠ ᠳᠤ ᠡᠴᠢᠭᠡ ᠡᠪᠦᠭᠡᠳ ᠦᠨ ᠢᠶᠠᠨ ᠳᠡᠷᠭᠡᠳᠡ ᠣᠷᠣᠰᠢᠭᠤᠯᠤᠭᠳᠠᠵᠠᠢ᠃ ᠡᠬᠡ ᠨᠢ ᠠᠮᠣᠨ ᠬᠥᠮᠦᠨ ᠨᠠᠮᠠ ᠪᠠᠢᠵᠠᠢ᠂ ᠬᠦᠦ ᠠᠪᠢᠶᠠ ᠨᠢ ᠲᠡᠭᠦᠨ ᠢ ᠵᠠᠯᠭᠠᠮᠵᠢᠯᠠᠨ ᠬᠠᠭᠠᠨ ᠪᠣᠯᠣᠭᠰᠠᠨ ᠪᠠᠢᠨ᠎ᠠ᠃