ᠠᠮᠣᠰ ᠶᠢᠰᠦ
ᠵᠠᠢᠯᠠᠰᠢ ᠦᠭᠡᠢ ᠢᠷᠡᠬᠦ ᠰᠢᠳᠬᠡᠯ
1 ᠲᠠᠬᠢᠯ ᠤᠨ ᠰᠢᠷᠡᠭᠡᠨ ᠦ ᠳᠡᠷᠭᠡᠳᠡ ᠵᠣᠭᠰᠣᠵᠤ ᠪᠤᠢ ᠡᠵᠡᠨ ᠢ ᠪᠢ ᠬᠠᠷᠠᠪᠠ᠂ ᠲᠡᠷᠡ᠄ 《ᠪᠣᠱᠣᠭ᠎ᠠ ᠶᠢ ᠬᠥᠳᠡᠯᠲᠡᠯ᠎ᠡ ᠨᠢ ᠲᠤᠯᠭᠠᠭᠤᠷᠢ ᠶᠢ ᠴᠣᠬᠢ ᠪᠦᠭᠦᠳᠡ ᠶᠢᠨ ᠬᠢᠨᠢ ᠲᠣᠯᠣᠭᠠᠢ ᠳᠡᠭᠡᠷ᠎ᠡ ᠲᠡᠳᠡᠭᠡᠷ ᠢ ᠪᠢᠴᠠᠯ ᠦᠯᠡᠳᠡᠭᠰᠡᠳ ᠢ ᠨᠢ ᠪᠢ ᠢᠯᠳᠦ ᠪᠡᠷ ᠠᠯᠠᠨ᠎ᠠ ᠳᠤᠲᠠᠭᠠᠬᠤ ᠭᠡᠰᠡᠨ ᠴᠤ ᠲᠡᠳᠡ ᠳᠤᠲᠠᠭᠠᠵᠤ ᠳᠡᠢᠯᠬᠦ ᠦᠭᠡᠢ ᠵᠠᠢᠯᠠᠬᠤ ᠭᠡᠰᠡᠨ ᠴᠤ ᠵᠢᠭᠤᠲᠠᠵᠤ ᠴᠢᠳᠠᠬᠤ ᠦᠭᠡᠢ᠃
2 ᠲᠡᠳᠡ ᠦᠬᠦᠭᠰᠡᠳ ᠦᠨ ᠣᠷᠣᠨ ᠤᠷᠤᠭᠤ ᠤᠬᠤᠭᠠᠳ ᠣᠷᠣᠭᠰᠠᠨ ᠴᠤ ᠲᠡᠨᠳᠡ ᠡᠴᠡ ᠮᠢᠨᠦ ᠮᠤᠲᠤᠷ ᠭᠠᠷᠭᠠᠵᠤ ᠠᠪᠤᠨ᠎ᠠ ᠲᠩᠷᠢ ᠥᠭᠡᠳᠡ ᠭᠠᠷᠤᠭᠰᠠᠨ ᠴᠤ ᠲᠡᠨᠳᠡ ᠡᠴᠡ ᠪᠢ ᠪᠠᠭᠤᠯᠭᠠᠨ᠎ᠠ
3 ᠺᠠᠷᠮᠧᠯ ᠤᠨ ᠣᠷᠭᠢᠯ ᠳᠤ ᠨᠢᠭᠤᠭᠳᠠᠭᠰᠠᠨ ᠴᠤ ᠪᠢ ᠬᠠᠢᠭᠠᠳ ᠣᠯᠣᠨ᠎ᠠ ᠬᠠᠷᠠᠴᠠᠨ ᠠᠴᠠ ᠮᠢᠨᠢ ᠵᠠᠢᠯᠠᠬᠤ ᠭᠡᠵᠦ ᠳᠠᠯᠠᠢ ᠶᠢᠨ ᠢᠷᠤᠭᠠᠷ ᠲᠤ ᠳᠠᠯᠳᠠᠯᠠᠭᠰᠠᠨ ᠴᠤ ᠲᠡᠨᠳᠡ ᠪᠢ ᠮᠣᠭᠠᠢ ᠳᠤ ᠲᠤᠰᠢᠶᠠᠵᠤ᠂ ᠲᠡᠳᠡᠨ ᠢ ᠬᠠᠳᠬᠤᠭᠤᠯᠤᠨᠠ᠃
4 ᠣᠯᠵᠠᠯᠠᠭᠳᠠᠭᠠᠳ ᠳᠠᠢᠰᠤᠨ ᠤ ᠪᠠᠨ ᠡᠮᠦᠨ᠎ᠡ ᠶᠠᠪᠤᠭᠰᠠᠨ ᠴᠤ ᠪᠢ ᠢᠯᠳᠦᠨ ᠳᠦ ᠲᠤᠰᠢᠶᠠᠵᠤ᠂ ᠲᠡᠳᠡᠨ ᠢ ᠠᠯᠠᠭᠤᠯᠤᠨᠠ ᠰᠠᠢᠨ ᠪᠤᠰᠤ᠂ ᠰᠠᠭᠠᠷ ᠤᠨ ᠲᠥᠯᠥᠭᠡ ᠪᠢ ᠮᠡᠯᠮᠡᠢ ᠪᠡᠨ ᠲᠡᠳᠡᠨ ᠦ ᠳᠡᠭᠡᠷ᠎ᠡ ᠲᠣᠭᠲᠠᠭᠠᠨ᠎ᠠ᠃
5 ᠠᠤᠭ᠎ᠠ ᠬᠦᠴᠦᠲᠦ ᠡᠵᠡᠨ ᠶᠣᠬᠣᠸᠠ ᠲᠡᠷᠡ ᠪᠡᠷ ᠭᠠᠵᠠᠷ ᠲᠤ ᠬᠦᠷᠪᠡᠯ ᠭᠠᠵᠠᠷ ᠬᠠᠢᠯᠵᠤ ᠭᠠᠵᠠᠷ ᠤᠨ ᠰᠠᠭᠤᠭᠠᠯᠢᠴᠢᠳ ᠪᠦᠭᠦᠳᠡ ᠭᠠᠰᠢᠭᠤᠳᠠᠨ᠎ᠠ ᠪᠦᠬᠦᠢᠯᠡ ᠭᠠᠵᠠᠷ ᠨᠢᠯ ᠰᠢᠭ ᠪᠣᠰᠴᠤ᠂ ᠶᠧᠵᠢᠫᠲ ᠤᠨ ᠮᠥᠷᠡᠨ ᠰᠢᠭ ᠳᠣᠷᠣᠭᠰᠢ ᠰᠠᠭᠤᠨ᠎ᠠ᠂
6 ᠲᠩᠷᠢ ᠳᠡᠭᠡᠷ᠎ᠡ ᠰᠦᠷᠯᠢᠭ ᠣᠷᠳᠣᠨ ᠢᠶᠠᠨ ᠪᠠᠷᠢᠵᠤ ᠳᠡᠯᠡᠬᠡᠢ ᠳᠦ ᠰᠠᠭᠤᠷᠢ ᠶᠢ ᠨᠢ ᠲᠠᠯᠪᠢᠵᠤ ᠳᠠᠯᠠᠢ ᠶᠢᠨ ᠤᠰᠤ ᠶᠢ ᠳᠠᠭᠤᠳᠠᠵᠤ᠂ ᠭᠠᠵᠠᠷ ᠤᠨ ᠭᠠᠳᠠᠷᠭᠤ ᠳᠡᠭᠡᠷ᠎ᠡ ᠠᠰᠬᠠᠭᠴᠢ ᠨᠢᠭᠡᠨ ᠲᠡᠭᠦᠨ ᠦ ᠨᠡᠷ᠎ᠡ ᠪᠣᠯ ᠶᠣᠬᠣᠸᠠ᠃
7 《ᠢᠰᠷᠧᠯᠴᠦᠳ ᠡ ᠲᠠ ᠨᠠᠷ ᠨᠠᠳᠠ ᠳᠤ ᠡᠲ᠋ᠢᠶᠣᠫᠢᠶᠠᠴᠤᠳ ᠲᠠᠢ ᠠᠳᠠᠯᠢ ᠪᠢᠰᠢ ᠭᠡᠵᠢ ᠤᠤ︖》 ᠶᠣᠬᠣᠸᠠ ᠠᠢᠯᠠᠳᠴᠤ ᠪᠠᠢᠨ᠎ᠠ᠂ 《ᠢᠰᠷᠧᠯ ᠢ ᠪᠢ ᠶᠧᠵᠢᠫᠲ ᠡᠴᠡ ᠠᠪᠴᠢᠷᠠᠭᠰᠠᠨ᠂ ᠬᠠᠷᠢᠨ ᠹᠢᠯᠢᠰᠲ᠋ᠴᠦᠳ ᠢ ᠺᠠᠹᠲ᠋ᠣᠷ ᠠᠴᠠ ᠠᠷᠠᠮᠴᠤᠳ ᠢ ᠺᠢᠷ ᠡᠴᠡ ᠠᠪᠴᠢᠷᠠᠭ᠎ᠠ ᠦᠭᠡᠢ ᠭᠡᠵᠢ ᠤᠤ︖
8 ᠬᠠᠷ᠎ᠠ᠂ ᠶᠣᠬᠣᠸᠠ ᠪᠤᠷᠬᠠᠨ ᠤ ᠮᠡᠯᠮᠡᠢ ᠨᠢᠭᠦᠯᠲᠦ ᠬᠠᠭᠠᠨᠴᠢᠯᠠᠯ ᠳᠡᠭᠡᠷ᠎ᠡ ᠪᠠᠢᠳᠠᠭ︕ ᠪᠢ ᠲᠡᠭᠦᠨ ᠢ ᠭᠠᠵᠠᠷ ᠤᠨ ᠭᠠᠳᠠᠷᠭᠤ ᠠᠴᠠ ᠤᠰᠠᠳᠬᠠᠨ᠎ᠠ ᠭᠡᠪᠡᠴᠦ ᠪᠢ ᠶᠠᠺᠣᠪ ᠤᠨ ᠭᠡᠷ ᠢ ᠪᠦᠷᠢᠮᠦᠰᠦᠨ ᠤᠰᠠᠳᠬᠠᠬᠤ ᠪᠢᠰᠢ᠂》 ᠶᠣᠬᠣᠸᠠ ᠠᠢᠯᠠᠳᠴᠤ ᠪᠠᠢᠨ᠎ᠠ᠃
9 《ᠬᠠᠷ᠎ᠠ᠂ ᠪᠢ ᠲᠤᠰᠢᠶᠠᠵᠤ ᠪᠠᠢᠨ᠎ᠠ ᠰᠢᠭᠰᠢᠭᠦᠷ ᠢᠶᠡᠷ ᠰᠢᠭᠰᠢᠬᠦ ᠮᠡᠲᠦ ᠪᠢ ᠢᠰᠷᠧᠯ ᠤᠨ ᠭᠡᠷ ᠢ ᠪᠦᠬᠦ ᠦᠨᠳᠦᠰᠦᠲᠡᠨ ᠢᠶᠡᠷ ᠰᠢᠭᠰᠢᠭᠦᠯᠦᠨᠡ ᠭᠡᠪᠡᠴᠦ ᠭᠠᠭᠴᠠ ᠴᠤ ᠮᠥᠬᠥᠯᠢᠭ ᠭᠠᠵᠠᠷ ᠲᠤ ᠤᠨᠠᠬᠤ ᠦᠭᠡᠢ᠃
10 ᠠᠷᠠᠳ ᠲᠦᠮᠡᠨ ᠦ ᠮᠢᠨᠢ ᠳᠣᠲᠣᠷᠠᠬᠢ ᠠᠯᠢᠪᠠ ᠨᠢᠭᠦᠯᠲᠡᠨ᠄ 〈ᠭᠠᠢ ᠣᠢᠷᠠᠲᠤᠬᠤ ᠦᠭᠡᠢ᠂ ᠪᠢᠳᠡᠨ ᠳᠦ ᠤᠴᠠᠷᠠᠬᠤ ᠦᠭᠡᠢ〉 ᠭᠡᠭᠴᠢᠳ ᠪᠦᠭᠦᠳᠡ ᠢᠯᠳᠦᠨ ᠳᠦ ᠰᠥᠨᠥᠨ᠎ᠡ᠃
ᠢᠷᠡᠭᠡᠳᠦᠢ ᠶᠢᠨ ᠰᠡᠷᠭᠦᠯᠲᠡ
11 ᠲᠡᠷᠡ ᠡᠳᠦᠷ ᠪᠢ ᠳ᠋ᠠᠸᠢᠳ᠋ ᠤᠨ ᠨᠤᠷᠠᠭᠰᠠᠨ ᠮᠠᠢᠬᠠᠨ ᠢ ᠪᠣᠰᠬᠠᠨ᠎ᠠ ᠴᠥᠮᠥᠷᠬᠡᠢ ᠶᠢ ᠨᠢ ᠪᠥᠭᠯᠡᠨ ᠰᠦᠢᠷᠡᠭᠰᠡᠨ ᠢ ᠨᠢ ᠪᠣᠰᠬᠠᠵᠤ ᠤᠷᠢᠳᠤ ᠶᠢᠨ ᠡᠳᠦᠷ ᠤᠳ ᠤᠨ ᠬᠢᠨᠢ ᠰᠢᠭ ᠲᠡᠭᠦᠨ ᠢ ᠪᠠᠷᠢᠨ᠎ᠠ᠃
12 ᠢᠩᠭᠢᠭᠡᠳ ᠲᠡᠳᠡ ᠡᠳᠣᠮ ᠤᠨ ᠦᠯᠡᠳᠡᠭᠰᠡᠳ ᠢ᠂ ᠮᠥᠨ ᠮᠢᠨᠦ ᠨᠡᠷ᠎ᠡ ᠪᠡᠷ ᠳᠠᠭᠤᠳᠠᠭᠳᠠᠬᠤ ᠪᠦᠬᠦ ᠦᠨᠳᠦᠰᠦᠲᠡᠨ ᠢ ᠥᠮᠴᠢᠯᠡᠬᠦ ᠪᠣᠯᠣᠨ᠎ᠠ᠃》 ᠡᠳᠡᠭᠡᠷ ᠢ ᠦᠢᠯᠡᠳᠬᠦ ᠨᠢᠭᠡᠨ᠂ ᠶᠣᠬᠣᠸᠠ ᠠᠢᠯᠠᠳᠴᠤ ᠪᠠᠢᠨ᠎ᠠ᠃
13 ᠬᠠᠷ᠎ᠠ᠂ ᠲᠡᠷᠡ ᠡᠳᠦᠷ ᠤᠳ ᠢᠷᠡᠵᠦ ᠪᠠᠢᠨ᠎ᠠ ᠶᠣᠬᠣᠸᠠ ᠠᠢᠯᠠᠳᠴᠤ ᠪᠠᠢᠨ᠎ᠠ᠂ ᠭᠠᠵᠠᠷ ᠬᠠᠭᠠᠯᠤᠭᠴᠢ ᠨᠢ ᠤᠷᠭᠤᠴᠠ ᠬᠤᠷᠢᠶᠠᠭᠴᠢ ᠶᠢᠨ ᠠᠷᠤ ᠠᠴᠠ ᠦᠵᠦᠮ ᠭᠢᠰᠬᠢᠭ᠍ᠴᠢ ᠨᠢ ᠦᠷ᠎ᠡ ᠲᠠᠷᠢᠭᠴᠢ ᠶᠢᠨ ᠠᠷᠤ ᠠᠴᠠ ᠭᠦᠢᠴᠡᠨ᠎ᠡ ᠠᠭᠤᠯᠠᠰ ᠠᠮᠲᠠᠲᠤ ᠳᠠᠷᠠᠰᠤ ᠳᠤᠰᠤᠯᠤᠭᠤᠯᠵᠤ ᠲᠣᠯᠣᠭᠠᠳ ᠪᠦᠭᠦᠳᠡ ᠲᠡᠭᠦᠨ ᠢ ᠤᠷᠤᠰᠬᠠᠬᠤ ᠪᠣᠯᠣᠨ᠎ᠠ᠃
14 ᠪᠢ ᠠᠷᠠᠳ ᠲᠦᠮᠡᠨ ᠢᠰᠷᠧᠯ ᠢᠶᠠᠨ ᠴᠥᠯᠡᠯᠭᠡ ᠡᠴᠡ ᠪᠤᠴᠠᠭᠠᠵᠤ ᠲᠡᠳᠡ ᠨᠤᠷᠠᠩ᠋ᠬᠠᠢ ᠬᠣᠲᠠ ᠨᠤᠭᠤᠳ ᠢ ᠪᠣᠰᠬᠠᠨ ᠲᠡᠨᠳᠡ ᠰᠠᠭᠤᠬᠤ ᠪᠣᠯᠣᠨ᠎ᠠ ᠲᠡᠳᠡ ᠦᠵᠦᠮ ᠦᠨ ᠬᠦᠷᠢᠶᠡᠯᠡᠩ ᠪᠠᠢᠭᠤᠯᠵᠤ ᠳᠠᠷᠠᠰᠤ ᠶᠢ ᠨᠢ ᠤᠤᠭᠤᠨ᠎ᠠ ᠴᠡᠴᠡᠷᠯᠢᠭ ᠪᠠᠢᠭᠤᠯᠵᠤ᠂ ᠵᠢᠮᠢᠰ ᠢ ᠨᠢ ᠢᠳᠡᠬᠦ ᠪᠣᠯᠣᠨ᠎ᠠ᠃
15 ᠪᠢ ᠪᠠᠰᠠ ᠲᠡᠳᠡᠨ ᠢ ᠭᠠᠵᠠᠷ ᠳᠡᠭᠡᠷ᠎ᠡ ᠨᠢ ᠲᠠᠷᠢᠵᠤ ᠮᠢᠨᠦ ᠥᠭᠭᠥᠭᠰᠡᠨ ᠭᠠᠵᠠᠷ ᠠᠴᠠ ᠲᠡᠳᠡ ᠳᠠᠬᠢᠨ ᠦᠭᠲᠡᠭᠡᠭᠳᠡᠬᠦ ᠦᠭᠡᠢ᠂》 ᠴᠢᠨᠦ ᠪᠤᠷᠬᠠᠨ ᠶᠣᠬᠣᠸᠠ ᠠᠢᠯᠠᠳᠴᠤ ᠪᠠᠢᠨ᠎ᠠ᠃