1 2 3 4 5 6 7 8 9


ᠠᠮᠣᠰ ᠵᠢᠷᠭᠤᠭ᠎ᠠ
 ᠠᠮᠤᠷᠯᠢᠩ᠋ᠭᠤᠢ ᠰᠠᠭᠤᠭᠴᠢᠳ ᠵᠣᠯ ᠦᠭᠡᠢ
1 ᠭᠠᠰᠠᠯᠠᠩᠲᠠᠶ᠎ᠠ᠂ ᠽᠢᠶᠣᠨ ᠳᠤ ᠠᠮᠤᠷᠯᠢᠩ᠋ᠭᠤᠢ ᠪᠠᠢᠭᠰᠠᠳ᠂ ᠰᠠᠮᠠᠷᠢᠶ᠎ᠠ ᠶᠢᠨ ᠠᠭᠤᠯᠠᠨ ᠳᠤ ᠠᠶᠤᠯ ᠦᠭᠡᠢ ᠭᠡᠭᠴᠢᠳ ᠡ᠂ ᠲᠦᠷᠦᠭᠦᠦ ᠦᠨᠳᠦᠰᠦᠲᠡᠨ ᠦ ᠠᠯᠳᠠᠷᠲᠠᠳ᠂ ᠢᠰᠷᠧᠯ ᠤᠨ ᠭᠡᠷ ᠦᠨ ᠬᠢᠨ ᠢ ᠳᠠᠭᠠᠭᠤᠯᠤᠭᠴᠢᠳ ᠡ᠂
2 ᠲᠠ ᠨᠠᠷ ᠺᠠᠯᠨᠧ ᠤᠷᠤᠭᠤ ᠣᠴᠢᠵᠤ ᠦᠵᠡ ᠲᠡᠨᠳᠡ ᠡᠴᠡ ᠶᠡᠬᠡ ᠬᠠᠮᠠᠲ ᠤᠷᠤᠭᠤ ᠣᠴᠢᠵᠤ᠂ ᠳᠠᠷᠠᠭ᠎ᠠ ᠨᠢ ᠹᠢᠯᠢᠰᠲ ᠤᠨ ᠭᠠᠲ ᠤᠷᠤᠭᠤ ᠣᠴᠢ ᠲᠡᠳᠡ ᠲᠠᠨ ᠤ ᠬᠣᠶᠠᠷ ᠬᠠᠭᠠᠨᠴᠢᠯᠠᠯ ᠠᠴᠠ ᠠᠭᠤᠤ ᠤᠤ︖ ᠨᠤᠲᠤᠭ ᠳᠡᠪᠢᠰᠬᠡᠷ ᠨᠢ ᠲᠠᠨ ᠤ ᠬᠢ ᠡᠴᠡ ᠲᠣᠮᠣ ᠤᠤ︖
3 ᠲᠠ ᠨᠠᠷ ᠭᠠᠮᠰᠢᠭ ᠤᠨ ᠡᠳᠦᠷ ᠢ ᠬᠣᠯᠠᠳᠠᠭᠤᠯᠬᠤ ᠭᠡᠨ᠎ᠡ ᠤᠤ︖ ᠲᠠ ᠨᠠᠷ ᠬᠦᠴᠦᠷᠬᠡᠭᠯᠡᠭᠴᠢᠳ ᠤᠨ ᠨᠣᠶᠠᠷᠬᠠᠯ ᠢ ᠣᠢᠷᠠᠲᠤᠭᠤᠯᠵᠤ ᠪᠠᠢᠨ᠎ᠠ᠃

4 ᠲᠠ ᠨᠠᠷ ᠵᠠᠭᠠᠨ ᠤ ᠰᠣᠶᠣᠭᠠᠨ ᠣᠷᠣ ᠳᠡᠭᠡᠷ᠎ᠡ ᠪᠡᠨ ᠬᠠᠵᠠᠭᠤᠯᠠᠵᠤ ᠢᠰᠡᠷᠢ ᠳᠡᠭᠡᠷ᠎ᠡ ᠪᠡᠨ ᠰᠤᠨᠢᠶᠠᠳᠠᠭ ᠲᠠ ᠨᠠᠷ ᠰᠦᠷᠦᠭ ᠡᠴᠡ ᠬᠤᠷᠠᠭ᠎ᠠ᠂ ᠬᠠᠰᠢᠶᠠᠨ ᠠᠴᠠ ᠲᠤᠭᠤᠯ ᠠᠪᠴᠤ ᠢᠳᠡᠳᠡᠭ᠃
5 ᠲᠠ ᠨᠠᠷ ᠬᠤᠭᠤᠷ ᠤᠨ ᠡᠭᠡᠰᠢᠭ ᠲᠤ ᠲᠠᠭᠠᠷᠠᠭᠤᠯᠤᠨ ᠭᠢᠩᠰᠢᠵᠦ ᠳ᠋ᠠᠸᠢᠳ᠋ ᠰᠢᠭ᠋ ᠬᠥᠭᠵᠢᠮ ᠳᠡᠭᠡᠷ᠎ᠡ ᠳᠠᠭᠤᠤ ᠵᠣᠬᠢᠶᠠᠳᠠᠭ᠃
6 ᠳᠠᠷᠠᠰᠤ ᠶᠢ ᠠᠶᠠᠭ᠎ᠠ ᠠᠶᠠᠭ᠎ᠠ ᠪᠠᠷ ᠤᠤᠭᠤᠵᠤ᠂ ᠬᠠᠮᠤᠭ ᠤᠨ ᠰᠠᠢᠨ ᠲᠣᠰᠣ ᠪᠠᠷ ᠲᠣᠰᠣᠯᠠᠳᠠᠭ ᠶᠣᠰᠧᠹ ᠲᠤ ᠢᠷᠡᠬᠦ ᠰᠦᠢᠷᠡᠯ ᠦᠨ ᠲᠥᠯᠥᠭᠡ ᠰᠠᠨᠠᠭ᠎ᠠ ᠵᠣᠪᠠᠳᠠᠭ ᠦᠭᠡᠢ᠃
7 ᠲᠡᠢᠮᠦ ᠡᠴᠡ ᠲᠠ ᠨᠠᠷ ᠴᠥᠯᠡᠭᠳᠡᠭᠰᠡᠳ ᠦᠨ ᠲᠡᠷᠢᠭᠦᠨ ᠳᠦᠨᠢ ᠴᠥᠯᠡᠭᠳᠡᠬᠦ ᠪᠣᠯᠣᠨ᠎ᠠ ᠲᠡᠢᠨ ᠬᠦ ᠰᠤᠨᠢᠶᠠᠭᠴᠢᠳ ᠤᠨ ᠨᠠᠷᠭᠢᠶᠠᠨ ᠠᠷᠢᠯᠬᠤ ᠪᠣᠯᠣᠨ᠎ᠠ᠃
8 ᠡᠵᠡᠨ ᠶᠣᠬᠣᠸᠠ ᠥᠪᠡᠷ ᠢᠶᠡᠷ ᠢᠶᠠᠨ ᠲᠠᠩ᠋ᠭᠠᠷᠢᠭᠯᠠᠪᠠ ᠠᠤᠭ᠎ᠠ ᠬᠦᠴᠦᠲᠦ ᠪᠤᠷᠬᠠᠨ ᠶᠣᠬᠣᠸᠠ ᠲᠤᠩ᠋ᠬᠠᠭᠯᠠᠪᠠ᠄ ᠪᠢ ᠶᠠᠺᠣᠪ ᠤᠨ ᠶᠡᠬᠡ ᠵᠠᠩ ᠳᠤ ᠳᠤᠷ᠎ᠠ ᠦᠭᠡᠶᠢᠴᠡᠵᠦ᠂ ᠣᠷᠳᠣᠨ ᠨᠤᠭᠤᠳ ᠢ ᠨᠢ ᠵᠢᠭ᠍ᠰᠢᠵᠦ ᠪᠠᠢᠨ᠎ᠠ ᠪᠢ ᠡᠨᠡ ᠬᠣᠲᠠ ᠶᠢ ᠳᠣᠲᠣᠷᠠᠬᠢ ᠪᠦᠬᠦᠨ ᠲᠡᠢ ᠨᠢ ᠬᠠᠮᠲᠤ ᠳᠠᠢᠰᠤᠨ ᠳᠤᠨᠢ ᠲᠤᠰᠢᠶᠠᠨ᠎ᠠ᠃

9 ᠨᠢᠭᠡ ᠭᠡᠷ ᠲᠦ ᠠᠷᠪᠠᠨ ᠬᠥᠮᠦᠨ ᠦᠯᠡᠳᠡᠭᠰᠡᠨ ᠴᠤ ᠲᠡᠳᠡ ᠪᠦᠭᠦᠳᠡ ᠦᠬᠦᠬᠦ ᠪᠣᠯᠣᠨ᠎ᠠ᠃ 10 ᠦᠬᠦᠭᠰᠡᠳ ᠦᠨ ᠬᠠᠮᠢᠶᠠᠲᠠᠨ ᠬᠡᠭᠦᠷ ᠤᠳ ᠢ ᠰᠢᠲᠠᠭᠠᠬᠤ ᠪᠠᠷ ᠶᠠᠰᠤ ᠶᠢ ᠨᠢ ᠭᠡᠷ ᠡᠴᠡ ᠭᠠᠷᠭᠠᠵᠤ᠂ ᠳᠣᠲᠣᠷ᠎ᠠ ᠪᠤᠢ ᠬᠥᠮᠦᠨ ᠳᠦ᠄ 《ᠴᠢᠮ᠎ᠠ ᠲᠠᠢ ᠬᠠᠮᠲᠤ ᠥᠭᠡᠷ᠎ᠡ ᠬᠥᠮᠦᠨ ᠪᠠᠢᠨ᠎ᠠ ᠤᠤ︖》 ᠭᠡᠬᠦ ᠪᠣᠯᠣᠨ᠎ᠠ᠃ ᠥᠨᠥ ᠬᠥᠮᠦᠨ᠄ 《ᠬᠡᠨ ᠴᠤ ᠠᠯᠠᠭ᠎ᠠ》 ᠭᠡᠪᠡᠯ᠂ ᠲᠡᠷᠡ ᠬᠥᠮᠦᠨ᠄ 《ᠳᠠᠭᠤ ᠦᠭᠡᠢ ᠪᠠᠢ᠂ ᠪᠢᠳᠡ ᠶᠣᠬᠣᠸᠠ ᠶᠢᠨ ᠨᠡᠷ᠎ᠡ ᠶᠢ ᠳᠠᠭᠤᠳᠠᠵᠤ ᠪᠣᠯᠬᠤ ᠦᠭᠡᠢ》 ᠭᠡᠬᠦ ᠪᠣᠯᠣᠨ᠎ᠠ᠃ 11 ᠬᠠᠷᠠ᠂ ᠶᠣᠬᠣᠸᠠ ᠲᠤᠰᠢᠶᠠᠭᠰᠠᠨ᠂ ᠲᠣᠮᠣ ᠪᠠᠢᠰᠢᠩ ᠪᠤᠲᠠᠯᠤᠭᠳᠠᠵᠤ᠂ ᠵᠢᠵᠢᠭ ᠪᠠᠢᠰᠢᠩ ᠪᠢᠴᠠᠷᠠᠨ᠎ᠠ᠃

12 ᠮᠣᠷᠢ ᠬᠠᠳᠠᠨ ᠳᠡᠭᠡᠷ᠎ᠡ ᠳᠠᠪᠬᠢᠳᠠᠭ ᠤᠤ︖ ᠬᠥᠮᠦᠨ ᠦᠬᠡᠷ ᠬᠥᠯᠯᠡᠵᠦ ᠬᠠᠳᠠ ᠬᠠᠭᠠᠯᠳᠠᠭ ᠤᠤ︖ ᠬᠠᠷᠢᠨ ᠲᠠ ᠨᠠᠷ ᠰᠢᠳᠤᠷᠭᠤ ᠶᠢ ᠬᠣᠣᠷ ᠵᠥᠪ ᠦᠨ ᠵᠢᠮᠢᠰ ᠢ ᠭᠠᠰᠢᠭᠤᠨ ᠪᠣᠯᠭᠠᠨ
13 ᠬᠣᠭᠣᠰᠣᠨ ᠵᠦᠢᠯᠡᠰ ᠢᠶᠡᠷ ᠪᠠᠶᠠᠷᠯᠠᠨ᠄ 《ᠥᠪᠡᠷᠰᠡᠳ ᠦᠨ ᠢᠶᠠᠨ ᠴᠢᠳᠠᠯ ᠢᠶᠠᠷ ᠪᠢᠳᠡ ᠬᠦᠴᠦᠷᠬᠡᠭ ᠪᠣᠯᠣᠭᠰᠠᠨ 1 》 ᠭᠡᠳᠡᠭ᠂
14 《ᠠᠩ᠋ᠬᠠᠷᠤᠭᠲᠤᠨ᠂ ᠢᠰᠷᠧᠯ ᠤᠨ ᠭᠡᠷ ᠡ ᠪᠢ ᠲᠠ ᠨᠠᠷ ᠤᠨ ᠡᠰᠡᠷᠭᠦ ᠨᠢᠭᠡ ᠦᠨᠳᠦᠰᠦᠲᠡᠨ ᠢ ᠪᠣᠰᠬᠠᠬᠤ ᠭᠡᠵᠦ ᠪᠠᠢᠨ᠎ᠠ᠂》 ᠠᠤᠭ᠎ᠠ ᠬᠦᠴᠦᠲᠦ ᠪᠤᠷᠬᠠᠨ ᠶᠣᠬᠣᠸᠠ ᠠᠢᠯᠠᠳᠴᠤ ᠪᠠᠢᠨ᠎ᠠ᠂ 《ᠲᠡᠳᠡ ᠯᠧᠪᠣᠬᠠᠮᠠᠲ ᠠᠴᠠ ᠠᠷᠠᠪᠠ ᠶᠢᠨ ᠭᠣᠷᠣᠬ᠎ᠠ ᠬᠦᠷᠲᠡᠯᠡᠬᠢ ᠪᠦᠬᠦ ᠭᠠᠵᠠᠷ ᠲᠤ ᠲᠠ ᠨᠠᠷ ᠢ ᠳᠠᠷᠤᠯᠠᠬᠤ ᠪᠣᠯᠣᠨ᠎ᠠ᠃》