1 2 3 4 5 6 7 8 9


ᠠᠮᠣᠰ ᠨᠢᠭᠡ

1 ᠶᠦᠳᠠ ᠶᠢᠨ ᠬᠠᠭᠠᠨ ᠦᠽᠢᠶ᠎ᠠ ᠶᠢᠨ ᠡᠳᠦᠷ ᠤᠳ ᠲᠤ᠂ ᠲᠤᠬᠠᠢᠯᠠᠪᠠᠯ ᠢᠰᠷᠧᠯ ᠤᠨ ᠬᠠᠭᠠᠨ᠂ ᠶᠣᠶᠠᠱ ᠤᠨ ᠬᠦᠦ ᠶᠧᠷᠣᠪᠣᠶᠠᠮ ᠤᠨ ᠡᠳᠦᠷ ᠤᠳ ᠲᠤ᠂ ᠭᠠᠵᠠᠷ ᠬᠥᠳᠡᠯᠬᠦ ᠡᠴᠡ ᠬᠣᠶᠠᠷ ᠵᠢᠯ ᠤᠨ ᠡᠮᠦᠨ᠎ᠡ ᠲᠧᠺᠣᠶ᠎ᠠ ᠶᠢᠨ ᠬᠣᠨᠢᠴᠢᠳ ᠤᠨ ᠳᠤᠮᠳᠠ ᠪᠠᠢᠭᠰᠠᠨ ᠠᠮᠣᠰ ᠤᠨ ᠦᠵᠡᠭᠰᠡᠨ ᠢᠰᠷᠧᠯ ᠤᠨ ᠲᠠᠯ᠎ᠠ ᠪᠠᠷ ᠬᠢ ᠦᠵᠡᠭᠳᠡᠯ ᠦᠨ ᠲᠤᠬᠠᠢ ᠦᠭᠡᠰ᠄
2 ᠶᠣᠬᠣᠸᠠ ᠽᠢᠶᠣᠨ ᠠᠴᠠ ᠬᠦᠷᠬᠢᠷᠡᠵᠦ ᠶᠧᠷᠦ᠋ᠰᠠᠯᠧᠮ ᠡᠴᠡ ᠳᠠᠭᠤ ᠪᠠᠨ ᠬᠠᠲᠠᠭᠠᠪᠠ ᠬᠣᠨᠢᠴᠢᠳ ᠤᠨ ᠪᠡᠯᠴᠢᠭᠡᠷ ᠭᠠᠩᠳᠠᠵᠤ ᠺᠠᠷᠮᠧᠯ ᠤᠨ ᠣᠷᠣᠢ ᠬᠠᠲᠠᠵᠠᠢ᠃
 ᠢᠰᠷᠧᠯ ᠤᠨ ᠬᠥᠷᠰᠢ ᠨᠦᠭᠦᠳ ᠲᠦ ᠪᠠᠭᠤᠬᠤ ᠰᠢᠳᠬᠡᠯ
3 ᠶᠣᠬᠣᠸᠠ ᠡᠢᠨ ᠬᠦ ᠠᠢᠯᠠᠳᠴᠤ ᠪᠠᠢᠨ᠎ᠠ᠄ ᠳ᠋ᠠᠮᠠᠰᠺᠦ᠋ᠰ ᠤᠨ ᠭᠤᠷᠪᠠ᠂ ᠳᠥᠷᠪᠡᠨ ᠨᠢᠭᠦᠯ ᠦᠨ ᠤᠯᠠᠮ ᠢᠶᠠᠷ ᠪᠢ ᠰᠢᠳᠬᠡᠯ ᠢᠶᠡᠨ ᠪᠤᠴᠠᠭᠠᠬᠤ ᠦᠭᠡᠢ ᠭᠢᠯᠧᠶᠠᠳ᠋ ᠢ ᠲᠡᠳᠡ ᠲᠡᠮᠦᠷ ᠪᠤᠯᠤ ᠪᠠᠷ ᠪᠤᠯᠤᠳᠠᠭᠰᠠᠨ ᠲᠤᠯᠠ
4 ᠬᠠᠽᠠᠶᠧᠯ ᠤᠨ ᠭᠡᠷ ᠳᠡᠭᠡᠷ᠎ᠡ ᠪᠢ ᠭᠠᠯ ᠢᠯᠡᠭᠡᠵᠦ ᠭᠠᠯ ᠪᠧᠨ ᠬᠠᠳᠠᠳ᠋ ᠤᠨ ᠣᠷᠳᠣᠨ ᠨᠤᠭᠤᠳ ᠢ ᠵᠠᠯᠭᠢᠬᠤ ᠪᠣᠯᠣᠨ᠎ᠠ
5 ᠪᠢ ᠪᠠᠰᠠ ᠳ᠋ᠠᠮᠠᠰᠺᠦ᠋ᠰ ᠤᠨ ᠴᠠᠭᠤᠷᠭ᠎ᠠ ᠶᠢ ᠡᠪᠳᠡᠵᠦ ᠠᠸᠧᠨ ᠤ ᠬᠥᠨᠳᠡᠢ ᠡᠴᠡ ᠰᠠᠭᠤᠭᠠᠯᠢᠴᠢᠳ ᠢ ᠠᠷᠢᠯᠭᠠᠨ ᠪᠧᠲ ᠡᠳᠧᠨ ᠡᠴᠡ ᠲᠠᠶᠠᠭ ᠪᠠᠷᠢᠭᠴᠢ ᠶᠢ ᠲᠠᠰᠤᠯᠤᠨ᠎ᠠ ᠠᠷᠠᠮ ᠤᠨ ᠠᠷᠠᠳ ᠲᠦᠮᠡᠨ ᠺᠢᠷ ᠤᠷᠤᠭᠤ ᠴᠥᠯᠡᠭᠳᠡᠨ᠎ᠡ᠂ ᠶᠣᠬᠣᠸᠠ ᠠᠢᠯᠠᠳᠴᠤ ᠪᠠᠢᠨ᠎ᠠ᠃

6 ᠶᠣᠬᠣᠸᠠ ᠡᠢᠨ ᠬᠦ ᠠᠢᠯᠠᠳᠴᠤ ᠪᠠᠢᠨ᠎ᠠ᠄ ᠭᠠᠽᠠ ᠶᠢᠨ ᠭᠤᠷᠪᠠ᠂ ᠳᠥᠷᠪᠡᠨ ᠨᠢᠭᠦᠯ ᠦᠨ ᠤᠯᠠᠮ ᠢᠶᠠᠷ ᠪᠢ ᠰᠢᠳᠬᠡᠯ ᠢᠶᠡᠨ ᠪᠤᠴᠠᠭᠠᠬᠤ ᠦᠭᠡᠢ ᠲᠡᠳᠡ ᠬᠠᠮᠤᠭ ᠣᠯᠵᠠᠯᠠᠭᠳᠠᠭᠴᠢ ᠶᠢ ᠴᠥᠯᠡᠵᠦ ᠡᠳᠣᠮ ᠳᠤ ᠲᠤᠰᠢᠶᠠᠭᠰᠠᠨ ᠲᠤᠯᠠ
7 ᠪᠢ ᠭᠠᠽᠠ ᠶᠢᠨ ᠬᠡᠷᠡᠮ ᠳᠦ ᠭᠠᠯ ᠢᠯᠡᠭᠡᠵᠦ ᠭᠠᠯ ᠣᠷᠳᠣᠨ ᠨᠤᠭᠤᠳ ᠢ ᠨᠢ ᠴᠥᠯᠮᠥᠬᠦ ᠪᠣᠯᠣᠨ᠎ᠠ᠃
8 ᠪᠢ ᠠᠱᠠᠳᠣᠳ᠋ ᠡᠴᠡ ᠰᠠᠭᠤᠭᠠᠯᠢᠴᠢᠳ ᠢ ᠨᠢ ᠠᠷᠢᠯᠭᠠᠨ ᠠᠱᠺᠧᠯᠣᠨ ᠠᠴᠠ ᠲᠠᠶᠠᠭ ᠪᠠᠷᠢᠭᠴᠢ ᠶᠢ ᠲᠠᠰᠤᠯᠤᠨ᠎ᠠ ᠪᠢ ᠡᠺᠷᠣᠨ ᠤᠷᠤᠭᠤ ᠮᠤᠲᠤᠷ ᠢᠶᠠᠨ ᠡᠷᠭᠢᠭᠦᠯᠵᠦ ᠹᠢᠯᠢᠰᠲ ᠤᠨ ᠦᠯᠡᠳᠡᠭᠰᠡᠳ ᠢ ᠮᠥᠬᠥᠭᠡᠨ᠎ᠡ ᠡᠵᠡᠨ ᠶᠣᠬᠣᠸᠠ ᠠᠢᠯᠠᠳᠴᠤ ᠪᠠᠢᠨ᠎ᠠ᠃

9 ᠶᠣᠬᠣᠸᠠ ᠡᠢᠨ ᠬᠦ ᠠᠢᠯᠠᠳᠴᠤ ᠪᠠᠢᠨ᠎ᠠ᠄ ᠲᠢᠷ ᠤᠨ ᠭᠤᠷᠪᠠ᠂ ᠳᠥᠷᠪᠡᠨ ᠨᠢᠭᠦᠯ ᠦᠨ ᠤᠯᠠᠮ ᠢᠶᠠᠷ ᠪᠢ ᠰᠢᠳᠬᠡᠯ ᠢᠶᠡᠨ ᠪᠤᠴᠠᠭᠠᠬᠤ ᠦᠭᠡᠢ ᠲᠡᠳᠡ ᠠᠬ᠎ᠠ ᠳᠡᠭᠦᠦ ᠶᠢᠨ ᠭᠡᠷ᠎ᠡ ᠪᠡᠨ ᠬᠠᠢᠬᠤᠷᠬᠤ ᠦᠭᠡᠢ ᠣᠯᠵᠠᠯᠠᠭᠳᠠᠭᠰᠠᠳ ᠢ ᠪᠦᠭᠦᠳᠡ ᠶᠢ ᠨᠢ ᠡᠳᠣᠮ ᠳᠤ ᠲᠤᠰᠢᠶᠠᠭᠰᠠᠨ ᠲᠤᠯᠠ
10 ᠪᠢ ᠲᠢᠷ ᠤᠨ ᠬᠡᠷᠡᠮ ᠳᠦ ᠭᠠᠯ ᠢᠯᠡᠭᠡᠵᠦ ᠭᠠᠯ ᠣᠷᠳᠣᠨ ᠨᠤᠭᠤᠳ ᠢ ᠨᠢ ᠵᠠᠯᠭᠢᠬᠤ ᠪᠣᠯᠣᠨ᠎ᠠ᠃

11 ᠶᠣᠬᠣᠸᠠ ᠡᠢᠨ ᠬᠦ ᠠᠢᠯᠠᠳᠴᠤ ᠪᠠᠢᠨ᠎ᠠ᠄ ᠡᠳᠣᠮ ᠤᠨ ᠭᠤᠷᠪᠠ᠂ ᠳᠥᠷᠪᠡᠨ ᠨᠢᠭᠦᠯ ᠦᠨ ᠤᠯᠠᠮ ᠢᠶᠠᠷ ᠪᠢ ᠰᠢᠳᠬᠡᠯ ᠢᠶᠡᠨ ᠪᠤᠴᠠᠭᠠᠬᠤ ᠦᠭᠡᠢ ᠲᠡᠷᠡ ᠢᠯᠳᠦ ᠪᠠᠷᠢᠨ ᠳᠡᠭᠦᠦ ᠪᠡᠨ ᠮᠥᠰᠬᠢᠨ ᠶᠠᠮᠠᠷ ᠴᠤ ᠥᠷᠥᠰᠢᠶᠡᠯ ᠦᠵᠡᠭᠦᠯᠦᠭᠡ ᠦᠭᠡᠢ ᠦᠷᠭᠦᠯᠵᠢ ᠠᠭᠤᠷ ᠢᠶᠠᠨ ᠳᠦᠷᠡᠯᠵᠡᠭᠦᠯᠵᠦ ᠢᠮᠠᠭᠲᠠ ᠥᠰᠢᠶ᠎ᠡ ᠡᠪᠦᠷᠯᠡᠭᠰᠡᠨ ᠲᠤᠯᠠ
12 ᠪᠢ ᠲᠧᠮᠠᠨ ᠳᠡᠭᠡᠷ᠎ᠡ ᠭᠠᠯ ᠢᠯᠡᠭᠡᠵᠦ ᠭᠠᠯ ᠪᠣᠽᠷᠠ ᠶᠢᠨ ᠣᠷᠳᠣᠨ ᠨᠤᠭᠤᠳ ᠢ ᠵᠠᠯᠭᠢᠬᠤ ᠪᠣᠯᠣᠨ᠎ᠠ᠃
13 ᠶᠣᠬᠣᠸᠠ ᠡᠢᠨ ᠬᠦ ᠠᠢᠯᠠᠳᠴᠤ ᠪᠠᠢᠨ᠎ᠠ᠄ ᠠᠮᠣᠨᠴᠤᠳ ᠤᠨ ᠭᠤᠷᠪᠠ᠂ ᠳᠥᠷᠪᠡᠨ ᠨᠢᠭᠦᠯ ᠦᠨ ᠤᠯᠠᠮ ᠢᠶᠠᠷ ᠪᠢ ᠰᠢᠳᠬᠡᠯ ᠢᠶᠡᠨ ᠪᠤᠴᠠᠭᠠᠬᠤ ᠦᠭᠡᠢ ᠲᠡᠳᠡ ᠬᠢᠯᠢ ᠬᠢᠵᠠᠭᠠᠷ ᠢᠶᠠᠨ ᠲᠡᠯᠡᠬᠦ ᠭᠡᠵᠦ ᠭᠢᠯᠧᠶᠠᠳ᠋ ᠤᠨ ᠵᠢᠷᠮᠦᠰᠦᠨ ᠡᠮᠡᠭᠲᠡᠢᠴᠦᠳ ᠢ ᠰᠡᠢᠴᠢᠭᠰᠡᠨ ᠲᠤᠯᠠ
14 ᠪᠢ ᠷᠠᠪᠠ ᠶᠢᠨ ᠬᠡᠷᠡᠮ ᠳᠦ ᠭᠠᠯ ᠲᠠᠯᠪᠢᠨ᠎ᠠ ᠲᠡᠷᠡ ᠨᠢ ᠲᠤᠯᠤᠯᠳᠤᠭᠠᠨ ᠤ ᠡᠳᠦᠷ᠂ ᠳᠠᠢᠨ ᠤ ᠤᠤᠬᠠᠢ ᠶᠢᠨ ᠳᠤᠮᠳᠠ ᠰᠢᠭᠤᠷᠭᠠᠨ ᠲᠠᠢ ᠡᠳᠦᠷ᠂ ᠰᠢᠷᠦᠭᠦᠨ ᠰᠠᠯᠬᠢᠨ ᠳᠤᠮᠳᠠ ᠣᠷᠳᠣᠨ ᠨᠤᠭᠤᠳ ᠢ ᠨᠢ ᠵᠠᠯᠭᠢᠨ᠎ᠠ᠂
15 ᠬᠠᠭᠠᠨ ᠨᠢ ᠨᠣᠶᠠᠳ ᠲᠠᠢ ᠪᠠᠨ ᠴᠥᠯᠡᠭᠳᠡᠬᠦ ᠪᠣᠯᠣᠨ᠎ᠠ ᠶᠣᠬᠣᠸᠠ ᠠᠢᠯᠠᠳᠴᠤ ᠪᠠᠢᠨ᠎ᠠ᠃