ᠠᠮᠣᠰ ᠨᠠᠢ᠌ᠮᠠ
ᠪᠡᠯᠡᠨ ᠪᠣᠯᠣᠭᠰᠠᠨ ᠰᠢᠳᠬᠡᠯ
1 ᠡᠵᠡᠨ ᠶᠣᠬᠣᠸᠠ ᠨᠠᠳᠠ ᠳᠤ ᠳᠠᠷᠠᠭᠠᠬᠢ ᠵᠦᠢᠯᠡᠰ ᠢ ᠦᠵᠡᠭᠦᠯᠪᠡ᠄ ᠬᠠᠷ᠎ᠠ᠂ ᠲᠡᠨᠳᠡ ᠪᠣᠯᠪᠠᠰᠤᠷᠡᠵᠤ ᠭᠦᠢᠴᠡᠭᠰᠡᠨ ᠵᠢᠮᠢᠰ ᠲᠠᠢ ᠨᠢᠭᠡᠨ ᠰᠠᠭᠰᠤ ᠪᠠᠢᠪᠠ᠃ 2 ᠲᠡᠷᠡ᠄ 《ᠠᠮᠣᠰ ᠡ᠂ ᠴᠢ ᠶᠠᠭᠤ ᠬᠠᠷᠠᠵᠤ ᠪᠠᠢᠨ᠎ᠠ︖》 ᠭᠡᠬᠦ ᠳᠦ᠂ ᠪᠢ᠄ 《ᠪᠣᠯᠪᠠᠰᠤᠷᠡᠵᠤ ᠭᠦᠢᠴᠡᠭᠰᠡᠨ ᠵᠢᠮᠢᠰ ᠲᠠᠢ ᠰᠠᠭᠰᠤ》 ᠭᠡᠪᠡ᠃ ᠶᠣᠬᠣᠸᠠ ᠨᠠᠳᠠ ᠳᠤ᠄ 《ᠮᠢᠨᠦ ᠠᠷᠠᠳ ᠲᠦᠮᠡᠨ ᠢᠰᠷᠧᠯ ᠤᠨ ᠭᠦᠢᠴᠡᠯᠲᠡ ᠢᠷᠡᠵᠦ ᠪᠠᠢᠨ᠎ᠠ᠃ ᠪᠢ ᠳᠠᠬᠢᠨ ᠲᠡᠳᠡᠨ ᠢ ᠬᠡᠯᠲᠦᠷᠢᠭᠦᠯᠬᠦ ᠦᠭᠡᠢ᠃ 3 ᠣᠷᠳᠣᠨ ᠤ ᠳᠠᠭᠤᠤ ᠲᠡᠷᠡ ᠡᠳᠦᠷ ᠣᠷᠢ ᠳᠠᠭᠤ ᠪᠣᠯᠣᠨ᠎ᠠ᠂ ᠭᠠᠵᠠᠷ ᠰᠠᠢ ᠦᠭᠡᠢ ᠪᠠᠢᠭ᠎ᠠ ᠣᠯᠠᠨ ᠦᠬᠦᠳᠡᠯ ᠢ ᠲᠡᠳᠡ ᠳᠠᠭᠤ ᠦᠭᠡᠢ ᠪᠠᠷ ᠬᠠᠶᠠᠨ᠎ᠠ》 ᠭᠡᠪᠡ᠃ ᠡᠵᠡᠨ ᠶᠣᠬᠣᠸᠠ ᠠᠢᠯᠠᠳᠴᠤ ᠪᠠᠢᠨ᠎ᠠ᠃
4 ᠡᠭᠦᠨ ᠢ ᠰᠣᠨᠣᠰᠴᠠᠭ᠎ᠠ ᠭᠠᠴᠢᠭᠳᠠᠭᠰᠠᠳ ᠢ ᠲᠠᠯᠬᠢᠯᠠᠵᠤ ᠭᠠᠵᠠᠷ ᠤᠨ ᠶᠠᠳᠠᠭᠤᠰ ᠢ ᠲᠠᠯᠬᠢᠳᠠᠳᠠᠭ ᠬᠥᠮᠦᠰ ᠡ᠂
5 ᠲᠠ ᠨᠠᠷ᠄ 《ᠰᠢᠨ᠎ᠡ ᠰᠠᠷ᠎ᠠ ᠬᠡᠵᠢᠶ᠎ᠡ ᠥᠩᠭᠡᠷᠡᠬᠦ ᠪᠤᠢ︖ ᠪᠢᠳᠡ ᠦᠷ᠎ᠡ ᠲᠠᠷᠢᠶ᠎ᠠ ᠪᠠᠨ ᠬᠤᠳᠠᠯᠳᠤᠨ᠎ᠠ ᠠᠮᠠᠷᠠᠯ ᠤᠨ ᠡᠳᠦᠷ ᠬᠡᠵᠢᠶ᠎ᠡ ᠥᠩᠭᠡᠷᠡᠬᠦ ᠪᠤᠢ︖ ᠪᠢᠳᠡ ᠪᠤᠭᠤᠳᠠᠢ ᠪᠠᠨ ᠬᠤᠳᠠᠯᠳᠤᠨ᠎ᠠ ᠵᠢᠩᠯᠡᠭᠦᠷ ᠦᠨ ᠲᠠᠤᠬᠠᠢ ᠶᠢ ᠵᠢᠵᠢᠭᠷᠡᠭᠦᠯᠵᠦ ᠦᠨ᠎ᠡ ᠶᠢ ᠥᠰᠭᠡᠨ ᠬᠠᠭᠤᠷᠮᠠᠭ ᠬᠡᠮᠵᠢᠭᠦᠷ ᠢᠶᠡᠷ ᠮᠡᠬᠡᠯᠡᠵᠦ
6 ᠶᠠᠳᠠᠭᠤᠰ ᠢ ᠮᠥᠩᠭᠥ ᠪᠡᠷ ᠭᠠᠴᠢᠭᠳᠠᠭᠰᠠᠳ ᠢ ᠵᠦᠢᠷᠡᠢ ᠱᠠᠬᠠᠢ ᠪᠠᠷ ᠠᠪᠬᠤ ᠭᠡᠵᠦ ᠪᠤᠭᠤᠳᠠᠢ ᠶᠢᠨ ᠦᠯᠡᠳᠡᠪᠦᠷᠢ ᠪᠠᠨ ᠴᠤ ᠬᠤᠳᠠᠯᠳᠤᠨ᠎ᠠ》 ᠭᠡᠳᠡᠭ᠃
7 ᠶᠣᠬᠣᠸᠠ ᠶᠠᠺᠣᠪ ᠤᠨ ᠰᠦᠷ ᠵᠢᠪᠬᠤᠯᠠᠩ ᠢᠶᠠᠷ ᠲᠠᠩ᠋ᠭᠠᠷᠢᠭᠯᠠᠭᠰᠠᠨ᠄ 《ᠲᠡᠳᠡᠨ ᠦ ᠪᠦᠬᠦ ᠦᠢᠯᠡ ᠶᠢ ᠪᠢ ᠬᠡᠵᠢᠶ᠎ᠡ ᠴᠤ ᠮᠠᠷᠲᠠᠬᠤ ᠦᠭᠡᠢ᠃
8 ᠡᠭᠦᠨ ᠦ ᠤᠯᠠᠮ ᠢᠶᠠᠷ ᠭᠠᠵᠠᠷ ᠬᠥᠳᠡᠯᠵᠦ᠂ ᠳᠡᠭᠡᠷ᠎ᠡ ᠨᠢ ᠣᠷᠣᠰᠢᠳᠠᠭ ᠬᠥᠮᠦᠨ ᠪᠦᠬᠦᠨ ᠭᠠᠰᠢᠭᠤᠳᠠᠬᠤ ᠶᠣᠰᠣᠲᠠᠢ ᠪᠢᠰᠢ ᠤᠤ︖ ᠪᠦᠬᠦᠢᠯᠡ ᠭᠠᠵᠠᠷ ᠨᠢᠯ ᠰᠢᠭ ᠪᠣᠰᠴᠤ᠂ ᠶᠧᠵᠢᠫᠲ ᠤᠨ ᠮᠥᠷᠡᠨ ᠰᠢᠭ ᠬᠥᠳᠡᠯᠦᠭᠰᠡᠨ ᠦ ᠳᠠᠷᠠᠭ᠎ᠠ᠂ ᠳᠣᠷᠣᠭᠰᠢ ᠰᠠᠭᠤᠬᠤ ᠪᠣᠯᠣᠨ᠎ᠠ᠃》
9 ᠡᠵᠡᠨ ᠶᠣᠬᠣᠸᠠ ᠠᠢᠯᠠᠳᠴᠤ ᠪᠠᠢᠨ᠎ᠠ᠄ 《ᠲᠡᠷᠡ ᠡᠳᠦᠷ ᠪᠢ ᠦᠳᠡ ᠳᠤᠮᠳᠠ ᠨᠠᠷᠠ ᠶᠢ ᠵᠢᠷᠭᠠᠭᠠᠵᠤ᠂ ᠭᠡᠭᠡᠨ ᠡᠳᠦᠷ ᠭᠠᠵᠠᠷ ᠢ ᠬᠠᠷᠠᠩ᠋ᠭᠤᠢ ᠪᠣᠯᠭᠠᠨ᠎ᠠ᠃
10 ᠪᠠᠶᠠᠷ ᠨᠠᠭᠠᠳᠤᠮ ᠢ ᠴᠢᠨᠢ ᠭᠠᠰᠢᠭᠤᠳᠠᠯ ᠪᠦᠬᠦ ᠳᠠᠭᠤᠤ ᠶᠢ ᠴᠢᠨᠢ ᠤᠬᠢᠯᠠᠭᠠᠨ ᠢᠶᠠᠷ ᠰᠣᠯᠢᠵᠤ ᠪᠡᠯᠬᠡᠭᠦᠰᠦ ᠪᠦᠷᠢ ᠳᠤ ᠲᠠᠭᠠᠷ ᠪᠦᠰᠡᠯᠡᠭᠦᠯᠵᠦ ᠲᠣᠯᠣᠭᠠᠢ ᠪᠦᠷᠢ ᠶᠢ ᠬᠠᠯᠵᠠᠨ ᠪᠣᠯᠭᠠᠨ᠎ᠠ ᠭᠠᠭᠴᠠ ᠬᠦᠦ ᠶᠢᠨ ᠢᠶᠠᠨ ᠲᠥᠯᠥᠭᠡ ᠭᠠᠰᠢᠭᠤᠳᠠᠬᠤ ᠡᠳᠦᠷ ᠮᠡᠲᠦ ᠲᠡᠭᠦᠰᠬᠡᠯ ᠨᠢ ᠴᠤ ᠭᠠᠰᠢᠭᠤᠨ ᠪᠠᠢᠬᠤ ᠡᠳᠦᠷ ᠮᠡᠲᠦ ᠪᠣᠯᠭᠠᠨ᠎ᠠ᠃
11 ᠬᠠᠷ᠎ᠠ᠂ ᠬᠦᠨᠡᠰᠦ ᠦᠭᠡᠢ ᠡᠴᠡ ᠪᠣᠯᠣᠭᠰᠠᠨ ᠥᠯᠥᠰᠬᠥᠯᠡᠩ᠂ ᠤᠮᠳᠠ ᠦᠭᠡᠢ ᠡᠴᠡ ᠪᠣᠯᠣᠭᠰᠠᠨ ᠴᠠᠩ᠋ᠭᠠᠭ᠎ᠠ ᠶᠢ ᠪᠢᠰᠢ᠂ ᠬᠠᠷᠢᠨ ᠶᠣᠬᠣᠸᠠ ᠶᠢᠨ ᠦᠭᠡ ᠶᠢ ᠰᠣᠨᠣᠰᠬᠤ ᠦᠭᠡᠢ ᠡᠴᠡ ᠪᠣᠯᠣᠭᠰᠠᠨ ᠥᠯᠥᠰᠬᠥᠯᠡᠩ ᠢ ᠪᠢ ᠭᠠᠵᠠᠷ ᠳᠡᠭᠡᠷ᠎ᠡ ᠢᠯᠡᠭᠡᠨ᠎ᠡ᠂ ᠲᠡᠷᠡ ᠡᠳᠦᠷ ᠤᠳ ᠢᠷᠡᠵᠦ ᠪᠠᠢᠨ᠎ᠠ᠃》 ᠡᠵᠡᠨ ᠶᠣᠬᠣᠸᠠ ᠠᠢᠯᠠᠳᠴᠤ ᠪᠠᠢᠨ᠎ᠠ᠃
12 ᠬᠥᠮᠦᠰ ᠳᠠᠯᠠᠢ ᠠᠴᠠ ᠳᠠᠯᠠᠢ ᠤᠷᠤᠭᠤ ᠤᠮᠠᠷ᠎ᠠ ᠠᠴᠠ ᠳᠣᠷᠣᠨ᠎ᠠ ᠬᠦᠷᠲᠡᠯ᠎ᠡ ᠲᠡᠨᠦᠨ ᠶᠣᠬᠣᠸᠠ ᠶᠢᠨ ᠦᠭᠡ ᠶᠢ ᠡᠷᠢᠭᠰᠡᠭᠡᠷ ᠨᠠᠰᠢ ᠴᠠᠰᠢ ᠶᠠᠪᠤᠬᠤ ᠪᠣᠯᠪᠠᠴᠤ ᠲᠡᠭᠦᠨ ᠢ ᠡᠰᠡ ᠣᠯᠣᠨ᠎ᠠ᠃
13 ᠲᠡᠷᠡ ᠡᠳᠦᠷ ᠰᠠᠢᠬᠠᠨ ᠥᠬᠢᠳ᠂ ᠬᠦᠴᠦᠲᠦ ᠵᠠᠯᠠᠭᠤᠰ ᠴᠠᠩ᠋ᠭᠠᠵᠤ ᠤᠬᠠᠭ᠎ᠠ ᠠᠯᠳᠠᠨ᠎ᠠ᠃
14 ᠰᠠᠮᠠᠷᠢᠶ᠎ᠠ ᠶᠢᠨ ᠢᠴᠢᠭᠦᠷᠢᠲᠦ ᠰᠢᠲᠦᠭᠡᠨ ᠢᠶᠡᠷ ᠲᠠᠩ᠋ᠭᠠᠷᠢᠭᠯᠠᠭᠴᠢᠳ᠄ 〈ᠳ᠋ᠠᠨ ᠡ᠂ ᠴᠢᠨᠦ ᠪᠤᠷᠬᠠᠨ ᠤ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ〉 ᠭᠡᠵᠦ 〈ᠪᠧᠷ ᠱᠧᠪᠠ ᠶᠢᠨ ᠪᠤᠷᠬᠠᠨ ᠤ ᠠᠮᠢᠳᠤ ᠯᠤᠭ᠎ᠠ ᠨᠢᠭᠡᠨ ᠠᠳᠠᠯᠢ ᠪᠠᠲᠤ ᠦᠨᠡᠨ ᠭᠡᠪᠡᠯ〉 ᠭᠡᠳᠡᠭ ᠪᠣᠯᠪᠠᠴᠤ ᠲᠡᠳᠡ ᠤᠨᠠᠭᠠᠳ ᠳᠠᠬᠢᠨ ᠪᠣᠰᠬᠤ ᠦᠭᠡᠢ᠃》