ᠬᠠᠭᠠᠳ ᠤᠨ ᠳᠡᠭᠡᠳᠦ ᠬᠣᠶᠠᠷ
ᠳ᠋ᠠᠸᠢᠳ᠋ ᠤᠨ ᠰᠣᠯᠣᠮᠣᠨ ᠳᠤ ᠥᠭᠭᠥᠭᠰᠡᠨ ᠵᠠᠬᠢᠶᠠᠰᠤ
1 ᠳ᠋ᠠᠸᠢᠳ᠋ ᠥᠭᠡᠳᠡ ᠪᠣᠯᠬᠤ ᠡᠳᠦᠷ ᠨᠢ ᠣᠢᠷᠠᠲᠤᠬᠤ ᠳᠤ᠂ ᠬᠦᠦ ᠰᠣᠯᠣᠮᠣᠨ ᠳᠠᠭᠠᠨ ᠵᠠᠬᠢᠨ᠄ 2 《ᠪᠢ ᠬᠣᠷᠸ᠎ᠠ ᠶᠢᠨ ᠵᠠᠮ ᠢᠶᠠᠷ ᠣᠳᠬᠤ ᠭᠡᠵᠦ ᠪᠠᠢᠨ᠎ᠠ᠃ ᠴᠢ ᠬᠦᠴᠦᠲᠡᠢ ᠪᠠᠢᠵᠤ᠂ ᠡᠷ᠎ᠡ ᠬᠥᠮᠦᠨ ᠪᠣᠯ᠃ 3 ᠶᠣᠬᠣᠸᠠ ᠪᠤᠷᠬᠠᠨ ᠤ ᠰᠠᠬᠢᠭᠤᠯᠤᠭᠰᠠᠨ ᠢ ᠰᠠᠬᠢᠨ ᠲᠡᠭᠦᠨ ᠦ ᠵᠠᠮ ᠢᠶᠠᠷ ᠶᠠᠪᠤᠵᠤ᠂ ᠲᠡᠭᠦᠨ ᠦ ᠲᠣᠭᠲᠠᠭᠠᠯ ᠪᠣᠯᠣᠨ ᠲᠤᠰᠢᠶᠠᠯ᠂ ᠵᠢᠷᠤᠮ ᠪᠣᠯᠣᠨ ᠵᠠᠷᠴᠢᠮ ᠢ ᠮᠣᠰᠧ ᠶᠢᠨ ᠬᠠᠤᠯᠢ ᠳᠤ ᠪᠢᠴᠢᠭᠳᠡᠭᠰᠡᠨ ᠶᠣᠰᠣᠭᠠᠷ ᠰᠠᠬᠢ᠃ ᠲᠡᠭᠡᠪᠡᠯ ᠴᠢ ᠶᠠᠭᠤ ᠬᠢᠭᠰᠡᠨ ᠴᠤ᠂ ᠬᠠᠮᠢᠭ᠎ᠠ ᠶᠠᠪᠤᠭᠰᠠᠨ ᠴᠤ ᠠᠮᠵᠢᠯᠲᠠ ᠣᠯᠬᠤ ᠪᠠ 4 ᠶᠣᠬᠣᠸᠠ ᠴᠤ᠄ 〈ᠬᠡᠷᠪᠡ ᠴᠢᠨᠦ ᠦᠷ᠎ᠡ ᠤᠳᠤᠮ ᠦᠢᠯᠡ ᠶᠠᠪᠤᠳᠠᠯ ᠳᠠᠭᠠᠨ ᠪᠣᠯᠭᠣᠮᠵᠢ ᠲᠠᠢ᠂ ᠪᠦᠬᠦ ᠵᠢᠷᠦᠬᠡ᠂ ᠪᠦᠬᠦ ᠰᠡᠳᠬᠢᠯ ᠢᠶᠠᠷ ᠢᠶᠠᠨ ᠮᠢᠨᠦ ᠡᠮᠦᠨ᠎ᠡ ᠦᠨᠡᠨ ᠦ ᠳᠣᠲᠣᠷ᠎ᠠ ᠶᠠᠪᠤᠪᠠᠯ ᠢᠰᠷᠧᠯ ᠤᠨ ᠰᠡᠨᠲᠢ ᠳᠤ ᠵᠠᠯᠠᠷᠠᠬᠤ ᠬᠥᠮᠦᠨ ᠴᠢᠮ᠎ᠠ ᠠᠴᠠ ᠬᠣᠢᠰᠢ ᠲᠠᠰᠤᠷᠠᠬᠤ ᠦᠭᠡᠢ〉 ᠭᠡᠵᠦ ᠨᠠᠳᠠ ᠳᠤ ᠠᠮᠠᠯᠠᠭᠰᠠᠨ ᠦᠭᠡ ᠪᠡᠨ ᠪᠡᠶᠡᠯᠡᠭᠦᠯᠦᠨ᠎ᠡ᠃
5 ᠬᠠᠷᠢᠨ ᠽᠧᠷᠣᠢᠶ᠎ᠠ ᠶᠢᠨ ᠬᠦᠦ ᠶᠣᠶᠠᠪ ᠤᠨ ᠲᠤᠬᠠᠢ ᠭᠡᠪᠡᠯ᠂ ᠴᠢ ᠪᠠᠰᠠ ᠲᠡᠭᠦᠨ ᠦ ᠨᠠᠳᠠ ᠳᠤ ᠶᠠᠭᠤ ᠬᠢᠭᠰᠡᠨ᠂ ᠮᠥᠨ ᠢᠰᠷᠧᠯ ᠤᠨ ᠴᠡᠷᠢᠭ ᠤᠨ ᠬᠣᠶᠠᠷ ᠵᠠᠩᠵᠤᠨ ᠨᠧᠷ ᠤᠨ ᠬᠦᠦ ᠠᠪᠨᠧᠷ᠂ ᠶᠧᠲ᠋ᠧᠷ ᠤᠨ ᠬᠦᠦ ᠠᠮᠠᠰᠠ ᠳᠤ ᠶᠠᠭᠤ ᠬᠢᠭᠰᠡᠨ ᠢ ᠨᠢ ᠮᠡᠳᠡᠨ᠎ᠡ᠂ ᠶᠣᠶᠠᠪ ᠠᠮᠤᠷ ᠲᠠᠢᠪᠤᠩ ᠦᠶ᠎ᠡ ᠳᠦ᠂ ᠳᠠᠢᠨ ᠤ ᠦᠶ᠎ᠡ ᠳᠦ ᠮᠡᠲᠦ ᠪᠡᠷ ᠲᠡᠳᠡᠨ ᠢ ᠠᠯᠠᠵᠤ ᠴᠢᠰᠤ ᠤᠷᠤᠰᠬᠠᠨ᠂ ᠲᠡᠷᠡ ᠴᠢᠰᠤ ᠶᠢ ᠪᠡᠯᠬᠡᠭᠦᠰᠦᠨ ᠳᠠᠬᠢ ᠪᠦᠰᠡ᠂ ᠬᠥᠯ ᠳᠠᠬᠢ ᠱᠠᠬᠠᠢ ᠳᠠᠭᠠᠨ ᠦᠰᠦᠷᠭᠡᠭᠰᠡᠨ ᠶᠤᠮ᠃ 6 ᠡᠢᠮᠦ ᠡᠴᠡ ᠴᠢ ᠮᠡᠷᠭᠡᠨ ᠤᠬᠠᠭᠠᠨ ᠲᠠᠢ ᠰᠢᠢᠳᠦᠭᠡᠷᠡᠢ᠃ ᠲᠡᠭᠦᠨ ᠦ ᠪᠤᠭᠤᠷᠤᠯ ᠲᠣᠯᠣᠭᠠᠢ ᠶᠢ ᠪᠤᠯᠠᠰᠢ ᠤᠷᠤᠭᠤ ᠨᠢ ᠠᠮᠤᠷ ᠲᠠᠢᠪᠤᠩ ᠶᠠᠪᠤᠭᠤᠯᠬᠤ ᠶᠣᠰᠣ ᠦᠭᠡᠢ᠃ 7 ᠬᠠᠷᠢᠨ ᠴᠢ ᠭᠢᠯᠧᠶᠠᠳ᠋ ᠬᠥᠮᠦᠨ ᠪᠠᠷᠽᠢᠯᠠᠢ ᠶᠢᠨ ᠬᠥᠪᠡᠭᠦᠳ ᠲᠦ ᠡᠨᠡᠷᠢᠯ ᠬᠠᠢᠷ᠎ᠠ ᠦᠵᠡᠭᠦᠯᠦᠨ᠂ ᠰᠢᠷᠡᠭᠡᠨ ᠳᠦ ᠴᠢᠨᠢ ᠬᠣᠭᠣᠯᠠᠯᠠᠳᠠᠭ ᠬᠥᠮᠦᠰ ᠦᠨ ᠢᠶᠠᠨ ᠳᠤᠮᠳᠠ ᠪᠠᠢᠯᠭ᠎ᠠ᠃ ᠨᠠᠮᠠᠶᠢ ᠠᠪᠰᠠᠯᠣᠮ ᠠᠬ᠎ᠠ ᠠᠴᠠ ᠴᠢᠨᠢ ᠵᠢᠭᠤᠲᠠᠵᠤ ᠪᠠᠢᠭᠰᠠᠨ ᠦᠶ᠎ᠡ ᠳᠦ ᠲᠡᠳᠡ ᠨᠠᠳᠠ ᠳᠤ ᠲᠤᠰᠠᠯᠠᠵᠠᠢ᠃ 8 ᠠᠩ᠋ᠬᠠᠷᠤᠭᠲᠤᠨ᠂ ᠪᠠᠾᠦᠷᠢᠮ ᠠᠴᠠ ᠭᠠᠷᠤᠯ ᠲᠠᠢ ᠪᠢᠨᠶᠠᠮᠢᠨ ᠬᠥᠮᠦᠨ ᠭᠧᠷᠠ ᠶᠢᠨ ᠬᠦᠦ ᠱᠢᠮᠧᠶᠢ ᠴᠤ ᠴᠢᠮ᠎ᠠ ᠲᠠᠢ ᠬᠠᠮᠲᠤ ᠦᠯᠡᠳᠡᠭᠡᠳ ᠪᠠᠢᠨ᠎ᠠ᠃ ᠨᠠᠮᠠᠶᠢ ᠮᠠᠬᠠᠨᠠᠢᠮ ᠤᠷᠤᠭᠤ ᠶᠠᠪᠤᠬᠤ ᠡᠳᠦᠷ ᠢᠷᠸ᠎ᠠ ᠲᠠᠢ ᠬᠠᠷᠢᠶᠠᠯ ᠢᠶᠠᠷ ᠬᠠᠷᠢᠶᠠᠵᠤ ᠪᠠᠢᠭᠰᠠᠨ ᠬᠥᠮᠦᠨ ᠨᠢ ᠲᠡᠷᠡ ᠶᠤᠮ᠃ ᠭᠡᠪᠡᠴᠦ ᠲᠡᠷᠡ ᠨᠠᠮᠠᠶᠢ ᠤᠭᠲᠤᠬᠤ ᠪᠠᠷ ᠶᠣᠷᠳᠠᠨ ᠳᠡᠭᠡᠷ᠎ᠡ ᠢᠷᠡᠭᠰᠡᠨ ᠳᠦ᠂ ᠪᠢ᠄ 〈ᠴᠢᠮᠠᠶᠢ ᠪᠢ ᠢᠯᠳᠦ ᠪᠡᠷ ᠬᠣᠷᠣᠭᠠᠬᠤ ᠦᠭᠡᠢ〉 ᠭᠡᠵᠦ ᠶᠣᠬᠣᠸᠠ ᠪᠠᠷ ᠲᠠᠩ᠋ᠭᠠᠷᠢᠭᠯᠠᠭᠰᠠᠨ ᠶᠤᠮ᠃ 9 ᠬᠠᠷᠢᠨ ᠣᠳᠣ ᠲᠡᠭᠦᠨ ᠢ ᠭᠡᠮ ᠦᠭᠡᠢ ᠭᠡᠵᠦ ᠪᠦᠦ ᠪᠣᠳᠣ᠃ ᠴᠢ ᠤᠬᠠᠭᠠᠯᠢᠭ ᠬᠥᠮᠦᠨ ᠤᠴᠢᠷ ᠲᠡᠭᠦᠨ ᠢ ᠶᠠᠭᠠᠬᠢᠬᠤ ᠪᠠᠨ ᠮᠡᠳᠡᠨ᠎ᠡ᠃ ᠲᠡᠭᠦᠨ ᠦ ᠪᠤᠭᠤᠷᠤᠯ ᠲᠣᠯᠣᠭᠠᠢ ᠶᠢ ᠪᠤᠯᠠᠰᠢ ᠤᠷᠤᠭᠤ ᠨᠢ ᠴᠢᠰᠤ ᠲᠠᠢ ᠶᠠᠪᠤᠭᠤᠯᠬᠤ ᠶᠣᠰᠣᠲᠠᠢ》 ᠭᠡᠪᠡ᠃
10 ᠳ᠋ᠠᠸᠢᠳ᠋ ᠡᠴᠢᠭᠡ ᠡᠪᠦᠭᠡᠳ ᠦᠨ ᠢᠶᠠᠨ ᠬᠠᠮᠲᠤ ᠨᠣᠢᠷᠰᠣᠭᠰᠠᠨ ᠪᠥᠭᠡᠳ ᠲᠡᠭᠦᠨ ᠢ ᠳ᠋ᠠᠸᠢᠳ᠋ ᠤᠨ ᠬᠣᠲᠠ ᠳᠤ ᠣᠷᠣᠰᠢᠭᠤᠯᠪᠠ᠃ 11 ᠳ᠋ᠠᠸᠢᠳ᠋ ᠾᠧᠪᠷᠣᠨ ᠳᠤ ᠳᠣᠯᠣᠭᠠᠨ ᠵᠢᠯ᠂ ᠶᠧᠷᠦ᠋ᠰᠠᠯᠧᠮ ᠳᠤ ᠭᠤᠴᠢᠨ ᠭᠤᠷᠪᠠᠨ ᠵᠢᠯ᠂ ᠨᠡᠢᠲᠡ ᠳᠥᠴᠢᠨ ᠵᠢᠯ ᠢᠰᠷᠧᠯ ᠢ ᠬᠠᠭᠠᠨᠴᠢᠯᠠᠪᠠ᠃ 12 ᠰᠣᠯᠣᠮᠣᠨ ᠡᠴᠢᠭᠡ ᠳ᠋ᠠᠸᠢᠳ᠋ ᠤᠨ ᠢᠶᠠᠨ ᠰᠡᠨᠲᠢ ᠳᠤ ᠵᠠᠯᠠᠷᠠᠭᠰᠠᠨ ᠪᠥᠭᠡᠳ ᠲᠡᠭᠦᠨ ᠦ ᠬᠠᠭᠠᠨᠴᠢᠯᠠᠯ ᠶᠡᠬᠡᠳᠡ ᠪᠠᠲᠤ ᠪᠣᠯᠣᠭᠰᠠᠨ ᠪᠠᠢᠯ᠎ᠠ᠃
ᠰᠣᠯᠣᠮᠣᠨ ᠤ ᠬᠠᠭᠠᠨᠴᠢᠯᠠᠯ ᠪᠠᠲᠤᠵᠢᠪᠠ
13 ᠬᠠᠬᠢᠲ ᠤᠨ ᠬᠦᠦ ᠠᠳᠣᠨᠢᠶ᠎ᠠ ᠰᠣᠯᠣᠮᠣᠨ ᠤ ᠡᠵᠢ ᠪᠠᠲ᠋ᠱᠧᠪᠠ ᠳᠤ ᠢᠷᠡᠪᠡ᠃ ᠪᠠᠲ᠋ᠱᠧᠪᠠ᠄ 《ᠴᠢ ᠠᠮᠤᠷ ᠲᠠᠢᠪᠤᠩ ᠤᠨ ᠤᠴᠢᠷ ᠢᠶᠠᠷ ᠢᠷᠡᠪᠡ ᠤᠤ︖》 ᠭᠡᠵᠦ ᠠᠰᠠᠭᠤᠭᠰᠠᠨ ᠳᠤ᠂ ᠲᠡᠷᠡ᠄ 《ᠠᠮᠤᠷ ᠲᠠᠢᠪᠤᠩ ᠤᠨ ᠤᠴᠢᠷ ᠢᠶᠠᠷ》 ᠭᠡᠵᠡᠢ᠃ 14 ᠲᠡᠷᠡ ᠮᠥᠨ᠄ 《ᠲᠠᠨ ᠳᠤ ᠶᠠᠷᠢᠬᠤ ᠦᠭᠡ ᠪᠠᠢᠨ᠎ᠠ》 ᠭᠡᠬᠦ ᠳᠦ᠂ ᠪᠠᠲ᠋ᠱᠧᠪᠠ᠄ 《ᠶᠠᠷᠢᠭᠠᠷᠠᠢ》 ᠭᠡᠪᠡ᠃ 15 ᠲᠡᠷᠡ᠄ 《ᠬᠠᠭᠠᠨ ᠪᠣᠯᠬᠤ ᠡᠷᠬᠡ ᠤᠭ ᠨᠢ ᠨᠠᠳᠠ ᠳᠤ ᠪᠠᠢᠭᠰᠠᠨ ᠢ ᠲᠠ ᠮᠡᠳᠡᠨ᠎ᠡ᠃ ᠪᠦᠬᠦ ᠢᠰᠷᠧᠯ ᠨᠠᠮᠠᠶᠢ ᠬᠠᠭᠠᠨ ᠪᠣᠯᠣᠨ᠎ᠠ ᠭᠡᠵᠦ ᠨᠠᠢᠳᠠᠵᠤ ᠪᠠᠢᠭᠰᠠᠨ ᠪᠣᠯᠪᠠᠴᠤ ᠬᠠᠭᠠᠨ ᠪᠣᠯᠬᠤ ᠡᠷᠬᠡ ᠶᠣᠬᠣᠸᠠ ᠶᠢᠨ ᠰᠠᠨᠠᠭ᠎ᠠ ᠪᠠᠷ ᠰᠢᠯᠵᠢᠵᠦ ᠮᠢᠨᠦ ᠳᠡᠭᠦᠦ ᠶᠢᠨ ᠬᠢ ᠪᠣᠯᠣᠭᠰᠠᠨ ᠪᠠᠢᠨ᠎ᠠ᠃ 16 ᠣᠳᠣ ᠪᠢ ᠲᠠᠨ ᠠᠴᠠ ᠨᠢᠭᠡ ᠵᠦᠢᠯ ᠢ ᠭᠤᠶᠤᠶ᠎ᠠ᠃ ᠨᠠᠳᠠ ᠠᠴᠠ ᠨᠢᠭᠤᠷ ᠢᠶᠠᠨ ᠪᠦᠦ ᠪᠤᠷᠤᠭᠤᠯᠠᠭᠠᠴᠢ》 ᠭᠡᠯᠡ᠃ ᠪᠠᠲ᠋ᠱᠧᠪᠠ᠄ 《ᠶᠠᠷᠢᠭᠠᠷᠠᠢ》 ᠭᠡᠬᠦ ᠳᠦ᠂ 17 ᠲᠡᠷᠡ᠄ 《ᠱᠦᠨᠧᠮ ᠡᠮᠡᠭᠲᠡᠢ ᠠᠪᠢᠱᠠᠭ ᠢ ᠨᠠᠳᠠ ᠳᠤ ᠡᠬᠡᠨᠡᠷ ᠪᠣᠯᠭᠠᠨ ᠥᠭᠬᠦ ᠶᠢ ᠰᠣᠯᠣᠮᠣᠨ ᠬᠠᠭᠠᠨ ᠠᠴᠠ ᠭᠤᠶᠤᠵᠤ ᠥᠭᠭᠥᠭᠡᠴᠢ᠃ ᠬᠠᠭᠠᠨ ᠲᠠᠨ ᠠᠴᠠ ᠨᠢᠭᠤᠷ ᠪᠤᠷᠤᠭᠤᠯᠠᠬᠤ ᠦᠭᠡᠢ ᠶᠤᠮ》 ᠭᠡᠵᠦ ᠬᠡᠯᠡᠵᠡᠢ᠃ 18 ᠪᠠᠲ᠋ᠱᠧᠪᠠ᠄ 《ᠵᠠ᠂ ᠰᠠᠢᠨ᠃ ᠪᠢ ᠴᠢᠨᠦ ᠡᠮᠦᠨ᠎ᠡ ᠡᠴᠡ ᠥᠪᠡᠷ ᠢᠶᠡᠨ ᠬᠠᠭᠠᠨ ᠲᠠᠢ ᠶᠠᠷᠢᠯᠴᠠᠶ᠎ᠠ》 ᠭᠡᠪᠡ᠃
19 ᠲᠡᠭᠡᠭᠡᠳ ᠪᠠᠲ᠋ᠱᠧᠪᠠ ᠠᠳᠣᠨᠢᠶ᠎ᠠ ᠶᠢᠨ ᠡᠮᠦᠨ᠎ᠡ ᠡᠴᠡ ᠶᠠᠷᠢᠯᠴᠠᠬᠤ ᠪᠠᠷ ᠰᠣᠯᠣᠮᠣᠨ ᠬᠠᠭᠠᠨ ᠳᠤ ᠪᠠᠷᠠᠭᠠᠯᠬᠠᠪᠠ᠃ ᠬᠠᠭᠠᠨ ᠪᠣᠰᠴᠤ ᠡᠵᠢ ᠪᠠᠨ ᠤᠭᠲᠤᠨ᠂ ᠲᠡᠭᠦᠨ ᠳᠦ ᠮᠡᠬᠦᠢᠭᠡᠳ ᠰᠡᠨᠲᠢ ᠳᠡᠭᠡᠨ ᠵᠠᠯᠠᠷᠠᠪᠠ᠃ ᠲᠡᠷᠡ ᠬᠠᠲᠤᠨ ᠡᠵᠢ ᠳᠡᠭᠡᠨ ᠰᠡᠨᠲᠢ ᠵᠠᠰᠠᠭᠤᠯᠤᠭᠰᠠᠨ ᠳᠤ᠂ ᠡᠵᠢ ᠨᠢ ᠰᠣᠯᠣᠮᠣᠨ ᠤ ᠪᠠᠷᠠᠭᠤᠨ ᠲᠠᠯ᠎ᠠ ᠳᠤ ᠰᠠᠭᠤᠯ᠎ᠠ᠃ 20 ᠪᠠᠲ᠋ᠱᠧᠪᠠ᠄ 《ᠴᠢᠮ᠎ᠠ ᠠᠴᠠ ᠨᠢᠭᠡ ᠵᠢᠭᠠᠬᠠᠨ ᠵᠦᠢᠯ ᠢ ᠭᠤᠶᠤᠶ᠎ᠠ᠃ ᠨᠠᠳᠠ ᠠᠴᠠ ᠨᠢᠭᠤᠷ ᠢᠶᠠᠨ ᠪᠦᠦ ᠪᠤᠷᠤᠭᠤᠯᠠᠭᠠᠴᠢ》 ᠭᠡᠰᠡᠨ ᠳᠦ᠂ ᠬᠠᠭᠠᠨ᠄ 《ᠡᠵᠢ ᠮᠢᠨᠢ ᠭᠤᠶᠤ᠂ ᠪᠢ ᠲᠠᠨ ᠠᠴᠠ ᠨᠢᠭᠤᠷ ᠢᠶᠠᠨ ᠪᠤᠷᠤᠭᠤᠯᠠᠬᠤ ᠦᠭᠡᠢ》 ᠭᠡᠪᠡ᠃ 21 ᠪᠠᠲ᠋ᠱᠧᠪᠠ᠄ 《ᠱᠦᠨᠧᠮ ᠥᠬᠢᠨ ᠠᠪᠢᠱᠠᠭ ᠢ ᠠᠬ᠎ᠠ ᠠᠳᠣᠨᠢᠶ᠎ᠠ ᠳᠠᠭᠠᠨ ᠡᠬᠡᠨᠡᠷ ᠪᠣᠯᠭᠠᠨ ᠥᠭᠭᠥᠨ᠎ᠡ ᠤᠤ︖》 ᠭᠡᠬᠦ ᠳᠦ᠂ 22 ᠰᠣᠯᠣᠮᠣᠨ ᠬᠠᠭᠠᠨ ᠡᠵᠢ ᠳᠡᠭᠡᠨ᠄ 《ᠲᠠ ᠶᠠᠭᠤ ᠭᠡᠵᠦ ᠱᠦᠨᠠᠮ ᠥᠬᠢᠨ ᠠᠪᠢᠱᠠᠭ ᠢ ᠠᠳᠣᠨᠢᠶ᠎ᠠ ᠶᠢᠨ ᠲᠥᠯᠥᠭᠡ ᠭᠤᠶᠤᠵᠤ ᠪᠠᠢᠭ᠎ᠠ ᠶᠤᠮ ᠪᠤᠢ︖ ᠲᠡᠷᠡ ᠮᠢᠨᠦ ᠠᠬ᠎ᠠ ᠶᠤᠮ ᠴᠢᠨᠢ ᠲᠡᠭᠦᠨ ᠦ ᠲᠥᠯᠥᠭᠡ ᠬᠠᠭᠠᠨᠴᠢᠯᠠᠯ ᠢ ᠴᠤ ᠭᠤᠶᠤᠬᠤ ᠦᠭᠡᠢ ᠤᠤ︖ ᠡᠭᠦᠨ ᠢᠶᠡᠷ ᠪᠠᠷᠠᠬᠤ ᠦᠭᠡᠢ᠂ ᠲᠠᠬᠢᠯᠴᠢ ᠠᠪᠢᠶᠠᠲ᠋ᠠᠷ᠂ ᠽᠧᠷᠣᠢᠶ᠎ᠠ ᠶᠢᠨ ᠬᠦᠦ ᠶᠣᠶᠠᠪ ᠤᠨ ᠲᠥᠯᠥᠭᠡ ᠴᠤ ᠭᠤᠶᠤᠬᠤ ᠦᠭᠡᠢ ᠤᠤ︖》 ᠭᠡᠵᠦ ᠬᠠᠷᠢᠭᠤᠯᠪᠠ᠃ 23 ᠰᠣᠯᠣᠮᠣᠨ ᠬᠠᠭᠠᠨ ᠶᠣᠬᠣᠸᠠ ᠪᠠᠷ ᠲᠠᠩ᠋ᠭᠠᠷᠢᠭᠯᠠᠨ᠄ 《ᠬᠡᠷᠪᠡ ᠠᠳᠣᠨᠢᠶ᠎ᠠ ᠡᠨᠡ ᠦᠭᠡ ᠶᠢ ᠠᠮᠢ ᠶᠢᠨ ᠢᠶᠠᠨ ᠡᠰᠡᠷᠭᠦ ᠬᠡᠯᠡᠭᠡ ᠦᠭᠡᠢ ᠪᠣᠯ ᠪᠤᠷᠬᠠᠨ ᠨᠠᠮᠠᠶᠢ ᠬᠠᠲᠠᠭᠤ ᠰᠢᠳᠬᠡᠬᠦ ᠪᠣᠯᠲᠤᠭᠠᠢ᠃ 24 ᠲᠡᠢᠮᠦ ᠡᠴᠡ ᠨᠠᠮᠠᠶᠢ ᠪᠡᠯᠡᠳᠬᠡᠵᠦ᠂ ᠳ᠋ᠠᠸᠢᠳ᠋ ᠡᠴᠢᠭᠡ ᠶᠢᠨ ᠮᠢᠨᠢ ᠰᠡᠨᠲᠢ ᠳᠤ ᠰᠠᠭᠤᠯᠭᠠᠭᠰᠠᠨ ᠶᠣᠬᠣᠸᠠ᠂ ᠠᠮᠠᠯᠠᠭᠰᠠᠨ ᠶᠣᠰᠣᠭᠠᠷ ᠢᠶᠠᠨ ᠨᠠᠳᠠ ᠳᠤ ᠭᠡᠷ ᠪᠣᠰᠬᠠᠵᠤ ᠥᠭᠭᠥᠭᠰᠡᠨ ᠶᠣᠬᠣᠸᠠ ᠶᠢᠨ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ᠂ ᠠᠳᠣᠨᠢᠶ᠎ᠠ ᠥᠨᠥᠳᠥᠷ ᠵᠠᠪᠠᠯ ᠦᠬᠦᠬᠦ ᠶᠣᠰᠣᠲᠠᠢ》 ᠭᠡᠳ 25 ᠶᠧᠬᠣᠷᠠᠢᠳᠠ ᠶᠢᠨ ᠬᠦᠦ ᠪᠧᠨᠠᠢᠶ᠎ᠠ ᠶᠢ ᠢᠯᠡᠭᠡᠭᠰᠡᠨ ᠳᠦ᠂ ᠲᠡᠷᠡ ᠠᠳᠣᠨᠢᠶ᠎ᠠ ᠶᠢ ᠴᠣᠬᠢᠵᠤ ᠠᠯᠠᠪᠠ᠃
26 ᠬᠠᠭᠠᠨ ᠲᠠᠬᠢᠯᠴᠢ ᠠᠪᠢᠶᠠᠲ᠋ᠠᠷ ᠲᠤ᠄ 《ᠠᠨᠠᠲ᠋ᠣᠲ ᠳᠠᠬᠢ ᠲᠠᠯᠠᠪᠠᠢ ᠤᠷᠤᠭᠤ ᠪᠠᠨ ᠪᠤᠴᠠ᠃ ᠲᠠ ᠦᠬᠦᠬᠦ ᠶᠣᠰᠣᠲᠠᠢ ᠬᠥᠮᠦᠨ ᠪᠣᠯᠪᠠᠴᠤ ᠮᠢᠨᠦ ᠡᠴᠢᠭᠡ ᠳ᠋ᠠᠸᠢᠳ᠋ ᠤᠨ ᠡᠮᠦᠨ᠎ᠡ ᠡᠵᠡᠨ ᠶᠣᠬᠣᠸᠠ ᠶᠢᠨ ᠠᠪᠳᠠᠷ᠎ᠠ ᠶᠢ ᠠᠪᠴᠤ ᠶᠠᠪᠤᠨ᠂ ᠮᠢᠨᠦ ᠡᠴᠢᠭᠡ ᠶᠢᠨ ᠠᠮᠰᠠᠭᠰᠠᠨ ᠪᠦᠬᠦ ᠵᠣᠪᠠᠯᠠᠩ ᠢ ᠲᠠ ᠨᠠᠷ ᠴᠤ ᠠᠮᠰᠠᠭᠰᠠᠨ ᠤᠴᠢᠷ ᠠᠴᠠ ᠥᠨᠥᠳᠥᠷ ᠪᠢ ᠴᠢᠮᠠᠶᠢ ᠴᠠᠭᠠᠵᠠᠯᠠᠬᠤ ᠦᠭᠡᠢ》 ᠭᠡᠳ 27 ᠠᠪᠢᠶᠠᠲ᠋ᠠᠷ ᠢ ᠶᠣᠬᠣᠸᠠ ᠶᠢᠨ ᠲᠠᠬᠢᠯᠴᠢ ᠶᠢᠨ ᠲᠤᠰᠢᠶᠠᠯ ᠠᠴᠠ ᠨᠢ ᠬᠠᠯᠠᠭᠰᠠᠨ ᠢᠶᠠᠷ ᠶᠣᠬᠣᠸᠠ ᠶᠢᠨ ᠡᠯᠢ ᠶᠢᠨ ᠭᠡᠷ ᠦᠨ ᠲᠤᠬᠠᠢ ᠱᠢᠯᠣ᠋ ᠳᠤ ᠬᠡᠯᠡᠭᠰᠡᠨ ᠦᠭᠡ ᠪᠡᠶᠡᠯᠡᠵᠡᠢ᠃
28 ᠡᠳᠡᠭᠡᠷ ᠮᠡᠳᠡᠭᠡ ᠶᠣᠶᠠᠪ ᠤᠨ ᠰᠣᠨᠣᠷ ᠲᠤ ᠬᠦᠷᠪᠡ᠃ ᠶᠣᠶᠠᠪ ᠠᠪᠰᠠᠯᠣᠮ ᠢ ᠳᠠᠭᠠᠭ᠎ᠠ ᠦᠭᠡᠢ ᠪᠣᠯᠪᠠᠴᠤ ᠠᠳᠣᠨᠢᠶ᠎ᠠ ᠶᠢ ᠳᠠᠭᠠᠵᠤ ᠪᠠᠢᠭᠰᠠᠨ ᠲᠤᠯᠠ ᠶᠣᠬᠣᠸᠠ ᠶᠢᠨ ᠴᠠᠴᠠᠷ ᠤᠷᠤᠭᠤ ᠵᠢᠭᠤᠲᠠᠨ᠂ ᠲᠠᠬᠢᠯ ᠤᠨ ᠰᠢᠷᠡᠭᠡᠨ ᠦ ᠡᠪᠡᠷ ᠡᠴᠡ ᠵᠢᠭᠤᠷᠠᠨ ᠪᠠᠷᠢᠪᠠ᠃ 29 《ᠶᠣᠶᠠᠪ ᠶᠣᠬᠣᠸᠠ ᠶᠢᠨ ᠴᠠᠴᠠᠷ ᠤᠷᠤᠭᠤ ᠵᠢᠭᠤᠲᠠᠨ ᠣᠴᠢᠭᠠᠳ ᠲᠠᠬᠢᠯ ᠤᠨ ᠰᠢᠷᠡᠭᠡᠨ ᠦ ᠬᠠᠵᠠᠭᠤ ᠳᠤ ᠪᠠᠢᠨ᠎ᠠ》 ᠭᠡᠵᠦ ᠬᠡᠨ ᠨᠢᠭᠡ ᠨᠢ ᠳᠤᠭᠤᠯᠭᠠᠭᠰᠠᠨ ᠳᠤ᠂ ᠰᠣᠯᠣᠮᠣᠨ ᠬᠠᠭᠠᠨ ᠶᠧᠬᠣᠷᠠᠢᠳᠠ ᠶᠢᠨ ᠬᠦᠦ ᠪᠧᠨᠠᠢᠶ᠎ᠠ ᠶᠢ ᠶᠠᠪᠤᠭᠤᠯᠵᠤ᠄ 《ᠲᠡᠭᠦᠨ ᠢ ᠴᠣᠬᠢ》 ᠭᠡᠵᠦ ᠲᠤᠰᠢᠶᠠᠪᠠ᠃ 30 ᠪᠧᠨᠠᠢᠶ᠎ᠠ ᠶᠣᠬᠣᠸᠠ ᠶᠢᠨ ᠴᠠᠴᠠᠷ ᠲᠤ ᠣᠷᠣᠭᠠᠳ ᠶᠣᠶᠠᠪ ᠲᠤ᠄ 《ᠬᠠᠭᠠᠨ ᠠᠢᠯᠠᠳᠴᠤ ᠪᠠᠢᠨ᠎ᠠ᠂ ᠭᠠᠷᠤᠭᠠᠳ ᠢᠷ᠎ᠡ》 ᠭᠡᠬᠦ ᠳᠦ᠂ ᠲᠡᠷᠡ᠄ 《ᠦᠭᠡᠢ᠂ ᠪᠢ ᠡ᠊ᠨᠳᠡ ᠯᠠ ᠦᠬᠦᠨ᠎ᠡ》 ᠭᠡᠵᠡᠢ᠃ ᠪᠧᠨᠠᠢᠶ᠎ᠠ ᠬᠠᠭᠠᠨ ᠳᠤ ᠪᠤᠴᠠᠵᠤ᠄ 《ᠶᠣᠶᠠᠪ ᠢᠩᠭᠢᠵᠦ ᠬᠡᠯᠡᠨ ᠨᠠᠳᠠ ᠳᠤ ᠢᠩᠭᠢᠵᠦ ᠬᠠᠷᠢᠭᠤᠯᠤᠯ᠎ᠠ》 ᠭᠡᠰᠡᠨ ᠳᠦ᠂ 31 ᠬᠠᠭᠠᠨ ᠪᠧᠨᠠᠢᠶ᠎ᠠ ᠳᠤ᠄ 《ᠬᠡᠯᠡᠭᠰᠡᠨ ᠶᠣᠰᠣᠭᠠᠷ ᠨᠢ ᠦᠢᠯᠡᠳᠦᠨ ᠲᠡᠭᠦᠨ ᠢ ᠠᠯᠠᠵᠤ᠂ ᠣᠷᠣᠰᠢᠭᠤᠯ᠃ ᠡᠢᠨ ᠬᠦ ᠴᠢ ᠶᠣᠶᠠᠪ ᠤᠨ ᠤᠷᠤᠰᠬᠠᠭᠰᠠᠨ ᠭᠡᠮ ᠦᠭᠡᠢ ᠴᠢᠰᠤ ᠶᠢ ᠨᠠᠳᠠ ᠠᠴᠠ ᠪᠣᠯᠣᠨ ᠮᠢᠨᠦ ᠡᠴᠢᠭᠡ ᠶᠢᠨ ᠭᠡᠷ ᠪᠦᠯᠢ ᠡᠴᠡ ᠵᠠᠢᠯᠠᠭᠤᠯᠬᠤ ᠪᠥᠭᠡᠳ 32 ᠶᠣᠬᠣᠸᠠ ᠶᠣᠶᠠᠪ ᠤᠨ ᠴᠢᠰᠤ ᠶᠢ ᠲᠣᠯᠣᠭᠠᠢ ᠳᠡᠭᠡᠷ᠎ᠡ ᠨᠢ ᠡᠷᠭᠢᠨ ᠪᠠᠭᠤᠯᠭᠠᠨ᠎ᠠ᠃ ᠤᠴᠢᠷ ᠨᠢ ᠲᠡᠷᠡ ᠥᠪᠡᠷ ᠡᠴᠡ ᠪᠡᠨ ᠢᠯᠡᠭᠦᠦ ᠰᠢᠳᠤᠷᠭᠤ᠂ ᠰᠠᠢᠨ ᠬᠣᠶᠠᠷ ᠬᠥᠮᠦᠨ ᠢ ᠴᠣᠬᠢᠭᠰᠠᠨ᠂ ᠮᠢᠨᠦ ᠡᠴᠢᠭᠡ ᠳ᠋ᠠᠸᠢᠳ᠋ ᠮᠡᠳᠡᠬᠦ ᠦᠭᠡᠢ ᠪᠠᠢᠬᠤ ᠳᠤ᠂ ᠲᠡᠷᠡ ᠢᠰᠷᠧᠯ ᠤᠨ ᠴᠡᠷᠢᠭ ᠤᠨ ᠵᠠᠩᠵᠤᠨ ᠨᠧᠷ ᠤᠨ ᠬᠦᠦ ᠠᠪᠨᠧᠷ ᠪᠣᠯᠣᠨ ᠶᠦᠳᠠ ᠶᠢᠨ ᠴᠡᠷᠢᠭ ᠤᠨ ᠵᠠᠩᠵᠤᠨ ᠶᠧᠲ᠋ᠧᠷ ᠤᠨ ᠬᠦᠦ ᠠᠮᠠᠰᠠ ᠬᠣᠶᠠᠷ ᠢ ᠢᠯᠳᠦ ᠪᠡᠷ ᠬᠥᠨᠥᠭᠡᠭᠰᠡᠨ᠃ 33 ᠡᠢᠨ ᠬᠦ ᠲᠡᠳᠡᠨ ᠦ ᠴᠢᠰᠤ ᠶᠣᠶᠠᠪ ᠪᠣᠯᠣᠨ ᠲᠡᠭᠦᠨ ᠦ ᠦᠷ᠎ᠡ ᠤᠳᠤᠮ ᠤᠨ ᠲᠣᠯᠣᠭᠠᠢ ᠳᠡᠭᠡᠷ᠎ᠡ ᠡᠷᠭᠢᠨ ᠪᠠᠭᠤᠵᠤ᠂ ᠮᠥᠩᠬᠡᠳᠡ ᠪᠠᠢᠬᠤ ᠪᠣᠯᠪᠠᠴᠤ ᠳ᠋ᠠᠸᠢᠳ᠋ ᠪᠣᠯᠣᠨ ᠲᠡᠭᠦᠨ ᠦ ᠦᠷ᠎ᠡ ᠤᠳᠤᠮ᠂ ᠲᠡᠭᠦᠨ ᠦ ᠭᠡᠷ᠂ ᠲᠡᠭᠦᠨ ᠦ ᠰᠡᠨᠲᠢ ᠳᠡᠭᠡᠷ᠎ᠡ ᠶᠣᠬᠣᠸᠠ ᠶᠢᠨ ᠠᠮᠤᠷ ᠲᠠᠢᠪᠤᠩ ᠮᠥᠩᠬᠡᠳᠡ ᠪᠠᠢᠬᠤ ᠪᠣᠯᠣᠨ᠎ᠠ》 ᠭᠡᠪᠡ᠃ 34 ᠶᠧᠬᠣᠷᠠᠢᠳᠠ ᠶᠢᠨ ᠬᠦᠦ ᠪᠧᠨᠠᠢᠶ᠎ᠠ ᠶᠠᠪᠤᠵᠤ᠂ ᠶᠣᠶᠠᠪ ᠢ ᠴᠣᠬᠢᠵᠤ ᠠᠯᠠᠭᠰᠠᠨ ᠳᠤ᠂ ᠬᠥᠮᠦᠰ ᠲᠡᠭᠦᠨ ᠢ ᠴᠥᠯ ᠳᠠᠬᠢ ᠥᠪᠡᠷ ᠦᠨ ᠬᠢᠨᠢ ᠭᠡᠷ ᠲᠦ ᠣᠷᠣᠰᠢᠭᠤᠯᠵᠠᠢ᠃ 35 ᠬᠠᠭᠠᠨ ᠶᠣᠶᠠᠪ ᠤᠨ ᠣᠷᠣᠨ ᠳᠤ ᠶᠧᠬᠣᠷᠠᠢᠳᠠ ᠶᠢᠨ ᠬᠦᠦ ᠪᠧᠨᠠᠢᠶ᠎ᠠ ᠶᠢ ᠴᠡᠷᠢᠭ ᠤᠨ ᠵᠠᠩᠵᠤᠨ ᠢᠶᠠᠷ ᠲᠣᠮᠢᠯᠠᠵᠤ᠂ ᠠᠪᠢᠶᠠᠲ᠋ᠠᠷ ᠤᠨ ᠣᠷᠣᠨ ᠳᠤ ᠽᠠᠳᠣᠺ ᠢ ᠲᠠᠬᠢᠯᠴᠢ ᠶᠢᠨ ᠲᠤᠰᠢᠶᠠᠯ ᠳᠤ ᠣᠷᠣᠭᠤᠯᠤᠭᠰᠠᠨ ᠪᠠᠢᠯ᠎ᠠ᠃
36 ᠳᠠᠷᠠᠭ᠎ᠠ ᠨᠢ ᠬᠠᠭᠠᠨ ᠬᠥᠮᠦᠨ ᠢᠯᠡᠭᠡᠵᠦ᠂ ᠱᠢᠮᠧᠶᠢ ᠶᠢ ᠥᠪᠡᠷ ᠲᠡᠭᠡᠨ ᠳᠠᠭᠤᠳᠠᠭᠤᠯᠵᠤ᠄ 《ᠴᠢ ᠶᠧᠷᠦ᠋ᠰᠠᠯᠧᠮ ᠳᠤ ᠭᠡᠷ ᠪᠠᠷᠢᠵᠤ᠂ ᠲᠡᠨᠳᠡ ᠪᠡᠨ ᠯᠠ ᠠᠮᠢᠳᠤᠷᠠ᠃ ᠥᠭᠡᠷ᠎ᠡ ᠬᠠᠮᠢᠭᠠᠰᠢ ᠪᠠᠨ ᠴᠤ ᠶᠠᠪᠤᠵᠤ ᠪᠣᠯᠬᠤ ᠦᠭᠡᠢ᠃ 37 ᠴᠢ ᠵᠠᠪᠠᠯ ᠮᠡᠳᠡᠵᠦ ᠠᠪ᠃ ᠬᠡᠷᠪᠡ ᠴᠢ ᠲᠡᠨᠳᠡ ᠡᠴᠡ ᠭᠠᠷᠤᠭᠠᠳ ᠺᠢᠳ᠋ᠷᠣᠨ ᠭᠣᠷᠣᠬ᠎ᠠ ᠶᠢ ᠭᠠᠲᠤᠯᠬᠤ ᠳᠤ ᠬᠦᠷᠪᠡᠯ᠂ ᠲᠡᠷᠡ ᠡᠳᠦᠷ ᠲᠡᠭᠡᠨ ᠵᠠᠢᠯᠠᠰᠢ ᠦᠭᠡᠢ ᠦᠬᠦᠨ᠎ᠡ᠃ ᠴᠢᠨᠦ ᠴᠢᠰᠤ ᠥᠪᠡᠷ ᠦᠨ ᠴᠢᠨᠢ ᠲᠣᠯᠣᠭᠠᠢ ᠳᠡᠭᠡᠷ᠎ᠡ ᠪᠠᠢᠬᠤ ᠪᠣᠯᠣᠨ᠎ᠠ》 ᠭᠡᠰᠡᠨ ᠳᠦ᠂ 38 ᠱᠢᠮᠧᠶᠢ ᠬᠠᠭᠠᠨ ᠳᠤ᠄ 《ᠬᠡᠯᠡᠭᠰᠡᠨ ᠦᠭᠡ ᠲᠠᠨᠢ ᠵᠥᠪ ᠪᠠᠢᠨ᠎ᠠ᠃ ᠮᠢᠨᠦ ᠡᠵᠡᠨ ᠬᠠᠭᠠᠨ ᠤ ᠠᠢᠯᠠᠳᠤᠭᠰᠠᠨ ᠶᠣᠰᠣᠭᠠᠷ ᠲᠠᠨ ᠤ ᠵᠠᠷᠤᠴᠠ ᠪᠢ ᠲᠡᠢᠨ ᠬᠦ ᠦᠢᠯᠡᠳᠦᠶ᠎ᠡ》 ᠭᠡᠪᠡ᠃ ᠢᠩᠭᠢᠭᠡᠳ ᠱᠢᠮᠧᠶᠢ ᠶᠧᠷᠦ᠋ᠰᠠᠯᠧᠮ ᠳᠤ ᠣᠯᠠᠨ ᠡᠳᠦᠷ ᠰᠠᠭᠤᠵᠠᠢ᠃
39 ᠲᠡᠭᠡᠲᠡᠯ᠎ᠡ ᠭᠤᠷᠪᠠᠨ ᠵᠢᠯ ᠤᠨ ᠡᠴᠦᠰ ᠲᠦ ᠱᠢᠮᠧᠶᠢ ᠶᠢᠨ ᠬᠣᠶᠠᠷ ᠵᠠᠷᠤᠴᠠ ᠭᠠᠲ ᠤᠨ ᠬᠠᠭᠠᠨ᠂ ᠮᠠᠺᠠ ᠶᠢᠨ ᠬᠦᠦ ᠠᠺᠢᠱ ᠤᠷᠤᠭᠤ ᠵᠢᠭᠤᠲᠠᠭᠰᠠᠨ ᠪᠠᠢᠵᠠᠢ᠃ ᠬᠥᠮᠦᠰ ᠱᠢᠮᠧᠶᠢ ᠳᠤ᠄ 《ᠬᠠᠷ᠎ᠠ᠂ ᠲᠠᠨ ᠤ ᠵᠠᠷᠤᠴᠠ ᠨᠠᠷ ᠭᠠᠲ ᠲᠤ ᠪᠠᠢᠨ᠎ᠠ》 ᠭᠡᠵᠦ ᠮᠡᠳᠡᠭᠦᠯᠬᠦ ᠳᠦ᠂ 40 ᠱᠢᠮᠧᠶᠢ ᠪᠣᠰᠴᠤ᠂ ᠡᠯᠵᠢᠭᠡ ᠪᠡᠨ ᠡᠮᠡᠭᠡᠯᠯᠡᠭᠡᠳ ᠵᠠᠷᠤᠴᠠ ᠨᠠᠷ ᠢᠶᠠᠨ ᠡᠷᠢᠵᠦ ᠣᠯᠬᠤ ᠪᠠᠷ ᠭᠠᠲ ᠲᠤ ᠪᠤᠢ ᠠᠺᠢᠱ ᠤᠷᠤᠭᠤ ᠶᠠᠪᠤᠪᠠ᠃ ᠡᠢᠨ ᠬᠦ ᠱᠢᠮᠧᠶᠢ ᠶᠠᠪᠤᠵᠤ ᠭᠠᠲ ᠠᠴᠠ ᠵᠠᠷᠤᠴᠠ ᠨᠠᠷ ᠢᠶᠠᠨ ᠠᠪᠴᠢᠷᠠᠵᠠᠢ᠃ 41 ᠬᠠᠷᠢᠨ ᠱᠢᠮᠧᠶᠢ ᠶᠢᠨ ᠶᠧᠷᠦ᠋ᠰᠠᠯᠧᠮ ᠡᠴᠡ ᠭᠠᠲ ᠤᠷᠤᠭᠤ ᠶᠠᠪᠤᠭᠠᠳ ᠡᠷᠭᠢᠵᠦ ᠢᠷᠡᠭᠰᠡᠨ ᠨᠢ ᠰᠣᠯᠣᠮᠣᠨ ᠳᠤ ᠮᠡᠳᠡᠭᠳᠡᠪᠡ᠃ 42 ᠬᠠᠭᠠᠨ ᠬᠥᠮᠦᠨ ᠢᠯᠡᠭᠡᠨ ᠱᠢᠮᠧᠶᠢ ᠶᠢ ᠳᠠᠭᠤᠳᠠᠭᠤᠯᠵᠤ᠂ ᠲᠡᠭᠦᠨ ᠳᠦ᠄ 《ᠪᠢ ᠴᠢᠮᠠᠶᠢ ᠶᠣᠬᠣᠸᠠ ᠪᠠᠷ ᠲᠠᠩ᠋ᠭᠠᠷᠢᠭᠯᠠᠭᠤᠯᠤᠨ᠂ ᠬᠠᠲᠠᠭᠤ ᠰᠠᠨᠠᠭᠤᠯᠬᠤ ᠳᠠᠭᠠᠨ᠄ 〈ᠴᠢ ᠵᠠᠪᠠᠯ ᠮᠡᠳᠡᠵᠦ ᠠᠪ᠂ ᠬᠡᠷᠪᠡ ᠴᠢ ᠲᠡᠨᠳᠡ ᠡᠴᠡ ᠪᠡᠨ ᠭᠠᠷᠤᠭᠠᠳ ᠥᠪᠡᠷ ᠢᠶᠡᠨ ᠬᠠᠮᠢᠭ᠎ᠠ ᠨᠢᠭᠡ ᠭᠠᠵᠠᠷ ᠶᠠᠪᠤᠪᠠᠯ ᠲᠡᠷᠡ ᠡᠳᠦᠷ ᠲᠡᠭᠡᠨ ᠵᠠᠢᠯᠠᠰᠢ ᠦᠭᠡᠢ ᠦᠬᠦᠨ᠎ᠡ〉 ᠭᠡᠬᠦ ᠳᠦ ᠮᠢᠨᠢ ᠴᠢ ᠥᠪᠡᠷ ᠢᠶᠡᠨ ᠨᠠᠳᠠ ᠳᠤ᠄ 〈ᠲᠠᠨ ᠤ ᠬᠡᠯᠡᠭᠰᠡᠨ ᠦᠭᠡ ᠵᠥᠪ ᠪᠠᠢᠨ᠎ᠠ᠂ ᠪᠢ ᠳᠠᠭᠠᠶ᠎ᠠ〉 ᠭᠡᠰᠡᠨ ᠪᠢᠯᠡ᠃ 43 ᠭᠡᠲᠡᠯ᠎ᠡ ᠴᠢ ᠶᠠᠭᠤᠨ ᠳᠤ ᠶᠣᠬᠣᠸᠠ ᠳᠤ ᠥᠭᠭᠥᠭᠰᠡᠨ ᠲᠠᠩ᠋ᠭᠠᠷᠢᠭ ᠪᠣᠯᠣᠨ ᠮᠢᠨᠦ ᠲᠤᠰᠢᠶᠠᠭᠰᠠᠨ ᠲᠤᠰᠢᠶᠠᠯ ᠢ ᠰᠠᠬᠢᠭᠰᠠᠨ ᠦᠭᠡᠢ ᠪᠤᠢ︖》 ᠭᠡᠪᠡ᠃ 44 ᠬᠠᠭᠠᠨ ᠴᠢᠨᠠᠭᠰᠢ ᠨᠢ ᠱᠢᠮᠧᠶᠢ ᠳᠤ᠄ 《ᠮᠢᠨᠦ ᠡᠴᠢᠭᠡ ᠳ᠋ᠠᠸᠢᠳ᠋ ᠲᠤ ᠬᠢᠭᠰᠡᠨ ᠪᠦᠬᠦ ᠬᠣᠷᠣᠨ ᠮᠠᠭᠤ ᠪᠠᠨ ᠴᠢ ᠳᠣᠲᠣᠷ᠎ᠠ ᠪᠠᠨ ᠮᠡᠳᠡᠵᠦ ᠪᠠᠢᠭ᠎ᠠ ᠪᠠᠢᠬ᠎ᠠ᠂ ᠶᠣᠬᠣᠸᠠ ᠴᠢᠨᠦ ᠬᠣᠷᠣᠨ ᠮᠠᠭᠤ ᠶᠢ ᠲᠣᠯᠣᠭᠠᠢ ᠳᠡᠭᠡᠷ᠎ᠡ ᠴᠢᠨᠢ ᠪᠤᠴᠠᠭᠠᠬᠤ ᠪᠣᠯᠣᠨ᠎ᠠ᠃ 45 ᠬᠠᠷᠢᠨ ᠰᠣᠯᠣᠮᠣᠨ ᠬᠠᠭᠠᠨ ᠢᠪᠡᠭᠡᠭᠳᠡᠵᠦ᠂ ᠳ᠋ᠠᠸᠢᠳ᠋ ᠤᠨ ᠰᠡᠨᠲᠢ ᠶᠣᠬᠣᠸᠠ ᠶᠢᠨ ᠡᠮᠦᠨ᠎ᠡ ᠮᠥᠩᠬᠡᠳᠡ ᠪᠠᠲᠤ ᠪᠠᠢᠬᠤ ᠪᠣᠯᠣᠨ᠎ᠠ》 ᠭᠡᠳ 46 ᠶᠧᠬᠣᠷᠠᠢᠳᠠ ᠶᠢᠨ ᠬᠦᠦ ᠪᠧᠨᠠᠢᠶ᠎ᠠ ᠳᠤ ᠲᠤᠰᠢᠶᠠᠯ ᠪᠠᠭᠤᠯᠭᠠᠭᠰᠠᠨ ᠳᠤ᠂ ᠲᠡᠷᠡ ᠭᠠᠷᠴᠤ ᠶᠠᠪᠤᠨ᠂ ᠱᠢᠮᠧᠶᠢ ᠶᠢ ᠴᠣᠬᠢᠵᠤ ᠠᠯᠠᠪᠠ᠃