ᠬᠠᠭᠠᠳ ᠤᠨ ᠳᠡᠭᠡᠳᠦ ᠠᠷᠪᠠᠨ ᠭᠤᠷᠪᠠ
ᠪᠤᠷᠬᠠᠨ ᠤ ᠬᠥᠮᠦᠨ ᠦ ᠰᠡᠷᠡᠮᠵᠢᠯᠡᠭᠦᠯᠦᠯᠭᠡ
1 ᠬᠠᠷ᠎ᠠ︕ ᠶᠧᠷᠣᠪᠣᠶᠠᠮ ᠤᠲᠤᠯᠭ᠎ᠠ ᠤᠭᠤᠭᠢᠭᠤᠯᠬᠤ ᠪᠠᠷ ᠲᠠᠬᠢᠯ ᠤᠨ ᠰᠢᠷᠡᠭᠡᠨ ᠦ ᠬᠠᠵᠠᠭᠤ ᠳᠤ ᠵᠣᠭᠰᠣᠵᠤ ᠪᠠᠢᠬᠤ ᠳᠤ᠂ ᠪᠤᠷᠬᠠᠨ ᠤ ᠬᠥᠮᠦᠨ ᠶᠣᠬᠣᠸᠠ ᠶᠢᠨ ᠦᠭᠡ ᠶᠢ ᠳᠠᠭᠠᠨ ᠶᠦᠳᠠ ᠠᠴᠠ ᠪᠧᠲ᠋ᠧᠯ ᠳᠤ ᠬᠦᠷᠴᠦ ᠢᠷᠡᠪᠡ᠃ 2 ᠲᠡᠷᠡ ᠪᠡᠷ ᠲᠠᠬᠢᠯ ᠤᠨ ᠰᠢᠷᠡᠭᠡ ᠤᠷᠤᠭᠤ ᠥᠨᠳᠥᠷ ᠳᠠᠭᠤ ᠪᠠᠷ ᠬᠠᠰᠬᠢᠷᠴᠤ᠄ 《ᠲᠠᠬᠢᠯ ᠤᠨ ᠰᠢᠷᠡᠭᠡ᠂ ᠲᠠᠬᠢᠯ ᠤᠨ ᠰᠢᠷᠡᠭᠡ᠂ ᠶᠣᠬᠣᠸᠠ ᠡᠢᠨ ᠬᠦ ᠠᠢᠯᠠᠳᠴᠤ ᠪᠠᠢᠨ᠎ᠠ᠄ ᠬᠠᠷ᠎ᠠ᠂ ᠳ᠋ᠠᠸᠢᠳ᠋ ᠤᠨ ᠭᠡᠷ ᠲᠦ ᠶᠣᠰᠢᠶ᠎ᠠ ᠭᠡᠭᠳᠡᠬᠦ ᠨᠢᠭᠡᠨ ᠬᠦᠦ ᠲᠥᠷᠥᠬᠦ ᠪᠣᠯᠣᠨ᠎ᠠ᠃ ᠲᠡᠷᠡ ᠬᠣᠵᠢᠮ ᠴᠢᠨᠦ ᠳᠡᠭᠡᠷ᠎ᠡ ᠤᠲᠤᠯᠭ᠎ᠠ ᠤᠭᠤᠭᠢᠭᠤᠯᠳᠠᠭ ᠮᠥᠷᠭᠥᠯ ᠦᠨ ᠮᠠᠨᠳᠠᠯ ᠤᠨ ᠡᠳᠡᠭᠡᠷ ᠲᠠᠬᠢᠯᠴᠢᠳ ᠢ ᠴᠢᠨᠦ ᠳᠡᠭᠡᠷ᠎ᠡ ᠨᠢᠲᠤᠯᠵᠤ᠂ ᠴᠢᠨᠦ ᠳᠡᠭᠡᠷ᠎ᠡ ᠬᠥᠮᠦᠨ ᠦ ᠶᠠᠰᠤ ᠶᠢ ᠰᠢᠲᠠᠭᠠᠬᠤ ᠪᠣᠯᠣᠨ᠎ᠠ》 ᠭᠡᠯᠡ᠃ 3 ᠲᠡᠷᠡ ᠡᠳᠦᠷ ᠪᠤᠷᠬᠠᠨ ᠤ ᠬᠥᠮᠦᠨ ᠨᠢᠭᠡ ᠲᠡᠮᠳᠡᠭ ᠥᠭᠴᠦ᠄ 《ᠶᠣᠬᠣᠸᠠ ᠶᠢᠨ ᠠᠢᠯᠠᠳᠤᠭᠰᠠᠨ ᠲᠡᠮᠳᠡᠭ ᠡᠨᠡ ᠪᠠᠢᠨ᠎ᠠ᠄ ᠬᠠᠷ᠎ᠠ᠂ ᠡᠨᠡ ᠲᠠᠬᠢᠯ ᠤᠨ ᠰᠢᠷᠡᠭᠡ ᠬᠠᠭᠠᠷᠠᠵᠤ᠂ ᠲᠡᠭᠦᠨ ᠦ ᠳᠡᠭᠡᠷᠡᠬᠢ ᠦᠨᠡᠰᠦ ᠠᠰᠬᠠᠭᠳᠠᠬᠤ ᠪᠣᠯᠣᠨ᠎ᠠ︕》 ᠭᠡᠪᠡ᠃ 4 ᠪᠤᠷᠬᠠᠨ ᠤ ᠬᠥᠮᠦᠨ ᠦ ᠪᠧᠲ᠋ᠧᠯ ᠳᠠᠬᠢ ᠲᠠᠬᠢᠯ ᠤᠨ ᠰᠢᠷᠡᠭᠡ ᠤᠷᠤᠭᠤ ᠬᠠᠰᠬᠢᠷᠤᠭᠰᠠᠨ ᠦᠭᠡ ᠶᠢ ᠶᠧᠷᠣᠪᠣᠶᠠᠮ ᠬᠠᠭᠠᠨ ᠰᠣᠨᠣᠰᠣᠮᠠᠭᠴᠠ ᠪᠠᠨ ᠲᠠᠬᠢᠯ ᠤᠨ ᠰᠢᠷᠡᠭᠡ ᠤᠷᠤᠭᠤ ᠭᠠᠷ ᠢᠶᠠᠨ ᠰᠤᠩ᠋ᠭᠠᠨ᠄ 《ᠲᠡᠭᠦᠨ ᠢ ᠪᠠᠷᠢᠭᠲᠤᠨ》 ᠭᠡᠪᠡ᠃ ᠭᠡᠪᠡᠴᠦ ᠲᠡᠭᠦᠨ ᠤᠷᠤᠭᠤ ᠰᠤᠩ᠋ᠭᠠᠭᠰᠠᠨ ᠶᠧᠷᠣᠪᠣᠶᠠᠮ ᠤᠨ ᠭᠠᠷ ᠮᠡᠳᠡᠭᠡ ᠠᠯᠳᠠᠵᠤ᠂ ᠲᠠᠲᠠᠵᠤ ᠴᠢᠳᠠᠬᠤ ᠪᠠᠨ ᠪᠣᠯᠢᠵᠠᠢ᠃ 5 ᠲᠠᠬᠢᠯ ᠤᠨ ᠰᠢᠷᠡᠭᠡ ᠴᠤ ᠬᠠᠭᠠᠷᠠᠭᠠᠳ ᠦᠨᠡᠰᠦ ᠨᠢ ᠲᠠᠬᠢᠯ ᠤᠨ ᠰᠢᠷᠡᠭᠡᠨ ᠳᠡᠭᠡᠷ᠎ᠡ ᠡᠴᠡ ᠠᠰᠬᠠᠭᠳᠠᠭᠰᠠᠨ ᠪᠥᠭᠡᠳ ᠡᠨᠡ ᠨᠢ ᠪᠤᠷᠬᠠᠨ ᠤ ᠬᠥᠮᠦᠨ ᠦ ᠶᠣᠬᠣᠸᠠ ᠶᠢᠨ ᠦᠭᠡ ᠪᠡᠷ ᠥᠭᠭᠥᠭᠰᠡᠨ ᠲᠡᠮᠳᠡᠭ ᠦᠨ ᠶᠣᠰᠣᠭᠠᠷ ᠪᠣᠯᠣᠯ᠎ᠠ᠃ 6 ᠬᠠᠭᠠᠨ ᠪᠤᠷᠬᠠᠨ ᠤ ᠬᠥᠮᠦᠨ ᠳᠦ᠄ 《ᠲᠠ ᠶᠣᠬᠣᠸᠠ ᠪᠤᠷᠬᠠᠨ ᠤ ᠪᠠᠨ ᠲᠠᠭᠠᠯᠠᠯ ᠢ ᠭᠤᠶᠤᠨ᠂ ᠭᠠᠷ ᠢ ᠮᠢᠨᠢ ᠡᠳᠡᠭᠡᠭᠡᠵᠦ ᠥᠭᠬᠦ ᠶᠢ ᠮᠢᠨᠦ ᠡᠮᠦᠨ᠎ᠡ ᠡᠴᠡ ᠳᠠᠭᠠᠳᠬᠠᠵᠤ ᠥᠭᠭᠥᠨ᠎ᠡ ᠤᠤ︖》 ᠭᠡᠬᠦ ᠳᠦ᠂ ᠪᠤᠷᠬᠠᠨ ᠤ ᠬᠥᠮᠦᠨ ᠶᠣᠬᠣᠸᠠ ᠠᠴᠠ ᠭᠤᠶᠤᠭᠰᠠᠨ ᠳᠤ᠂ ᠬᠠᠭᠠᠨ ᠤ ᠭᠠᠷ ᠡᠳᠡᠭᠡᠷᠡᠵᠦ ᠤᠷᠢᠳᠤ ᠶᠢᠨ ᠠᠳᠠᠯᠢ ᠪᠣᠯᠪᠠ᠃ 7 ᠬᠠᠭᠠᠨ ᠪᠤᠷᠬᠠᠨ ᠤ ᠬᠥᠮᠦᠨ ᠳᠦ᠄ 《ᠨᠠᠳᠠ ᠲᠠᠢ ᠬᠠᠮᠲᠤ ᠭᠡᠷ ᠲᠦ ᠮᠢᠨᠢ ᠣᠴᠢᠵᠤ᠂ ᠬᠣᠭᠣᠯᠠ ᠵᠣᠭᠣᠭᠯᠠ᠃ ᠪᠢ ᠲᠠᠨ ᠳᠤ ᠪᠡᠯᠡᠭ ᠪᠠᠷᠢᠶ᠎ᠠ》 ᠭᠡᠬᠦ ᠳᠦ᠂ 8 ᠪᠤᠷᠬᠠᠨ ᠤ ᠬᠥᠮᠦᠨ ᠬᠠᠭᠠᠨ ᠳᠤ᠄ 《ᠲᠠ ᠨᠠᠳᠠ ᠳᠤ ᠣᠷᠳᠣᠨ ᠤ ᠪᠠᠨ ᠲᠡᠩ ᠬᠠᠭᠠᠰ ᠢ ᠥᠭᠬᠦ ᠪᠠᠢᠭᠰᠠᠨ ᠴᠤ ᠪᠢ ᠲᠠᠨ ᠲᠠᠢ ᠬᠠᠮᠲᠤ ᠶᠠᠪᠤᠬᠤ ᠦᠭᠡᠢ᠂ ᠮᠥᠨ ᠡᠨᠡ ᠭᠠᠵᠠᠷ ᠲᠤ ᠪᠣᠣᠪᠣ ᠢᠳᠡᠬᠦ ᠦᠭᠡᠢ᠂ ᠤᠰᠤ ᠴᠤ ᠤᠤᠭᠤᠬᠤ ᠦᠭᠡᠢ᠃ 9 ᠶᠣᠬᠣᠸᠠ ᠨᠠᠳᠠ ᠳᠤ ᠲᠤᠰᠢᠶᠠᠯ ᠪᠠᠭᠤᠯᠭᠠᠨ᠄ 〈ᠴᠢ ᠪᠣᠣᠪᠣ ᠪᠦᠦ ᠢᠳᠡ᠂ ᠤᠰᠤ ᠴᠤ ᠪᠦᠦ ᠤᠤᠭᠤ᠂ ᠢᠷᠡᠭᠰᠡᠨ ᠵᠠᠮ ᠢᠶᠠᠷ ᠢᠶᠠᠨ ᠴᠤ ᠪᠦᠦ ᠪᠤᠴᠠ〉 ᠭᠡᠵᠦ ᠵᠠᠬᠢᠭᠰᠠᠨ ᠶᠤᠮ》 ᠭᠡᠯᠡ᠃ 10 ᠲᠡᠭᠡᠭᠡᠳ ᠲᠡᠷᠡ ᠪᠧᠲ᠋ᠧᠯ ᠤᠷᠤᠭᠤ ᠢᠷᠡᠭᠰᠡᠨ ᠵᠠᠮ ᠢᠶᠠᠷ ᠢᠶᠠᠨ ᠪᠤᠴᠠᠯ ᠦᠭᠡᠢ ᠥᠭᠡᠷ᠎ᠡ ᠵᠠᠮ ᠢᠶᠠᠷ ᠶᠠᠪᠤᠯ᠎ᠠ᠃
11 ᠪᠧᠲ᠋ᠧᠯ ᠳᠤ ᠨᠢᠭᠡᠨ ᠥᠨᠳᠥᠷ ᠨᠠᠰᠤᠲᠠᠢ ᠡᠰᠢ ᠦᠵᠡᠭᠦᠯᠦᠭᠴᠢ ᠠᠮᠢᠳᠤᠷᠠᠵᠤ ᠪᠠᠢᠪᠠ᠃ ᠲᠡᠭᠦᠨ ᠦ ᠬᠥᠪᠡᠭᠦᠳ ᠬᠠᠷᠢᠭᠠᠳ ᠲᠡᠷᠡ ᠡᠳᠦᠷ ᠪᠧᠲ᠋ᠧᠯ ᠳᠤ ᠪᠤᠷᠬᠠᠨ ᠤ ᠬᠥᠮᠦᠨ ᠦ ᠬᠢᠭᠰᠡᠨ ᠪᠦᠬᠦᠨ ᠢ᠂ ᠮᠥᠨ ᠬᠠᠭᠠᠨ ᠳᠤ ᠬᠡᠯᠡᠭᠰᠡᠨ ᠦᠭᠡᠰ ᠢ ᠴᠤ ᠡᠴᠢᠭᠡ ᠳᠡᠭᠡᠨ ᠶᠠᠷᠢᠵᠤ ᠥᠭᠪᠡ᠃ 12 ᠡᠴᠢᠭᠡ ᠨᠢ ᠲᠡᠳᠡᠨ ᠡᠴᠡ᠄ 《ᠲᠡᠷᠡ ᠠᠯᠢ ᠵᠠᠮ ᠢᠶᠠᠷ ᠪᠤᠴᠠᠭᠰᠠᠨ ᠪᠤᠢ︖》 ᠭᠡᠵᠦ ᠠᠰᠠᠭᠤᠪᠠ᠃ ᠬᠥᠪᠡᠭᠦᠳ ᠨᠢ ᠶᠦᠳᠠ ᠠᠴᠠ ᠢᠷᠡᠭᠰᠡᠨ ᠪᠤᠷᠬᠠᠨ ᠤ ᠬᠥᠮᠦᠨ ᠦ ᠶᠠᠪᠤᠭᠰᠠᠨ ᠵᠠᠮ ᠢ ᠬᠠᠷᠠᠭᠰᠠᠨ ᠪᠠᠢᠵᠠᠢ᠃ 13 ᠡᠴᠢᠭᠡ ᠨᠢ ᠬᠥᠪᠡᠭᠦᠳ ᠲᠡᠭᠡᠨ᠄ 《ᠡᠯᠵᠢᠭᠡ ᠡᠮᠡᠭᠡᠯᠯᠡᠵᠦ ᠥᠭ》 ᠭᠡᠰᠡᠨ ᠳᠦ᠂ ᠲᠡᠳᠡ ᠡᠯᠵᠢᠭᠡ ᠡᠮᠡᠭᠡᠯᠯᠡᠵᠦ ᠥᠭᠪᠡ᠃ ᠲᠡᠷᠡ ᠡᠯᠵᠢᠭᠡ ᠪᠡᠨ ᠤᠨᠤᠭᠠᠳ 14 ᠪᠤᠷᠬᠠᠨ ᠤ ᠬᠥᠮᠦᠨ ᠦ ᠠᠷᠤ ᠠᠴᠠ ᠶᠠᠪᠤᠭᠰᠠᠭᠠᠷ᠂ ᠴᠠᠷᠠᠰᠤᠨ ᠮᠣᠳᠣᠨ ᠤ ᠳᠣᠣᠷ᠎ᠠ ᠰᠠᠭᠤᠵᠤ ᠪᠠᠢᠬᠤ ᠳᠤᠨᠢ ᠲᠡᠭᠦᠨ ᠢ ᠣᠯᠣᠭᠠᠳ᠄ 《ᠶᠦᠳᠠ ᠠᠴᠠ ᠢᠷᠡᠭᠰᠡᠨ ᠪᠤᠷᠬᠠᠨ ᠤ ᠬᠥᠮᠦᠨ ᠲᠠ ᠮᠥᠨ ᠤᠤ︖》 ᠭᠡᠬᠦ ᠳᠦ᠂ ᠲᠡᠷᠡ᠄ 《ᠪᠢ ᠮᠥᠨ》 ᠭᠡᠵᠡᠢ᠃ 15 ᠨᠥᠭᠥᠭᠡ ᠡᠰᠢ ᠦᠵᠡᠭᠦᠯᠦᠭᠴᠢ ᠲᠡᠭᠦᠨ ᠳᠦ᠄ 《ᠲᠠ ᠨᠠᠳᠠ ᠲᠠᠢ ᠬᠠᠮᠲᠤ ᠮᠠᠨ ᠤ ᠳᠤ ᠣᠴᠢᠵᠤ ᠬᠣᠭᠣᠯᠠ ᠢᠳᠡᠨ᠎ᠡ ᠤᠤ︖》 ᠭᠡᠰᠡᠨ ᠳᠦ᠂ 16 ᠲᠡᠷᠡ ᠲᠡᠭᠦᠨ ᠳᠦ᠄ 《ᠪᠢ ᠲᠠᠨ ᠲᠠᠢ ᠬᠠᠮᠲᠤ ᠪᠤᠴᠠᠵᠤ᠂ ᠲᠠᠨ ᠤ ᠳᠤ ᠣᠷᠣᠵᠤ ᠪᠣᠯᠬᠤ ᠦᠭᠡᠢ᠂ ᠡᠨᠡ ᠭᠠᠵᠠᠷ ᠲᠤ ᠪᠢ ᠲᠠᠨ ᠲᠠᠢ ᠬᠠᠮᠲᠤ ᠪᠣᠣᠪᠣ ᠢᠳᠡᠬᠦ ᠦᠭᠡᠢ᠂ ᠤᠰᠤ ᠴᠤ ᠤᠤᠭᠤᠬᠤ ᠦᠭᠡᠢ᠃ 17 ᠤᠴᠢᠷ ᠨᠢ ᠶᠣᠬᠣᠸᠠ ᠨᠠᠳᠠ ᠳᠤ᠄ 〈ᠴᠢ ᠲᠡᠨᠳᠡ ᠪᠣᠣᠪᠣ ᠪᠦᠦ ᠢᠳᠡ᠂ ᠤᠰᠤ ᠴᠤ ᠪᠦᠦ ᠤᠤᠭᠤ᠂ ᠢᠷᠡᠭᠰᠡᠨ ᠵᠠᠮ ᠢᠶᠠᠷ ᠢᠶᠠᠨ ᠴᠤ ᠪᠦᠦ ᠪᠤᠴᠠ〉 ᠭᠡᠵᠦ ᠲᠤᠰᠢᠶᠠᠭᠰᠠᠨ ᠶᠤᠮ》 ᠭᠡᠪᠡ᠃ 18 ᠡᠰᠢ ᠦᠵᠡᠭᠦᠯᠦᠭᠴᠢ᠄ 《ᠪᠢ ᠴᠤ ᠴᠢᠮ᠎ᠠ ᠲᠠᠢ ᠠᠳᠠᠯᠢ ᠡᠰᠢ ᠦᠵᠡᠭᠦᠯᠦᠭᠴᠢ ᠶᠤᠮ᠃ ᠨᠢᠭᠡᠨ ᠲᠩᠷᠢ ᠡᠯᠴᠢ ᠨᠠᠳᠠ ᠳᠤ ᠶᠣᠬᠣᠸᠠ ᠶᠢᠨ ᠦᠭᠡ ᠶᠢ ᠳᠠᠮᠵᠢᠭᠤᠯᠵᠤ᠄ 〈ᠲᠡᠭᠦᠨ ᠢ ᠡᠷᠭᠢᠭᠦᠯᠦᠨ ᠭᠡᠷ ᠲᠡᠭᠡᠨ ᠠᠪᠴᠢᠷᠠᠵᠤ᠂ ᠪᠣᠣᠪᠣ ᠥᠭᠴᠦ᠂ ᠤᠰᠤ ᠤᠤᠭᠤᠯᠭᠠᠭᠠᠷᠠᠢ〉 ᠭᠡᠰᠡᠨ ᠶᠤᠮ》 ᠬᠡᠮᠡᠨ ᠲᠡᠭᠦᠨ ᠢ ᠬᠠᠭᠤᠷᠴᠠᠢ᠃ 19 ᠢᠩᠭᠢᠭᠡᠳ ᠲᠡᠷᠡ ᠪᠡᠷ ᠡᠰᠢ ᠦᠵᠡᠭᠦᠯᠦᠭᠴᠢ ᠲᠠᠢ ᠬᠠᠮᠲᠤ ᠪᠤᠴᠠᠭᠠᠳ ᠭᠡᠷ ᠲᠤᠨᠢ ᠪᠣᠣᠪᠣ ᠢᠳᠡᠵᠦ᠂ ᠤᠰᠤ ᠤᠤᠭᠤᠭᠰᠠᠨ ᠪᠠᠢᠨ᠎ᠠ᠃
20 ᠲᠡᠳᠡ ᠰᠢᠷᠡᠭᠡᠨ ᠳᠦ ᠰᠠᠭᠤᠵᠤ ᠪᠠᠢᠲᠠᠯ᠎ᠠ᠂ ᠲᠡᠷᠡ ᠬᠥᠮᠦᠨ ᠢ ᠡᠷᠭᠢᠭᠦᠯᠦᠨ ᠠᠪᠴᠢᠷᠠᠭᠰᠠᠨ ᠡᠰᠢ ᠦᠵᠡᠭᠦᠯᠦᠭᠴᠢ ᠳᠡᠭᠡᠷ᠎ᠡ ᠶᠣᠬᠣᠸᠠ ᠶᠢᠨ ᠦᠭᠡ ᠪᠠᠭᠤᠨ ᠢᠷᠡᠯ᠎ᠡ᠃ 21 ᠲᠡᠷᠡ ᠪᠡᠷ ᠶᠦᠳᠠ ᠠᠴᠠ ᠢᠷᠡᠭᠰᠡᠨ ᠪᠤᠷᠬᠠᠨ ᠤ ᠬᠥᠮᠦᠨ ᠤᠷᠤᠭᠤ ᠬᠠᠰᠬᠢᠷᠤᠨ᠄ 《ᠶᠣᠬᠣᠸᠠ ᠡᠢᠨ ᠬᠦ ᠠᠢᠯᠠᠳᠴᠤ ᠪᠠᠢᠨ᠎ᠠ᠄ ᠴᠢ ᠶᠣᠬᠣᠸᠠ ᠶᠢᠨ ᠵᠠᠷᠯᠢᠭ ᠢ ᠵᠥᠷᠢᠴᠡᠨ᠂ ᠶᠣᠬᠣᠸᠠ ᠪᠤᠷᠬᠠᠨ ᠤ ᠪᠠᠨ ᠲᠤᠰᠢᠶᠠᠯ ᠢ ᠮᠥᠷᠳᠡᠭᠰᠡᠨ ᠦᠭᠡᠢ᠂ 22 ᠬᠠᠷᠢᠨ ᠪᠤᠴᠠᠨ ᠢᠷᠡᠵᠦ᠂ ᠶᠣᠬᠣᠸᠠ ᠶᠢᠨ᠄ 〈ᠪᠣᠣᠪᠣ ᠪᠦᠦ ᠢᠳᠡ᠂ ᠤᠰᠤ ᠪᠦᠦ ᠤᠤᠭᠤ〉 ᠭᠡᠰᠡᠨ ᠭᠠᠵᠠᠷ ᠲᠤ ᠪᠣᠣᠪᠣ ᠢᠳᠡᠵᠦ᠂ ᠤᠰᠤ ᠴᠤ ᠤᠤᠭᠤᠭᠰᠠᠨ ᠪᠠᠢᠨ᠎ᠠ᠃ ᠡᠢᠮᠦ ᠡᠴᠡ ᠴᠢᠨᠦ ᠴᠣᠭᠴᠠᠰ ᠡᠴᠢᠭᠡ ᠡᠪᠦᠭᠡᠳ ᠦᠨ ᠢᠶᠠᠨ ᠪᠤᠯᠠᠰᠢᠨ ᠳᠤ ᠣᠷᠣᠬᠤ ᠦᠭᠡᠢ》 ᠭᠡᠵᠡᠢ᠃ 23 ᠢᠳᠡᠵᠦ᠂ ᠤᠤᠭᠤᠵᠤ ᠳᠠᠭᠤᠰᠤᠭᠰᠠᠨ ᠤ ᠳᠠᠷᠠᠭ᠎ᠠ᠂ ᠲᠡᠭᠦᠨ ᠢ ᠪᠤᠴᠠᠭᠠᠨ ᠠᠪᠴᠢᠷᠠᠭᠰᠠᠨ ᠡᠰᠢ ᠦᠵᠡᠭᠦᠯᠦᠭᠴᠢ ᠲᠡᠭᠦᠨ ᠳᠦ ᠡᠯᠵᠢᠭᠡ ᠡᠮᠡᠭᠡᠯᠯᠡᠵᠦ ᠥᠭᠭᠥᠭᠰᠡᠨ ᠳᠦ᠂ 24 ᠲᠡᠷᠡ ᠶᠠᠪᠤᠪᠠ᠃ ᠵᠠᠮ ᠳᠤᠨᠢ ᠨᠢᠭᠡ ᠠᠷᠰᠯᠠᠨ ᠲᠠᠭᠠᠷᠠᠯᠳᠤᠵᠤ ᠲᠡᠭᠦᠨ ᠢ ᠬᠥᠨᠥᠭᠡᠵᠡᠢ᠃ ᠲᠡᠭᠦᠨ ᠦ ᠬᠡᠭᠦᠷ ᠵᠠᠮ ᠳᠡᠭᠡᠷ᠎ᠡ ᠬᠠᠶᠠᠭᠳᠠᠨ ᠡᠯᠵᠢᠭᠡ ᠨᠢ ᠳᠡᠷᠭᠡᠳᠡ ᠨᠢ ᠵᠣᠭᠰᠣᠵᠤ᠂ ᠠᠷᠰᠯᠠᠨ ᠴᠤ ᠬᠠᠵᠠᠭᠤ ᠳᠤᠨᠢ ᠵᠣᠭᠰᠣᠵᠤ ᠪᠠᠢᠯ᠎ᠠ᠃ 25 ᠥᠩᠭᠡᠷᠡᠨ ᠶᠠᠪᠤᠭ᠎ᠠ ᠬᠥᠮᠦᠰ ᠵᠠᠮ ᠳᠡᠭᠡᠷ᠎ᠡ ᠬᠠᠶᠠᠭᠳᠠᠭᠰᠠᠨ ᠬᠡᠭᠦᠷ ᠬᠢᠭᠡᠳ ᠲᠡᠷᠡ ᠬᠡᠭᠦᠷ ᠦᠨ ᠳᠡᠷᠭᠡᠳᠡ ᠵᠣᠭᠰᠣᠵᠤ ᠪᠤᠢ ᠠᠷᠰᠯᠠᠨ ᠢ ᠬᠠᠷᠠᠭᠠᠳ ᠥᠨᠳᠥᠷ ᠨᠠᠰᠤᠲᠠᠢ ᠡᠰᠢ ᠦᠵᠡᠭᠦᠯᠦᠭᠴᠢ ᠶᠢᠨ ᠰᠠᠭᠤᠳᠠᠭ ᠬᠣᠲᠠ ᠳᠤ ᠢᠷᠡᠵᠦ᠂ ᠦᠵᠡᠭᠰᠡᠨ ᠢᠶᠡᠨ ᠳᠤᠭᠤᠯᠭᠠᠪᠠ᠃
26 ᠨᠥᠭᠥᠭᠡ ᠬᠥᠮᠦᠨ ᠢ ᠵᠠᠮ ᠠᠴᠠ ᠨᠢ ᠡᠷᠭᠢᠭᠦᠯᠵᠦ ᠠᠪᠴᠢᠷᠠᠭᠰᠠᠨ ᠡᠰᠢ ᠦᠵᠡᠭᠦᠯᠦᠭᠴᠢ ᠡᠭᠦᠨ ᠢ ᠰᠣᠨᠣᠰᠣᠭᠠᠳ᠄ 《ᠲᠡᠷᠡ ᠪᠣᠯ ᠶᠣᠬᠣᠸᠠ ᠶᠢᠨ ᠲᠤᠰᠢᠶᠠᠯ ᠢ ᠵᠥᠷᠢᠴᠡᠭᠰᠡᠨ ᠪᠤᠷᠬᠠᠨ ᠤ ᠬᠥᠮᠦᠨ ᠪᠠᠢᠨ᠎ᠠ᠃ ᠶᠣᠬᠣᠸᠠ ᠲᠡᠭᠦᠨ ᠳᠦ ᠬᠡᠯᠡᠭᠰᠡᠨ ᠶᠣᠰᠣᠭᠠᠷ ᠢᠶᠠᠨ ᠲᠡᠭᠦᠨ ᠢ ᠠᠷᠰᠯᠠᠨ ᠳᠤ ᠥᠭᠴᠦ ᠲᠠᠰᠤᠳᠠᠴᠢᠭᠤᠯᠤᠨ ᠦᠬᠦᠭᠦᠯᠵᠡᠢ》 ᠬᠡᠮᠡᠭᠡᠳ 27 ᠬᠥᠪᠡᠭᠦᠳ ᠲᠡᠭᠡᠨ᠄ 《ᠨᠠᠳᠠ ᠳᠤ ᠡᠯᠵᠢᠭᠡ ᠡᠮᠡᠭᠡᠯᠯᠡᠵᠦ ᠠᠯᠢ》 ᠭᠡᠰᠡᠨ ᠳᠦ᠂ ᠲᠡᠳᠡ ᠡᠯᠵᠢᠭᠡ ᠡᠮᠡᠭᠡᠯᠯᠡᠪᠡ᠃ 28 ᠲᠡᠷᠡ ᠣᠴᠢᠭᠠᠳ ᠦᠵᠡᠬᠦ ᠳᠦ᠂ ᠨᠥᠭᠥᠭᠡ ᠬᠡᠭᠦᠷ ᠵᠠᠮ ᠳᠡᠭᠡᠷ᠎ᠡ ᠬᠠᠶᠠᠭᠳᠠᠭᠰᠠᠨ ᠪᠥᠭᠡᠳ ᠡᠯᠵᠢᠭᠡ ᠠᠷᠰᠯᠠᠨ ᠬᠣᠶᠠᠷ ᠲᠡᠷᠡ ᠬᠡᠭᠦᠷ ᠦᠨ ᠳᠡᠷᠭᠡᠳᠡ ᠵᠣᠭᠰᠣᠵᠤ ᠪᠠᠢᠯ᠎ᠠ᠃ ᠠᠷᠰᠯᠠᠨ ᠬᠡᠭᠦᠷ ᠢ ᠢᠳᠡᠭᠡ ᠦᠭᠡᠢ᠂ ᠡᠯᠵᠢᠭᠡ ᠶᠢ ᠴᠤ ᠲᠠᠰᠤᠳᠠᠴᠢᠭᠠ ᠦᠭᠡᠢ ᠪᠠᠢᠯ᠎ᠠ᠃ 29 ᠡᠰᠢ ᠦᠵᠡᠭᠦᠯᠦᠭᠴᠢ ᠪᠤᠷᠬᠠᠨ ᠤ ᠬᠥᠮᠦᠨ ᠦ ᠬᠡᠭᠦᠷ ᠢ ᠡᠷᠭᠦᠵᠦ ᠡᠯᠵᠢᠭᠡᠨ ᠳᠡᠭᠡᠨ ᠲᠡᠩᠨᠡᠨ᠂ ᠬᠣᠲᠠ ᠳᠠᠭᠠᠨ ᠡᠷᠭᠢᠭᠦᠯᠦᠨ ᠠᠪᠴᠢᠷᠠᠭᠠᠳ ᠤᠬᠢᠯᠠᠨ ᠭᠠᠰᠢᠭᠤᠳᠠᠵᠤ ᠲᠡᠭᠦᠨ ᠢ ᠣᠷᠣᠰᠢᠭᠤᠯᠵᠠᠢ᠃ 30 ᠲᠡᠷᠡ ᠪᠡᠷ ᠬᠡᠭᠦᠷ ᠢ ᠪᠤᠯᠠᠰᠢᠨ ᠳᠠᠭᠠᠨ ᠲᠠᠯᠪᠢᠵᠤ᠄ 《ᠠᠢ᠂ ᠬᠥᠭᠡᠷᠦᠬᠦᠢ ᠳᠡᠭᠦᠦ ᠮᠢᠨᠢ︕》 ᠬᠡᠮᠡᠨ ᠲᠡᠭᠦᠨ ᠦ ᠲᠥᠯᠥᠭᠡ ᠭᠠᠰᠢᠭᠤᠳᠠᠪᠠ᠃ 31 ᠲᠡᠷᠡ ᠣᠷᠣᠰᠢᠭᠤᠯᠵᠤ ᠳᠠᠭᠤᠰᠤᠭᠰᠠᠨ ᠤ ᠬᠣᠢᠨ᠎ᠠ᠂ ᠬᠥᠪᠡᠭᠦᠳ ᠲᠡᠭᠡᠨ᠄ 《ᠪᠢ ᠨᠠᠰᠤ ᠪᠠᠷᠠᠪᠠᠯ ᠲᠠ ᠨᠠᠷ ᠮᠢᠨᠦ ᠪᠡᠶ᠎ᠡ ᠶᠢ ᠪᠤᠷᠬᠠᠨ ᠤ ᠬᠥᠮᠦᠨ ᠢ ᠣᠷᠣᠰᠢᠭᠤᠯᠤᠭᠰᠠᠨ ᠪᠤᠯᠠᠰᠢᠨ ᠳᠤ ᠣᠷᠣᠰᠢᠭᠤᠯᠵᠤ᠂ ᠮᠢᠨᠦ ᠶᠠᠰᠤ ᠶᠢ ᠲᠡᠭᠦᠨ ᠦ ᠶᠠᠰᠤᠨ ᠤ ᠳᠡᠷᠭᠡᠳᠡ ᠲᠠᠯᠪᠢᠭᠠᠷᠠᠢ᠃ 32 ᠤᠴᠢᠷ ᠨᠢ ᠪᠧᠲ᠋ᠧᠯ ᠳᠤ ᠪᠠᠢᠭ᠎ᠠ ᠲᠠᠬᠢᠯ ᠤᠨ ᠰᠢᠷᠡᠭᠡ ᠬᠢᠭᠡᠳ ᠰᠠᠮᠠᠷᠢᠶ᠎ᠠ ᠬᠣᠲᠠ ᠳᠤ ᠪᠠᠢᠭ᠎ᠠ ᠪᠦᠬᠦ ᠮᠥᠷᠭᠥᠯ ᠦᠨ ᠮᠠᠨᠳᠠᠯ ᠤᠨ ᠲᠠᠯ᠎ᠠ ᠪᠠᠷ ᠶᠣᠬᠣᠸᠠ ᠶᠢᠨ ᠦᠭᠡ ᠶᠢᠨ ᠳᠠᠭᠠᠤ ᠲᠡᠭᠦᠨ ᠦ ᠬᠠᠰᠬᠢᠷᠤᠭᠰᠠᠨ ᠦᠭᠡ ᠵᠠᠪᠠᠯ ᠪᠡᠶᠡᠯᠡᠬᠦ ᠪᠣᠯᠣᠨ᠎ᠠ》 ᠭᠡᠵᠡᠢ᠃
33 ᠡᠨᠡ ᠶᠠᠪᠤᠳᠠᠯ ᠪᠣᠯᠣᠭᠰᠠᠨ ᠤ ᠳᠠᠷᠠᠭ᠎ᠠ ᠴᠤ ᠶᠧᠷᠣᠪᠣᠶᠠᠮ ᠥᠪᠡᠷ ᠦᠨ ᠢᠶᠠᠨ ᠮᠠᠭᠤ ᠵᠠᠮ ᠠᠴᠠ ᠡᠷᠭᠢᠭᠰᠡᠨ ᠦᠭᠡᠢ᠂ ᠬᠠᠷᠢᠨ ᠶᠠᠩᠵᠤ ᠪᠦᠷᠢ ᠶᠢᠨ ᠬᠥᠮᠦᠰ ᠦᠨ ᠳᠤᠮᠳᠠ ᠠᠴᠠ ᠬᠦᠰᠡᠭᠰᠡᠨ ᠬᠥᠮᠦᠨ ᠪᠣᠯᠭᠠᠨ ᠢᠶᠠᠨ ᠮᠥᠷᠭᠥᠯ ᠦᠨ ᠮᠠᠨᠳᠠᠯ ᠤᠨ ᠲᠠᠬᠢᠯᠴᠢ ᠪᠠᠷ ᠲᠣᠮᠢᠯᠠᠭᠰᠠᠭᠠᠷ ᠪᠠᠢᠯ᠎ᠠ᠃ 34 ᠡᠨᠡ ᠶᠠᠪᠤᠳᠠᠯ ᠶᠧᠷᠣᠪᠣᠶᠠᠮ ᠤᠨ ᠭᠡᠷ ᠦᠨ ᠨᠢᠭᠦᠯ ᠪᠣᠯᠣᠭᠠᠳ ᠲᠡᠳᠡᠨ ᠦ ᠬᠢᠨ ᠢ ᠭᠠᠵᠠᠷ ᠤᠨ ᠬᠥᠷᠥᠰᠥᠨ ᠡᠴᠡ ᠤᠰᠠᠳᠬᠤ ᠳᠤ ᠬᠦᠷᠭᠡᠵᠡᠢ᠃