ᠠᠮᠣᠰ ᠭᠤᠷᠪᠠ
1 ᠢᠰᠷᠧᠯᠴᠦᠳ ᠡ᠂ ᠪᠦᠬᠦ ᠭᠡᠷ ᠦᠨ ᠬᠢᠨ ᠢ ᠴᠢᠨᠢ ᠶᠧᠵᠢᠫᠲ ᠡᠴᠡ ᠠᠪᠴᠢᠷᠠᠭᠰᠠᠨ ᠶᠣᠬᠣᠸᠠ ᠶᠢᠨ ᠲᠠ ᠨᠠᠷ ᠤᠨ ᠡᠰᠡᠷᠭᠦ ᠠᠢᠯᠠᠳᠬᠤ ᠡᠨᠡ ᠦᠭᠡ ᠶᠢ ᠰᠣᠨᠣᠰᠴᠠᠭ᠎ᠠ᠄
2 ᠳᠡᠯᠡᠬᠡᠢ ᠶᠢᠨ ᠪᠦᠬᠦ ᠶᠠᠰᠤᠲᠠᠨ ᠤ ᠳᠤᠮᠳᠠ ᠠᠴᠠ ᠪᠢ ᠵᠥᠪᠬᠡᠨ ᠲᠠ ᠨᠠᠷ ᠢ ᠳᠣᠲᠣᠨᠣᠴᠢᠯᠠᠭᠰᠠᠨ ᠲᠡᠢᠮᠦ ᠡᠴᠡ ᠨᠢᠭᠦᠯ ᠦᠨ ᠴᠢᠨᠢ ᠤᠯᠠᠮ ᠢᠶᠠᠷ ᠪᠢ ᠲᠠ ᠨᠠᠷ ᠢ ᠰᠢᠳᠬᠡᠨ᠎ᠡ᠂
ᠡᠰᠢ ᠦᠵᠡᠭᠦᠯᠦᠭᠴᠢ ᠶᠢᠨ ᠠᠵᠢᠯ
3 ᠠᠭᠤᠯᠵᠠᠭ᠎ᠠ ᠦᠭᠡᠢ ᠪᠠᠷ ᠬᠣᠶᠠᠷ ᠬᠥᠮᠦᠨ ᠬᠠᠮᠲᠤ ᠠᠯᠬᠤᠬᠤ ᠤᠤ︖
4 ᠣᠯᠵᠠ ᠦᠭᠡᠢ ᠪᠠᠷ ᠠᠷᠰᠯᠠᠨ ᠣᠢ ᠳᠤ ᠠᠷᠬᠢᠷᠠᠬᠤ ᠤᠤ︖ ᠶᠠᠭᠤ ᠴᠤ ᠪᠠᠷᠢᠭ᠎ᠠ ᠦᠭᠡᠢ ᠪᠠᠷ ᠵᠠᠯᠠᠭᠤ ᠠᠷᠰᠯᠠᠨ ᠡᠭᠦᠷ ᠲᠡᠭᠡᠨ ᠬᠦᠷᠬᠢᠷᠡᠬᠦ ᠤᠤ︖
5 ᠥᠭᠡᠰᠢ ᠲᠠᠯᠪᠢᠭ᠎ᠠ ᠦᠭᠡᠢ ᠠᠲᠠᠯ᠎ᠠ ᠰᠢᠪᠠᠭᠤ ᠤᠷᠠᠬᠠᠨ ᠳᠤ ᠣᠷᠣᠬᠤ ᠤᠤ︖ ᠶᠠᠭᠤ ᠴᠤ ᠪᠠᠷᠢᠭ᠎ᠠ ᠦᠭᠡᠢ ᠠᠲᠠᠯ᠎ᠠ ᠤᠷᠠᠬ᠎ᠠ ᠭᠠᠵᠠᠷ ᠠᠴᠠ ᠦᠰᠦᠷᠬᠦ ᠤᠤ︖
6 ᠬᠣᠲᠠ ᠳᠤ ᠪᠦᠷᠢᠶ᠎ᠡ ᠦᠯᠢᠶᠡᠪᠡᠯ᠂ ᠠᠷᠠᠳ ᠲᠦᠮᠡᠨ ᠴᠡᠴᠡᠷᠡᠬᠦ ᠪᠢᠰᠢ ᠤᠤ︖ ᠬᠣᠲᠠ ᠳᠤ ᠭᠠᠮᠰᠢᠭ ᠲᠣᠬᠢᠶᠠᠯᠳᠤᠪᠠᠯ ᠶᠣᠬᠣᠸᠠ ᠤᠴᠠᠷᠠᠭᠤᠯᠤᠭᠰᠠᠨ ᠪᠢᠰᠢ ᠤᠤ︖
7 ᠨᠢᠭᠤᠴᠠ ᠪᠠᠨ ᠵᠠᠷᠤᠴᠠ ᠪᠣᠯᠣᠨ ᠡᠰᠢ ᠦᠵᠡᠭᠦᠯᠦᠭᠴᠢᠳ ᠲᠡᠭᠡᠨ ᠢᠯᠡᠷᠬᠡᠶᠢᠯᠡᠬᠦ ᠡᠴᠡ ᠨᠠᠰᠢ ᠡᠵᠡᠨ ᠶᠣᠬᠣᠸᠠ ᠶᠠᠭᠤ ᠶᠢ ᠴᠤ ᠬᠢᠬᠦ ᠦᠭᠡᠢ︕
8 ᠠᠷᠰᠯᠠᠨ ᠠᠷᠬᠢᠷᠠᠬᠤ ᠳᠤ ᠦᠯᠦ ᠡᠮᠢᠶᠡᠬᠦ ᠬᠥᠮᠦᠨ ᠪᠠᠢᠨ᠎ᠠ ᠤᠤ︖ ᠡᠵᠡᠨ ᠶᠣᠬᠣᠸᠠ ᠠᠢᠯᠠᠳᠬᠤ ᠳᠤ ᠬᠡᠨ ᠡᠰᠢ ᠦᠵᠡᠭᠦᠯᠬᠦ ᠦᠭᠡᠢ ᠪᠠᠢᠵᠤ ᠴᠢᠳᠠᠬᠤ ᠪᠤᠢ︖
ᠰᠠᠮᠠᠷᠢᠶ᠎ᠠ ᠶᠢᠨ ᠬᠦᠯᠢᠶᠡᠬᠦ ᠰᠢᠳᠬᠡᠯ
9 ᠠᠱᠠᠳᠣᠳ᠋ ᠤᠨ ᠣᠷᠳᠣᠨ ᠨᠤᠭᠤᠳ ᠪᠣᠯᠣᠨ ᠶᠧᠵᠢᠫᠲ ᠤᠨ ᠣᠷᠳᠣᠨ ᠨᠤᠭᠤᠳ ᠲᠤ ᠵᠠᠷᠯᠠ᠄ ᠰᠠᠮᠠᠷᠢᠶ᠎ᠠ ᠶᠢᠨ ᠠᠭᠤᠯᠠᠰ ᠳᠡᠭᠡᠷ᠎ᠡ ᠴᠤᠭᠯᠠᠷᠠᠵᠠᠭᠠ ᠲᠡᠭᠦᠨ ᠦ ᠳᠣᠲᠣᠷᠠᠬᠢ ᠶᠡᠬᠡ ᠦᠢᠮᠡᠭᠡᠨ ᠢ ᠲᠡᠭᠦᠨ ᠦ ᠳᠣᠲᠣᠷᠠᠬᠢ ᠳᠠᠷᠤᠯᠠᠯ ᠢ ᠦᠵᠡ
10 ᠶᠣᠬᠣᠸᠠ ᠠᠢᠯᠠᠳᠴᠤ ᠪᠠᠢᠨ᠎ᠠ᠄ ᠲᠡᠳᠡ ᠣᠷᠳᠣᠨ ᠳᠠᠭᠠᠨ ᠲᠣᠨᠣᠵᠤ ᠮᠥᠯᠵᠢᠭᠰᠡᠨ ᠢᠶᠡᠨ ᠨᠥᠭᠡᠴᠡᠯᠡᠵᠦ ᠰᠢᠳᠤᠷᠭᠤ ᠶᠢ ᠦᠢᠯᠡᠳᠬᠦ ᠶᠢ ᠮᠡᠳᠡᠳᠡᠭ ᠦᠭᠡᠢ᠃
11 ᠡᠢᠮᠦ ᠡᠴᠡ ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ ᠳᠠᠢᠰᠤᠨ ᠨᠤᠲᠤᠭ ᠢ ᠴᠢᠨᠢ ᠪᠦᠰᠡᠯᠡᠵᠦ ᠬᠦᠴᠦ ᠶᠢ ᠴᠢᠨᠢ ᠮᠣᠬᠣᠭᠠᠵᠤ ᠣᠷᠳᠣᠨ ᠨᠤᠭᠤᠳ ᠢ ᠴᠢᠨᠢ ᠲᠣᠨᠣᠬᠤ ᠪᠣᠯᠣᠨ᠎ᠠ᠃
12 ᠶᠣᠬᠣᠸᠠ ᠡᠢᠨ ᠬᠦ ᠠᠢᠯᠠᠳᠴᠤ ᠪᠠᠢᠨ᠎ᠠ᠄ ᠬᠣᠨᠢᠴᠢᠨ ᠠᠷᠰᠯᠠᠨ ᠤ ᠠᠮᠠᠨ ᠠᠴᠠ ᠬᠣᠨᠢᠨ ᠤ ᠬᠣᠶᠠᠷ ᠰᠢᠭᠢᠷ᠎ᠠ᠂ ᠴᠢᠬᠢᠨ ᠤ ᠲᠠᠰᠤᠷᠬᠠᠢ ᠶᠢ ᠯᠠ ᠠᠪᠳᠠᠭ ᠰᠢᠭ᠋ ᠰᠠᠮᠠᠷᠢᠶ᠎ᠠ ᠳᠤ ᠰᠠᠭᠤᠳᠠᠭ ᠢᠰᠷᠧᠯᠴᠦᠳ ᠴᠤ ᠣᠷᠣ ᠶᠢᠨ ᠪᠤᠯᠤᠩ᠂ ᠳᠡᠪᠢᠰᠬᠡᠷ ᠦᠨ ᠲᠠᠰᠤᠷᠬᠠᠢ ᠲᠠᠢ ᠯᠠ ᠠᠪᠤᠷᠠᠭᠳᠠᠬᠤ ᠪᠣᠯᠣᠨ᠎ᠠ᠃
13 ᠡᠵᠡᠨ ᠶᠣᠬᠣᠸᠠ᠂ ᠠᠤᠭ᠎ᠠ ᠬᠦᠴᠦᠲᠦ ᠪᠤᠷᠬᠠᠨ ᠠᠢᠯᠠᠳᠴᠤ ᠪᠠᠢᠨ᠎ᠠ᠄ 《ᠰᠣᠨᠣᠰᠴᠤ᠂ ᠶᠠᠺᠣᠪ ᠤᠨ ᠭᠡᠷ ᠲᠦ ᠰᠠᠨᠠᠭᠤᠯ》
14 ᠪᠢ ᠢᠰᠷᠧᠯ ᠢ ᠨᠢᠭᠦᠯ ᠦᠨ ᠬᠢᠨᠢ ᠤᠯᠠᠮ ᠢᠶᠠᠷ ᠰᠢᠳᠬᠡᠬᠦ ᠡᠳᠦᠷ ᠲᠦ ᠪᠧᠲ᠋ᠧᠯ ᠤᠨ ᠲᠠᠬᠢᠯ ᠤᠨ ᠰᠢᠷᠡᠭᠡ ᠨᠦᠭᠦᠳ ᠢ ᠤᠰᠠᠳᠬᠠᠨ᠎ᠠ ᠲᠠᠬᠢᠯ ᠤᠨ ᠰᠢᠷᠡᠭᠡᠨ ᠦ ᠡᠪᠡᠷ ᠤᠳ ᠴᠠᠪᠴᠢᠭᠳᠠᠵᠤ ᠭᠠᠵᠠᠷ ᠲᠤ ᠤᠨᠠᠬᠤ ᠳᠤ
15 ᠪᠢ ᠡᠪᠦᠯᠵᠢᠶ᠎ᠠ ᠶᠢ ᠨᠢ ᠵᠤᠰᠠᠯᠠᠩ ᠲᠠᠢ ᠨᠢ ᠬᠠᠮᠲᠤ ᠴᠣᠬᠢᠨ᠎ᠠ ᠵᠠᠭᠠᠨ ᠤ ᠰᠣᠶᠣᠭᠠᠨ ᠪᠠᠢᠰᠢᠩ ᠤᠳ ᠰᠥᠨᠥᠵᠦ ᠲᠣᠮᠣ ᠪᠠᠢᠰᠢᠩ ᠤᠳ ᠨᠤᠷᠠᠨ᠎ᠠ᠂ ᠶᠣᠬᠣᠸᠠ ᠠᠢᠯᠠᠳᠴᠤ ᠪᠠᠢᠨ᠎ᠠ᠃