ᠠᠮᠣᠰ ᠳᠥᠷᠪᠡ
1 ᠰᠠᠮᠠᠷᠢᠶ᠎ᠠ ᠶᠢᠨ ᠠᠭᠤᠯᠠᠨ ᠳᠡᠭᠡᠷᠡᠬᠢ ᠪᠠᠱᠠᠨ ᠤ ᠦᠨᠢᠶᠡᠳ ᠡ᠂ ᠡᠨᠡ ᠦᠭᠡ ᠶᠢ ᠰᠣᠨᠣᠰ᠂ ᠲᠠ ᠨᠠᠷ ᠡᠷ᠎ᠡ ᠨᠥᠬᠥᠷ ᠲᠡᠭᠡᠨ᠄ 《ᠠᠷᠢᠬᠢ ᠠᠪᠴᠢᠷᠠ᠂ ᠬᠠᠮᠲᠤ ᠤᠤᠭᠤᠵᠠᠭᠠᠶ᠎ᠠ》 ᠭᠡᠵᠦ ᠪᠠᠰᠠ ᠶᠠᠳᠠᠭᠤ ᠶᠢ ᠳᠠᠷᠤᠯᠠᠵᠤ᠂ ᠦᠭᠡᠭᠦᠦ ᠶᠢ ᠬᠠᠪᠴᠢᠵᠤ ᠪᠠᠢᠨ᠎ᠠ
2 ᠡᠵᠡᠨ ᠶᠣᠬᠣᠸᠠ ᠠᠷᠢᠭᠤᠨ ᠢᠶᠠᠷ ᠢᠶᠠᠨ ᠲᠠᠩ᠋ᠭᠠᠷᠢᠭᠯᠠᠭᠰᠠᠨ ᠬᠠᠷ᠎ᠠ᠂ ᠲᠡᠷᠡ ᠴᠠᠭ ᠲᠠ ᠨᠠᠷ ᠳᠡᠭᠡᠷ᠎ᠡ ᠢᠷᠡᠵᠦ ᠪᠠᠢᠨ᠎ᠠ ᠲᠠ ᠨᠠᠷ ᠢ ᠳᠡᠭᠡᠭᠡ ᠪᠡᠷ ᠰᠡᠭᠦᠯᠴᠢ ᠶᠢᠨ ᠬᠢ ᠶᠢ ᠴᠢᠨᠢ ᠵᠢᠭᠠᠰᠤᠨ ᠤ ᠳᠡᠭᠡᠭᠡ ᠪᠡᠷ ᠠᠪᠠᠴᠢᠬᠤ ᠪᠣᠯᠣᠨ᠎ᠠ᠂
3 ᠡᠮᠡᠭᠲᠡᠢᠴᠦᠳ ᠲᠠ ᠨᠠᠷ ᠨᠢᠭᠡ ᠨᠢᠭᠡ ᠪᠡᠷ ᠢᠶᠠᠨ ᠬᠡᠷᠡᠮ ᠦᠨ ᠰᠡᠲᠡᠷᠬᠡᠢ ᠪᠠᠷ ᠤᠷᠤᠭᠰᠢ ᠪᠠᠨ ᠭᠠᠷᠤᠨ᠎ᠠ ᠲᠡᠭᠡᠭᠡᠳ ᠬᠠᠷᠮᠣᠨ ᠲᠡᠰᠢ ᠰᠢᠳᠡᠭᠳᠡᠬᠦ ᠪᠣᠯᠣᠨ᠎ᠠ᠂ ᠶᠣᠬᠣᠸᠠ ᠠᠢᠯᠠᠳᠴᠤ ᠪᠠᠢᠨ᠎ᠠ᠃
ᠢᠰᠷᠧᠯ ᠪᠤᠷᠬᠠᠨ ᠤᠷᠤᠭᠤ ᠪᠠᠨ ᠡᠷᠭᠢᠬᠦ ᠦᠭᠡᠢ
4 ᠲᠠ ᠨᠠᠷ ᠪᠧᠲ᠋ᠧᠯ ᠤᠷᠤᠭᠤ ᠣᠴᠢᠵᠤ ᠨᠢᠭᠦᠯ ᠦᠢᠯᠡᠳ ᠭᠢᠯᠭᠠᠯ ᠳᠤ ᠣᠴᠢᠵᠤ ᠢᠯᠡᠭᠦᠦ ᠨᠢᠭᠦᠯ ᠦᠢᠯᠡᠳ︕ ᠥᠷᠯᠥᠭᠡ ᠪᠦᠷᠢ ᠲᠠᠬᠢᠯ ᠢᠶᠠᠨ ᠭᠤᠷᠪᠠ ᠬᠣᠨᠣᠭ ᠪᠦᠷᠢ ᠳᠤ ᠠᠷᠪᠠᠨ ᠤ ᠨᠢᠭᠡ ᠪᠡᠨ ᠠᠪᠴᠢᠷᠠ᠂
5 ᠲᠠᠯᠠᠷᠬᠠᠯ ᠤᠨ ᠲᠠᠬᠢᠯ ᠳᠠᠭᠠᠨ ᠢᠰᠭᠡᠭᠰᠡᠨ ᠪᠣᠣᠪᠣ ᠡᠷᠭᠦ ᠰᠠᠢᠨ ᠳᠤᠷ᠎ᠠ ᠶᠢᠨ ᠡᠷᠭᠦᠯ ᠤᠳ ᠢᠶᠠᠨ ᠵᠠᠷᠯᠠᠨ᠂ ᠣᠯᠠᠨ ᠳᠤ ᠰᠣᠨᠣᠰᠬ᠎ᠠ ᠢᠩᠭᠢᠬᠦ ᠳᠤᠷᠠᠲᠠᠢ ᠪᠢᠰᠢ ᠤᠤ︖ ᠢᠰᠷᠧᠯᠴᠦᠳ ᠡ᠂ ᠡᠵᠡᠨ ᠶᠣᠬᠣᠸᠠ ᠠᠢᠯᠠᠳᠴᠤ ᠪᠠᠢᠨ᠎ᠠ᠃
6 《ᠪᠢ ᠬᠣᠲᠠ ᠪᠣᠯᠭᠠᠨ ᠳᠤ ᠰᠢᠳᠦ ᠶᠢ ᠴᠢᠨᠢ ᠴᠡᠪᠡᠷ ᠪᠠᠢᠯᠭᠠᠨ ᠭᠠᠵᠠᠷ ᠪᠣᠯᠭᠠᠨ ᠳᠤ ᠴᠢᠨᠢ ᠬᠦᠨᠡᠰᠦ ᠳᠤᠲᠠᠭᠤᠯᠤᠭᠰᠠᠨ ᠬᠠᠷᠢᠨ ᠲᠠ ᠨᠠᠷ ᠨᠠᠳᠠ ᠤᠷᠤᠭᠤ ᠡᠰᠡ ᠡᠷᠭᠢᠪᠡ ᠶᠣᠬᠣᠸᠠ ᠠᠢᠯᠠᠳᠴᠤ ᠪᠠᠢᠨ᠎ᠠ᠃
7 ᠬᠤᠷᠢᠶᠠᠯᠲᠠ ᠠᠴᠠ ᠭᠤᠷᠪᠠᠨ ᠰᠠᠷ᠎ᠠ ᠶᠢᠨ ᠡᠮᠦᠨ᠎ᠡ ᠪᠢ ᠲᠠ ᠨᠠᠷ ᠠᠴᠠ ᠪᠣᠷᠣᠭᠠᠨ ᠢᠶᠠᠨ ᠲᠠᠲᠠᠨ ᠨᠢᠭᠡ ᠬᠣᠲᠠ ᠳᠤᠨᠢ ᠪᠣᠷᠣᠭ᠎ᠠ ᠣᠷᠣᠭᠤᠯᠵᠤ᠂ ᠨᠥᠭᠥᠭᠡ ᠬᠣᠲᠠ ᠳᠤᠨᠢ ᠦᠯᠦ ᠣᠷᠣᠭᠤᠯᠤᠭᠰᠠᠨ ᠨᠢᠭᠡ ᠲᠠᠯᠠᠪᠠᠢ ᠳᠤᠨᠢ ᠪᠣᠷᠣᠭᠠᠨ ᠲᠠᠢ᠂ ᠨᠥᠭᠥᠭᠡ ᠳᠦᠨᠢ ᠪᠣᠷᠣᠭᠠᠨ ᠦᠭᠡᠢ ᠭᠠᠩᠳᠠᠭᠰᠠᠨ
8 ᠬᠣᠶᠠᠷ ᠭᠤᠷᠪᠠᠨ ᠬᠣᠲᠠ ᠶᠢᠨ ᠬᠢᠨ ᠤᠰᠤ ᠤᠤᠭᠤᠬᠤ ᠪᠠᠷ ᠲᠣᠰᠬᠣᠨ ᠤᠷᠤᠭᠤ ᠬᠡᠯᠲᠦᠷᠢᠨ ᠶᠠᠪᠤᠭᠰᠠᠨ ᠴᠤ ᠴᠠᠩ᠋ᠭᠠᠭ᠎ᠠ ᠪᠠᠨ ᠲᠠᠢᠯᠵᠤ ᠴᠢᠳᠠᠭᠰᠠᠨ ᠦᠭᠡᠢ᠂ ᠬᠠᠷᠢᠨ ᠲᠠ ᠨᠠᠷ ᠨᠠᠳᠠ ᠤᠷᠤᠭᠤ ᠡᠰᠡ ᠡᠷᠭᠢᠪᠡ ᠶᠣᠬᠣᠸᠠ ᠠᠢᠯᠠᠳᠴᠤ ᠪᠠᠢᠨ᠎ᠠ᠃
9 ᠪᠢ ᠲᠠ ᠨᠠᠷ ᠢ ᠭᠠᠩ ᠤᠨ ᠰᠠᠯᠬᠢ᠂ ᠬᠥᠭᠡᠴᠦ ᠪᠡᠷ ᠴᠣᠬᠢᠵᠤ ᠴᠡᠴᠡᠷᠯᠢᠭ᠂ ᠦᠵᠦᠮ ᠦᠨ ᠲᠠᠯᠠᠪᠠᠢ᠂ ᠢᠨᠵᠢᠷ ᠤᠨ ᠮᠣᠳᠣ᠂ ᠴᠢᠳᠦᠨ ᠮᠣᠳᠣ ᠶᠢ ᠴᠢᠨᠢ ᠴᠠᠷᠴᠠᠬᠠᠢ ᠪᠠᠷ ᠴᠥᠯᠮᠥᠭᠦᠯᠦᠭᠰᠡᠨ ᠬᠠᠷᠢᠨ ᠲᠠ ᠨᠠᠷ ᠨᠠᠳᠠ ᠤᠷᠤᠭᠤ ᠡᠰᠡ ᠡᠷᠭᠢᠪᠡ ᠶᠣᠬᠣᠸᠠ ᠠᠢᠯᠠᠳᠴᠤ ᠪᠠᠢᠨ᠎ᠠ᠃
10 ᠶᠧᠵᠢᠫᠲ ᠲᠤ ᠦᠢᠯᠡᠳᠦᠭᠰᠡᠨ ᠰᠢᠭ ᠢᠶᠠᠨ ᠪᠢ ᠲᠠ ᠨᠠᠷ ᠤᠨ ᠳᠤᠮᠳᠠ ᠲᠠᠬᠤᠯ ᠢᠯᠡᠭᠡᠭᠰᠡᠨ ᠢᠳᠡᠷ ᠵᠠᠯᠠᠭᠤᠰ ᠢ ᠴᠢᠨᠢ ᠢᠯᠳᠦ ᠪᠡᠷ ᠰᠥᠨᠥᠭᠡᠵᠦ᠂ ᠮᠣᠷᠢᠳ ᠢ ᠴᠢᠨᠢ ᠣᠯᠵᠠᠯᠠᠭᠰᠠᠨ ᠬᠤᠸᠠᠷᠠᠨ ᠤ ᠴᠢᠨᠢ ᠥᠮᠡᠬᠡᠢ ᠶᠢ ᠪᠢ ᠬᠠᠮᠠᠷ ᠲᠤ ᠴᠢᠨᠢ ᠲᠤᠯᠭᠠᠭᠰᠠᠨ ᠬᠠᠷᠢᠨ ᠲᠠ ᠨᠠᠷ ᠨᠠᠳᠠ ᠤᠷᠤᠭᠤ ᠡᠰᠡ ᠡᠷᠭᠢᠪᠡ ᠶᠣᠬᠣᠸᠠ ᠠᠢᠯᠠᠳᠴᠤ ᠪᠠᠢᠨ᠎ᠠ᠃
11 ᠪᠢ ᠰᠣᠳᠣᠮ᠂ ᠭᠣᠮᠣᠷᠠ ᠶᠢ ᠬᠥᠮᠥᠷᠢᠭᠰᠡᠨ ᠰᠢᠭ ᠢᠶᠠᠨ ᠲᠠ ᠨᠠᠷ ᠢ ᠬᠥᠮᠥᠷᠢᠵᠦ ᠲᠠ ᠨᠠᠷ ᠭᠠᠯ ᠠᠴᠠ ᠭᠠᠷᠭᠠᠭᠰᠠᠨ ᠲᠦᠯᠡᠭᠡ ᠮᠡᠲᠦ ᠪᠣᠯᠣᠭᠰᠠᠨ ᠬᠠᠷᠢᠨ ᠲᠠ ᠨᠠᠷ ᠨᠠᠳᠠ ᠤᠷᠤᠭᠤ ᠡᠰᠡ ᠡᠷᠭᠢᠪᠡ ᠶᠣᠬᠣᠸᠠ ᠠᠢᠯᠠᠳᠴᠤ ᠪᠠᠢᠨ᠎ᠠ᠃
12 ᠡᠢᠮᠦ ᠡᠴᠡ ᠪᠢ ᠴᠢᠮ᠎ᠠ ᠳᠤ ᠡᠢᠨ ᠬᠦ ᠦᠢᠯᠡᠳᠦᠨ᠎ᠡ᠂ ᠢᠰᠷᠧᠯ ᠡ ᠪᠢ ᠴᠢᠮ᠎ᠠ ᠳᠤ ᠡᠢᠨ ᠬᠦ ᠦᠢᠯᠡᠳᠦᠨ᠎ᠡ ᠪᠤᠷᠬᠠᠨ ᠲᠠᠢ ᠪᠠᠨ ᠠᠭᠤᠯᠵᠠᠬᠤ ᠪᠠᠷ ᠪᠡᠯᠡᠳᠬᠡᠭᠲᠦᠨ᠂ ᠢᠰᠷᠧᠯ ᠡ᠃
13 ᠠᠩ᠋ᠬᠠᠷᠤᠭᠲᠤᠨ᠂ ᠠᠭᠤᠯᠠᠰ ᠢ ᠤᠷᠠᠯᠠᠭᠴᠢ᠂ ᠰᠠᠯᠬᠢ ᠶᠢ ᠡᠭᠦᠰᠭᠡᠭᠴᠢ ᠥᠪᠡᠷ ᠦᠨ ᠢᠶᠠᠨ ᠰᠠᠨᠠᠭ᠎ᠠ ᠶᠢ ᠬᠥᠮᠦᠨ ᠳᠦ ᠢᠯᠡᠷᠬᠡᠶᠢᠯᠡᠭᠴᠢ ᠦᠷ ᠢ ᠬᠠᠷᠠᠩ᠋ᠭᠤᠢ ᠪᠣᠯᠭᠠᠭᠴᠢ ᠭᠠᠵᠠᠷ ᠤᠨ ᠥᠨᠳᠥᠷᠯᠢᠭ ᠤᠳ ᠢᠶᠠᠷ ᠠᠯᠬᠤᠯᠠᠭᠴᠢ ᠨᠢᠭᠡᠨ ᠲᠡᠭᠦᠨ ᠦ ᠨᠡᠷ᠎ᠡ ᠪᠣᠯ ᠠᠤᠭ᠎ᠠ ᠬᠦᠴᠦᠲᠦ ᠶᠣᠬᠣᠸᠠ ᠪᠤᠷᠬᠠᠨ ᠶᠤᠮ᠃