ᠠᠮᠣᠰ ᠬᠣᠶᠠᠷ
1 ᠶᠣᠬᠣᠸᠠ ᠡᠢᠨ ᠬᠦ ᠠᠢᠯᠠᠳᠴᠤ ᠪᠠᠢᠨ᠎ᠠ᠄ ᠮᠣᠶᠠᠪ ᠤᠨ ᠭᠤᠷᠪᠠ᠂ ᠳᠥᠷᠪᠡᠨ ᠨᠢᠭᠦᠯ ᠦᠨ ᠤᠯᠠᠮ ᠢᠶᠠᠷ ᠪᠢ ᠰᠢᠳᠬᠡᠯ ᠢᠶᠡᠨ ᠪᠤᠴᠠᠭᠠᠬᠤ ᠦᠭᠡᠢ ᠲᠡᠳᠡ ᠡᠳᠣᠮ ᠤᠨ ᠬᠠᠭᠠᠨ ᠤ ᠶᠠᠰᠤ ᠶᠢ ᠰᠢᠲᠠᠭᠠᠵᠤ ᠦᠨᠡᠰᠦ ᠪᠣᠯᠭᠠᠭᠰᠠᠨ ᠲᠤᠯᠠ
2 ᠪᠢ ᠮᠣᠶᠠᠪ ᠤᠨ ᠳᠡᠭᠡᠷ᠎ᠡ ᠭᠠᠯ ᠢᠯᠡᠭᠡᠵᠦ ᠭᠠᠯ ᠺᠧᠷᠢᠶᠣᠲ ᠤᠨ ᠣᠷᠳᠣᠨ ᠨᠤᠭᠤᠳ ᠢ ᠴᠥᠯᠮᠥᠬᠦ ᠪᠣᠯᠣᠨ᠎ᠠ ᠮᠣᠶᠠᠪ ᠦᠢᠮᠡᠭᠡᠨ ᠳᠤᠮᠳᠠ᠂ ᠳᠠᠢᠨ ᠤ ᠤᠤᠬᠠᠢ᠂ ᠪᠦᠷᠢᠶᠡᠨ ᠳᠠᠭᠤᠨ ᠤ ᠳᠤᠮᠳᠠ ᠮᠥᠬᠥᠨ᠎ᠡ
3 ᠪᠢ ᠲᠡᠳᠡᠨ ᠦ ᠳᠤᠮᠳᠠ ᠠᠴᠠ ᠵᠠᠬᠢᠷᠤᠭᠴᠢ ᠶᠢ ᠨᠢ ᠤᠰᠠᠳᠬᠠᠨ ᠪᠦᠬᠦ ᠨᠣᠶᠠᠨ ᠢ ᠨᠢ ᠲᠡᠭᠦᠨ ᠲᠡᠢ ᠬᠠᠮᠲᠤ ᠰᠥᠨᠥᠭᠡᠨ᠎ᠡ ᠶᠣᠬᠣᠸᠠ ᠠᠢᠯᠠᠳᠴᠤ ᠪᠠᠢᠨ᠎ᠠ᠃
ᠶᠦᠳᠠ ᠳᠤ ᠪᠠᠭᠤᠬᠤ ᠰᠢᠳᠬᠡᠯ
4 ᠶᠣᠬᠣᠸᠠ ᠡᠢᠨ ᠬᠦ ᠠᠢᠯᠠᠳᠴᠤ ᠪᠠᠢᠨ᠎ᠠ᠄ ᠶᠦᠳᠠ ᠶᠢᠨ ᠭᠤᠷᠪᠠ᠂ ᠳᠥᠷᠪᠡᠨ ᠨᠢᠭᠦᠯ ᠦᠨ ᠤᠯᠠᠮ ᠢᠶᠠᠷ ᠪᠢ ᠰᠢᠳᠬᠡᠯ ᠢᠶᠡᠨ ᠪᠤᠴᠠᠭᠠᠬᠤ ᠦᠭᠡᠢ ᠲᠡᠳᠡ ᠶᠣᠬᠣᠸᠠ ᠶᠢᠨ ᠬᠠᠤᠯᠢ ᠶᠢ ᠣᠭᠣᠷᠴᠤ᠂ ᠲᠤᠰᠢᠶᠠᠯ ᠤᠳ ᠢ ᠨᠢ ᠡᠰᠡ ᠰᠠᠬᠢᠨ ᠡᠴᠢᠭᠡ ᠡᠪᠦᠭᠡᠳ ᠦᠨ ᠢᠶᠠᠨ ᠳᠠᠭᠠᠵᠤ ᠪᠠᠢᠭᠰᠠᠨ ᠬᠤᠳᠠᠯ ᠬᠠᠭᠤᠷᠮᠠᠭ ᠲᠤ ᠤᠷᠤᠭᠤ ᠲᠠᠲᠠᠭᠳᠠᠭᠰᠠᠨ ᠲᠤᠯᠠ
5 ᠪᠢ ᠶᠦᠳᠠ ᠳᠡᠭᠡᠷ᠎ᠡ ᠭᠠᠯ ᠢᠯᠡᠭᠡᠵᠦ ᠭᠠᠯ ᠶᠧᠷᠦ᠋ᠰᠠᠯᠧᠮ ᠤᠨ ᠣᠷᠳᠣᠨ ᠨᠤᠭᠤᠳ ᠢ ᠴᠥᠯᠮᠥᠬᠦ ᠪᠣᠯᠣᠨ᠎ᠠ᠃
ᠢᠰᠷᠧᠯ ᠳᠤ ᠪᠠᠭᠤᠬᠤ ᠰᠢᠳᠬᠡᠯ
6 ᠶᠣᠬᠣᠸᠠ ᠡᠢᠨ ᠬᠦ ᠠᠢᠯᠠᠳᠴᠤ ᠪᠠᠢᠨ᠎ᠠ᠄ 《ᠢᠰᠷᠧᠯ ᠤᠨ ᠭᠤᠷᠪᠠ᠂ ᠳᠥᠷᠪᠡᠨ ᠨᠢᠭᠦᠯ ᠦᠨ ᠤᠯᠠᠮ ᠢᠶᠠᠷ ᠪᠢ ᠰᠢᠳᠬᠡᠯ ᠢᠶᠡᠨ ᠪᠤᠴᠠᠭᠠᠬᠤ ᠦᠭᠡᠢ ᠲᠡᠳᠡ ᠮᠥᠩᠭᠥᠨ ᠦ ᠲᠥᠯᠥᠭᠡ ᠵᠥᠪᠲᠦ ᠶᠢ᠂ ᠵᠦᠢᠷᠡᠢ ᠱᠠᠬᠠᠢ ᠶᠢᠨ ᠲᠥᠯᠥᠭᠡ ᠶᠠᠳᠠᠭᠤ ᠶᠢ ᠬᠤᠳᠠᠯᠳᠤᠳᠠᠭ
7 ᠦᠭᠡᠭᠦᠦ ᠬᠥᠮᠦᠨ ᠦ ᠲᠣᠯᠣᠭᠠᠢ ᠶᠢ ᠭᠠᠵᠠᠷ ᠤᠨ ᠰᠢᠷᠣᠢ ᠳᠡᠭᠡᠷ᠎ᠡ ᠭᠢᠰᠬᠢᠯᠡᠨ ᠵᠣᠪᠠᠯᠠᠩᠲᠤ ᠬᠥᠮᠦᠨ ᠦ ᠵᠠᠮ ᠢ ᠨᠢ ᠭᠠᠵᠢᠭᠤᠯᠵᠤ ᠡᠴᠢᠭᠡ ᠬᠦᠦ ᠬᠣᠶᠠᠭᠤᠯᠠ ᠪᠠᠨ ᠨᠢᠭᠡ ᠥᠬᠢᠨ ᠲᠠᠢ ᠶᠠᠪᠤᠯᠳᠠᠵᠤ ᠠᠷᠢᠭᠤᠨ ᠨᠡᠷ᠎ᠡ ᠶᠢ ᠮᠢᠨᠢ ᠭᠤᠲᠤᠭᠠᠳᠠᠭ
8 ᠪᠦᠬᠦ ᠲᠠᠬᠢᠯ ᠤᠨ ᠰᠢᠷᠡᠭᠡᠨ ᠦ ᠬᠠᠵᠠᠭᠤ ᠳᠠᠬᠢ ᠪᠠᠷᠢᠴᠠᠭᠠᠨ ᠳᠤ ᠠᠪᠤᠭᠰᠠᠨ ᠬᠤᠪᠴᠠᠰᠤᠨ ᠳᠡᠭᠡᠷ᠎ᠡ ᠬᠡᠪᠲᠡᠵᠦ ᠲᠣᠷᠭᠠᠭᠤᠯᠢ ᠳᠤ ᠠᠪᠤᠭᠰᠠᠨ ᠳᠠᠷᠠᠰᠤ ᠪᠠᠨ ᠪᠤᠷᠬᠠᠨ ᠤ ᠪᠠᠨ ᠭᠡᠷ ᠲᠦ ᠤᠤᠭᠤᠳᠠᠭ᠂
9 ᠬᠠᠷᠢᠨ ᠲᠡᠳᠡᠨ ᠦ ᠡᠮᠦᠨ᠎ᠡ ᠠᠮᠣᠷᠢᠴᠤᠳ ᠢ ᠤᠰᠠᠳᠬᠠᠭᠰᠠᠨ ᠨᠢ ᠪᠢ ᠪᠢᠯᠡ ᠬᠤᠱᠢ ᠮᠡᠲᠦ ᠥᠨᠳᠥᠷ᠂ ᠴᠠᠷᠠᠰᠤ ᠮᠡᠲᠦ ᠬᠦᠴᠦᠲᠡᠢ ᠪᠠᠢᠭᠰᠠᠨ ᠴᠤ ᠳᠡᠭᠡᠷᠡᠬᠢ ᠵᠢᠮᠢᠰ᠂ ᠳᠣᠣᠷᠠᠬᠢ ᠦᠨᠳᠦᠰᠦ ᠶᠢ ᠨᠢ ᠪᠢ ᠤᠰᠠᠳᠬᠠᠭᠰᠠᠨ᠃
10 ᠲᠠ ᠨᠠᠷ ᠢ ᠶᠧᠵᠢᠫᠲ ᠡᠴᠡ ᠠᠪᠴᠢᠷᠠᠭᠰᠠᠨ ᠨᠢ ᠪᠢ ᠪᠢᠯᠡ᠂ ᠪᠢ ᠲᠠ ᠨᠠᠷ ᠢ ᠴᠥᠯ ᠳᠤ ᠳᠥᠴᠢᠨ ᠵᠢᠯ ᠠᠯᠬᠤᠭᠤᠯᠵᠤ ᠲᠠ ᠨᠠᠷ ᠲᠤ ᠠᠮᠣᠷᠢᠴᠤᠳ ᠤᠨ ᠨᠤᠲᠤᠭ ᠢ ᠡᠵᠡᠮᠰᠢᠭᠦᠯᠦᠭᠰᠡᠨ
11 ᠦᠷ᠎ᠡ ᠬᠡᠦᠬᠡᠳ ᠤᠳ ᠤᠨ ᠴᠢᠨᠢ ᠳᠤᠮᠳᠠ ᠠᠴᠠ ᠡᠰᠢ ᠦᠵᠡᠭᠦᠯᠦᠭᠴᠢᠳ ᠢ ᠢᠳᠡᠷ ᠵᠠᠯᠠᠭᠤᠰ ᠤᠨ ᠴᠢᠨᠢ ᠳᠤᠮᠳᠠ ᠠᠴᠠ ᠨᠠᠽᠢᠷᠴᠤᠳ ᠢ ᠪᠢ ᠪᠣᠰᠬᠠᠭᠰᠠᠨ ᠡᠢᠮᠦ ᠪᠢᠰᠢ ᠭᠡᠵᠢ ᠤᠤ︖ ᠢᠰᠷᠧᠯᠴᠦᠳ ᠡ ᠶᠣᠬᠣᠸᠠ ᠠᠢᠯᠠᠳᠴᠤ ᠪᠠᠢᠨ᠎ᠠ᠂
12 ᠬᠠᠷᠢᠨ ᠲᠠ ᠨᠠᠷ ᠨᠠᠽᠢᠷᠴᠤᠳ ᠲᠤ ᠳᠠᠷᠠᠰᠤ ᠤᠤᠭᠤᠯᠭᠠᠵᠤ ᠡᠰᠢ ᠦᠵᠡᠭᠦᠯᠦᠭᠴᠢ ᠳᠤ᠄ 〈ᠡᠰᠢ ᠦᠵᠡᠭᠦᠯᠵᠦ ᠪᠣᠯᠬᠤ ᠦᠭᠡᠢ〉 ᠭᠡᠵᠦ ᠲᠤᠰᠢᠶᠠᠳᠠᠭ᠂
13 ᠬᠠᠷ᠎ᠠ᠂ ᠶᠡᠦᠵᠢᠯᠡᠭᠰᠡᠨ ᠲᠠᠷᠢᠶ᠎ᠠ ᠪᠠᠷ ᠳᠦᠭᠦᠷᠡᠩ ᠲᠡᠷᠭᠡ ᠭᠠᠵᠠᠷ ᠢ ᠳᠠᠷᠤᠳᠠᠭ ᠰᠢᠭ᠋ ᠪᠢ ᠲᠠ ᠨᠠᠷ ᠢ ᠳᠠᠷᠤᠨ᠎ᠠ᠂
14 ᠬᠤᠷᠳᠤᠨ ᠨᠢ ᠵᠢᠭᠤᠲᠠᠵᠤ ᠴᠢᠳᠠᠬᠤ ᠦᠭᠡᠢ ᠬᠦᠴᠦ ᠲᠠᠢ ᠨᠢ ᠬᠦᠴᠦ ᠪᠡᠨ ᠭᠠᠷᠭᠠᠵᠤ ᠴᠢᠳᠠᠬᠤ ᠦᠭᠡᠢ ᠪᠠᠭᠠᠲᠤᠷ ᠨᠢ ᠴᠤ ᠠᠮᠢ ᠪᠠᠨ ᠠᠪᠤᠷᠠᠵᠤ ᠴᠢᠳᠠᠬᠤ ᠦᠭᠡᠢ
15 ᠨᠤᠮᠤ ᠠᠳᠬᠤᠭᠴᠢ ᠨᠢ ᠵᠣᠭᠰᠣᠵᠤ ᠴᠢᠳᠠᠬᠤ ᠦᠭᠡᠢ ᠬᠤᠷᠳᠤᠨ ᠬᠥᠯ ᠲᠡᠢ ᠨᠢ ᠵᠢᠭᠤᠲᠠᠵᠤ ᠴᠢᠳᠠᠬᠤ ᠦᠭᠡᠢ ᠮᠣᠷᠢᠲᠠᠨ ᠨᠢ ᠴᠤ ᠠᠮᠢ ᠪᠠᠨ ᠠᠪᠤᠷᠠᠵᠤ ᠴᠢᠳᠠᠬᠤ ᠦᠭᠡᠢ
16 ᠬᠠᠮᠤᠭ ᠤᠨ ᠵᠣᠷᠢᠭᠲᠤ ᠪᠠᠭᠠᠲᠤᠷ ᠴᠤ ᠲᠡᠷᠡ ᠡᠳᠦᠷ ᠨᠢᠴᠦᠭᠦᠨ ᠵᠢᠭᠤᠲᠠᠨ᠎ᠠ ᠶᠣᠬᠣᠸᠠ ᠠᠢᠯᠠᠳᠴᠤ ᠪᠠᠢᠨ᠎ᠠ᠃