ᠠᠮᠣᠰ ᠳᠣᠯᠣᠭ᠎ᠠ
ᠡᠰᠢ ᠦᠵᠡᠭᠦᠯᠦᠯᠭᠡ ᠬᠢᠭᠡᠳ ᠭᠤᠶᠤᠯᠲᠠ
1 ᠡᠵᠡᠨ ᠶᠣᠬᠣᠸᠠ ᠨᠠᠳᠠ ᠳᠤ ᠳᠠᠷᠠᠭᠠᠬᠢ ᠵᠦᠢᠯᠡᠰ ᠢ ᠦᠵᠡᠭᠦᠯᠪᠡ᠄ ᠬᠠᠷ᠎ᠠ᠂ ᠬᠠᠭᠠᠨ ᠡᠪᠡᠰᠦ ᠶᠢ ᠬᠠᠳᠤᠭᠰᠠᠨ ᠪᠠ ᠡᠪᠡᠰᠦ ᠳᠥᠩᠭᠡᠵᠢ ᠰᠣᠶᠣᠭᠠᠯᠠᠵᠤ ᠪᠠᠢᠬᠤ ᠳᠤ᠂ ᠶᠣᠬᠣᠸᠠ ᠴᠠᠷᠴᠠᠬᠠᠢ ᠶᠢᠨ ᠰᠦᠷᠦᠭ ᠢ ᠪᠦᠷᠢᠯᠳᠦᠭᠦᠯᠵᠦ ᠪᠠᠢᠯ᠎ᠠ᠃ 2 ᠴᠠᠷᠴᠠᠬᠠᠢ ᠨᠤᠭᠤᠳ ᠭᠠᠵᠠᠷ ᠤᠨ ᠡᠪᠡᠰᠦ ᠶᠢ ᠢᠳᠡᠵᠦ ᠳᠠᠭᠤᠰᠬᠤ ᠳᠤ᠂ ᠪᠢ᠄ 《ᠡᠵᠡᠨ ᠶᠣᠬᠣᠸᠠ ᠡ᠂ ᠥᠷᠥᠰᠢᠶᠡᠭᠡᠴᠢ︕ ᠶᠠᠺᠣᠪ ᠥᠴᠦᠬᠡᠨ᠂ ᠲᠡᠷᠡ ᠬᠡᠷᠬᠢᠨ ᠳᠠᠭᠠᠭᠠᠵᠤ ᠴᠢᠳᠠᠬᠤ ᠪᠢᠯᠡ︖》 ᠭᠡᠰᠡᠨ ᠳᠦ᠂ 3 ᠶᠣᠬᠣᠸᠠ ᠵᠥᠭᠡᠯᠡᠷᠡᠵᠦ᠄ 《ᠡᠨᠡ ᠵᠦᠢᠯ ᠲᠣᠬᠢᠶᠠᠯᠳᠤᠬᠤ ᠦᠭᠡᠢ》 ᠭᠡᠪᠡ᠃
4 ᠡᠵᠡᠨ ᠶᠣᠬᠣᠸᠠ ᠨᠠᠳᠠ ᠳᠤ ᠳᠠᠷᠠᠭᠠᠬᠢ ᠵᠦᠢᠯᠡᠰ ᠢ ᠦᠵᠡᠭᠦᠯᠪᠡ᠄ ᠬᠠᠷ᠎ᠠ᠂ ᠡᠵᠡᠨ ᠶᠣᠬᠣᠸᠠ ᠰᠢᠭᠦᠯᠲᠡ ᠳᠡᠭᠡᠷ᠎ᠡ ᠭᠠᠯ ᠢ ᠳᠠᠭᠤᠳᠠᠵᠤ ᠪᠠᠢᠪᠠ᠃ ᠲᠡᠷᠡ ᠭᠠᠯ ᠭᠦᠨ ᠬᠥᠪ ᠢ ᠵᠠᠯᠭᠢᠭᠠᠳ᠂ ᠬᠠᠭᠤᠷᠠᠢ ᠭᠠᠵᠠᠷ ᠢ ᠴᠤ ᠵᠠᠯᠭᠢᠵᠤ ᠪᠠᠢᠬᠤ ᠳᠤ᠂ 5 ᠪᠢ᠄ 《ᠡᠵᠡᠨ ᠶᠣᠬᠣᠸᠠ ᠡ᠂ ᠥᠷᠥᠰᠢᠶᠡᠭᠡᠴᠢ︕ ᠶᠠᠺᠣᠪ ᠵᠢᠭᠠᠬᠠᠨ᠂ ᠲᠡᠷᠡ ᠬᠡᠷᠬᠢᠨ ᠵᠣᠭᠰᠣᠵᠤ ᠴᠢᠳᠠᠬᠤ ᠪᠢᠯᠡ︖》 ᠭᠡᠰᠡᠨ ᠳᠦ᠂ 6 ᠶᠣᠬᠣᠸᠠ ᠵᠥᠭᠡᠯᠡᠷᠡᠵᠦ᠄ 《ᠡᠨᠡ ᠵᠦᠢᠯ ᠴᠤ ᠲᠣᠬᠢᠶᠠᠯᠳᠤᠬᠤ ᠦᠭᠡᠢ》 ᠭᠡᠪᠡ᠃
7 ᠲᠡᠷᠡ ᠨᠠᠳᠠ ᠳᠤ ᠳᠠᠷᠠᠭᠠᠬᠢ ᠵᠦᠢᠯᠡᠰ ᠢ ᠦᠵᠡᠭᠦᠯᠪᠡ᠄ ᠬᠠᠷ᠎ᠠ᠂ ᠡᠵᠡᠨ ᠡᠭᠴᠡᠯᠡᠭᠦᠷ ᠢᠶᠡᠷ ᠪᠣᠰᠬᠠᠭᠰᠠᠨ ᠬᠡᠷᠡᠮ ᠳᠡᠭᠡᠷ᠎ᠡ ᠡᠭᠴᠡᠯᠡᠭᠦᠷ ᠪᠠᠷᠢᠨ ᠵᠣᠭᠰᠣᠵᠤ ᠪᠠᠢᠯ᠎ᠠ᠃ 8 ᠶᠣᠬᠣᠸᠠ ᠨᠠᠳᠠ ᠳᠤ᠄ 《ᠠᠮᠣᠰ ᠡ᠂ ᠴᠢ ᠶᠠᠭᠤ ᠬᠠᠷᠠᠵᠤ ᠪᠠᠢᠨ᠎ᠠ︖》 ᠭᠡᠬᠦ ᠳᠦ᠂ ᠪᠢ᠄ 《ᠡᠭᠴᠡᠯᠡᠭᠦᠷ》 ᠭᠡᠰᠡᠨ ᠳᠦ᠂ ᠡᠵᠡᠨ᠄ 《ᠬᠠᠷ᠎ᠠ᠂ ᠪᠢ ᠠᠷᠠᠳ ᠲᠦᠮᠡᠨ ᠢᠰᠷᠧᠯ ᠤᠨ ᠢᠶᠠᠨ ᠳᠤᠮᠳᠠ ᠡᠭᠴᠡᠯᠡᠭᠦᠷ ᠲᠠᠯᠪᠢᠬᠤ ᠭᠡᠵᠦ ᠪᠠᠢᠨ᠎ᠠ ᠪᠢ ᠲᠡᠳᠡᠨ ᠢ ᠳᠠᠬᠢᠨ ᠬᠡᠯᠲᠦᠷᠢᠭᠦᠯᠬᠦ ᠦᠭᠡᠢ᠃
9 ᠢᠰᠠᠺ ᠤᠨ ᠮᠥᠷᠭᠥᠯ ᠦᠨ ᠥᠨᠳᠥᠷᠯᠢᠭ ᠤᠳ ᠬᠣᠭᠣᠰᠣᠷᠠᠵᠤ ᠢᠰᠷᠧᠯ ᠤᠨ ᠠᠷᠢᠭᠤᠨ ᠭᠠᠵᠠᠷ ᠤᠳ ᠰᠦᠢᠷᠡᠨ᠎ᠡ ᠶᠧᠷᠣᠪᠣᠶᠠᠮ ᠤᠨ ᠭᠡᠷ ᠦᠨ ᠡᠰᠡᠷᠭᠦ ᠪᠢ ᠢᠯᠳᠦ ᠪᠠᠷᠢᠨ ᠪᠣᠰᠬᠤ ᠪᠣᠯᠣᠨ᠎ᠠ》 ᠭᠡᠪᠡ᠃
ᠲᠤᠱᠠ ᠪᠣᠯᠣᠭᠴᠢ
10 ᠪᠧᠲ᠋ᠧᠯ ᠤᠨ ᠲᠠᠬᠢᠯᠴᠢ ᠠᠮᠠᠽᠢᠶ᠎ᠠ ᠢᠰᠷᠧᠯ ᠤᠨ ᠬᠠᠭᠠᠨ ᠶᠧᠷᠣᠪᠣᠶᠠᠮ ᠳᠤ ᠦᠭᠡ ᠢᠯᠡᠭᠡᠨ᠄ 《ᠢᠰᠷᠧᠯ ᠤᠨ ᠭᠡᠷ ᠦᠨ ᠲᠥᠪ ᠲᠤ ᠠᠮᠣᠰ ᠲᠠᠨ ᠤ ᠡᠰᠡᠷᠭᠦ ᠬᠤᠤᠪᠢᠯᠳᠤᠵᠤ ᠪᠠᠢᠨ᠎ᠠ᠃ ᠲᠡᠭᠦᠨ ᠦ ᠦᠭᠡ ᠪᠦᠷᠢ ᠶᠢ ᠡᠨᠡ ᠨᠤᠲᠤᠭ ᠤᠨ ᠬᠢᠨ ᠳᠠᠭᠠᠭᠠᠵᠤ ᠶᠠᠳᠠᠨ᠎ᠠ᠃ 11 ᠠᠮᠣᠰ᠄ 〈ᠶᠧᠷᠣᠪᠣᠶᠠᠮ ᠢᠯᠳᠦᠨ ᠳᠦ ᠠᠯᠠᠭᠳᠠᠨ᠎ᠠ᠂ ᠢᠰᠷᠧᠯ ᠭᠠᠷᠴᠠᠭ᠎ᠠ ᠦᠭᠡᠢ ᠨᠤᠲᠤᠭ ᠠᠴᠠ ᠪᠠᠨ ᠴᠥᠯᠡᠭᠳᠡᠨ᠎ᠡ〉 ᠭᠡᠵᠦ ᠪᠠᠢᠨ᠎ᠠ》 ᠭᠡᠰᠡᠨ ᠪᠠᠢᠪᠠ᠃ 12 ᠠᠮᠠᠽᠢᠶ᠎ᠠ ᠠᠮᠣᠰ ᠲᠤ᠄ 《ᠦᠵᠡᠮᠦᠷᠢᠴᠢ ᠡ᠂ ᠲᠣᠨᠢᠯ᠂ ᠶᠦᠳᠠ ᠶᠢᠨ ᠨᠤᠲᠤᠭ ᠤᠷᠤᠭᠤ ᠪᠠᠨ ᠶᠠᠪᠤ᠂ ᠲᠡᠨᠳᠡ ᠪᠡᠨ ᠥᠯ ᠵᠠᠯᠭᠠᠨ᠂ ᠲᠡᠨᠳᠡ ᠪᠡᠨ ᠯᠠ ᠡᠰᠢ ᠦᠵᠡᠭᠦᠯ︕ 13 ᠬᠠᠷᠢᠨ ᠪᠧᠲ᠋ᠧᠯ ᠳᠤ ᠪᠦᠦ ᠡᠰᠢ ᠦᠵᠡᠭᠦᠯ᠃ ᠬᠠᠭᠠᠨ ᠤ ᠠᠷᠢᠭᠤᠨ ᠭᠠᠵᠠᠷ᠂ ᠬᠠᠭᠠᠨᠴᠢᠯᠠᠯ ᠤᠨ ᠥᠷᠭᠥᠭᠡ ᠡ᠊ᠨᠳᠡ ᠪᠤᠢ》 ᠭᠡᠯᠡ᠃ 14 ᠠᠮᠣᠰ ᠠᠮᠠᠽᠢᠶ᠎ᠠ ᠳᠤ ᠬᠠᠷᠢᠭᠤᠯᠤᠨ᠄ 《ᠪᠢ ᠡᠰᠢ ᠦᠵᠡᠭᠦᠯᠦᠭᠴᠢ ᠪᠢᠰᠢ᠂ ᠡᠰᠢ ᠦᠵᠡᠭᠦᠯᠦᠭᠴᠢ ᠶᠢᠨ ᠬᠥᠪᠡᠭᠦᠨ ᠴᠤ ᠪᠢᠰᠢ᠂ ᠮᠠᠯᠴᠢᠨ᠂ ᠢᠨᠵᠢᠷ ᠤᠨ ᠮᠣᠳᠣ ᠠᠷᠠᠴᠢᠯᠠᠭᠴᠢ ᠪᠠᠢᠭᠰᠠᠨ᠃ 15 ᠬᠠᠷᠢᠨ ᠶᠣᠬᠣᠸᠠ ᠨᠠᠮᠠᠶᠢ ᠰᠦᠷᠦᠭ ᠦᠨ ᠠᠷᠤ ᠠᠴᠠ ᠠᠪᠴᠤ᠄ 〈ᠮᠢᠨᠦ ᠠᠷᠠᠳ ᠲᠦᠮᠡᠨ ᠢᠰᠷᠧᠯ ᠳᠤ ᠣᠴᠢᠵᠤ ᠡᠰᠢ ᠦᠵᠡᠭᠦᠯ〉 ᠭᠡᠰᠡᠨ ᠶᠤᠮ᠃ 16 ᠣᠳᠣ ᠴᠢ ᠶᠣᠬᠣᠸᠠ ᠶᠢᠨ ᠦᠭᠡ ᠶᠢ ᠰᠣᠨᠣᠰ᠄ ᠴᠢ 〈ᠢᠰᠷᠧᠯ ᠤᠨ ᠡᠰᠡᠷᠭᠦ ᠪᠦᠦ ᠡᠰᠢ ᠦᠵᠡᠭᠦᠯ᠂ ᠢᠰᠠᠺ ᠤᠨ ᠭᠡᠷ ᠦᠨ ᠡᠰᠡᠷᠭᠦ ᠨᠣᠮᠯᠠᠬᠤ ᠪᠠᠨ ᠪᠣᠯᠢ〉 ᠭᠡᠵᠦ ᠪᠠᠢᠨ᠎ᠠ᠃ 17 ᠲᠡᠢᠮᠦ ᠡᠴᠡ ᠶᠣᠬᠣᠸᠠ ᠡᠢᠨ ᠬᠦ ᠠᠢᠯᠠᠳᠴᠤ ᠪᠠᠢᠨ᠎ᠠ᠄ 〈ᠡᠬᠡᠨᠡᠷ ᠴᠢᠨᠢ ᠬᠣᠲᠠ ᠳᠤ ᠶᠠᠩ᠋ᠬᠠᠨ ᠪᠣᠯᠵᠤ᠂ ᠬᠥᠪᠡᠭᠦᠳ ᠥᠬᠢᠳ ᠴᠢᠨᠢ ᠢᠯᠳᠦᠨ ᠳᠦ ᠤᠨᠠᠵᠤ᠂ ᠭᠠᠵᠠᠷ ᠴᠢᠨᠢ ᠬᠡᠮᠵᠢᠭᠦᠷ ᠢᠶᠡᠷ ᠬᠤᠪᠢᠶᠠᠭᠳᠠᠵᠤ᠂ ᠴᠢ ᠥᠪᠡᠷ ᠢᠶᠡᠨ ᠪᠤᠵᠠᠷ ᠭᠠᠵᠠᠷ ᠲᠤ ᠦᠬᠦᠬᠦ ᠪᠥᠭᠡᠳ ᠢᠰᠷᠧᠯ ᠭᠠᠷᠴᠠᠭ᠎ᠠ ᠦᠭᠡᠢ ᠨᠤᠲᠤᠭ ᠠᠴᠠ ᠪᠠᠨ ᠴᠥᠯᠡᠭᠳᠡᠬᠦ ᠪᠣᠯᠣᠨ᠎ᠠ〉》 ᠭᠡᠪᠡ᠃