ᠠᠮᠣᠰ ᠲᠠᠪᠤ
ᠭᠡᠮᠰᠢᠯ ᠳᠤ ᠤᠷᠢᠶᠠᠯᠠᠪᠠ
1 ᠢᠰᠷᠧᠯ ᠤᠨ ᠭᠡᠷ ᠡ᠂ ᠲᠠ ᠨᠠᠷ ᠲᠤ ᠵᠣᠷᠢᠭᠤᠯᠵᠤ ᠪᠤᠢ ᠭᠠᠰᠢᠭᠤᠳᠠᠯ ᠤᠨ ᠦᠭᠡ ᠶᠢ ᠮᠢᠨᠢ ᠰᠣᠨᠣᠰ᠃
2 ᠣᠩ᠋ᠭᠣᠨ ᠢᠰᠷᠧᠯ ᠤᠨᠠᠵᠠᠢ᠂ ᠠᠬᠢᠵᠤ ᠪᠣᠰᠬᠤ ᠪᠠᠷ ᠦᠭᠡᠢ ᠪᠣᠯᠵᠠᠢ ᠥᠪᠡᠷ ᠦᠨ ᠢᠶᠠᠨ ᠨᠤᠲᠤᠭ ᠲᠤ ᠣᠷᠬᠢᠭᠳᠠᠭᠰᠠᠨ ᠴᠤ ᠡᠷᠭᠦᠵᠦ ᠪᠣᠰᠬᠠᠬᠤ ᠬᠥᠮᠦᠨ ᠠᠯᠠᠭ᠎ᠠ᠃
3 ᠡᠵᠡᠨ ᠶᠣᠬᠣᠸᠠ ᠡᠢᠨ ᠬᠦ ᠠᠢᠯᠠᠳᠴᠤ ᠪᠠᠢᠨ᠎ᠠ᠄ ᠢᠰᠷᠧᠯ ᠤᠨ ᠲᠥᠯᠥᠭᠡ ᠮᠢᠩ᠋ᠭᠠᠨ ᠴᠡᠷᠢᠭ ᠢ ᠢᠯᠡᠭᠡᠭᠰᠡᠨ ᠬᠣᠲᠠ ᠳᠤ ᠵᠠᠭᠤ ᠵᠠᠭᠤ ᠶᠢ ᠶᠠᠪᠤᠭᠤᠯᠤᠭᠰᠠᠨ ᠬᠣᠲᠠ ᠳᠤ ᠠᠷᠪᠠ ᠯᠠ ᠦᠯᠡᠳᠡᠨ᠎ᠡ᠃
4 ᠶᠣᠬᠣᠸᠠ ᠢᠰᠷᠧᠯ ᠤᠨ ᠭᠡᠷ ᠲᠦ ᠡᠢᠨ ᠬᠦ ᠠᠢᠯᠠᠳᠴᠤ ᠪᠠᠢᠨ᠎ᠠ᠄ ᠨᠠᠮᠠᠶᠢ ᠬᠠᠢ᠂ ᠲᠡᠭᠡᠪᠡᠯ ᠠᠮᠢᠳᠤᠷᠠᠨ᠎ᠠ
5 ᠪᠧᠲ᠋ᠧᠯ ᠢ ᠪᠦᠦ ᠡᠷᠢ᠂ ᠭᠢᠯᠭᠠᠯ ᠳᠤ ᠪᠦᠦ ᠣᠷᠣ᠂ ᠪᠧᠷᠣᠲ ᠱᠧᠪᠠ ᠪᠠᠷ ᠪᠦᠦ ᠳᠠᠭᠠᠷᠢ ᠤᠴᠢᠷ ᠨᠢ ᠭᠢᠯᠭᠠᠯ ᠵᠠᠢᠯᠠᠰᠢ ᠦᠭᠡᠢ ᠴᠥᠯᠡᠭᠳᠡᠨ᠎ᠡ᠂ ᠪᠧᠲ᠋ᠧᠯ ᠶᠠᠭᠤ ᠴᠤ ᠦᠭᠡᠢ ᠪᠣᠯᠣᠨ᠎ᠠ᠃
6 ᠶᠣᠬᠣᠸᠠ ᠶᠢ ᠬᠠᠢ᠂ ᠲᠡᠭᠡᠪᠡᠯ ᠠᠮᠢᠳᠤᠷᠠᠨ᠎ᠠ ᠡᠰᠡ ᠲᠡᠭᠡᠪᠡᠯ ᠲᠡᠷᠡ ᠪᠡᠷ ᠶᠣᠰᠧᠹ ᠤᠨ ᠭᠡᠷ ᠢ ᠭᠠᠯ ᠮᠡᠲᠦ ᠳᠠᠭᠠᠷᠢᠵᠤ᠂ ᠵᠠᠯᠭᠢᠨ᠎ᠠ ᠪᠧᠲ᠋ᠧᠯ ᠳᠤ ᠲᠡᠭᠦᠨ ᠢ ᠤᠨᠲᠠᠷᠠᠭᠠᠬᠤ ᠨᠢᠭᠡᠨ ᠨᠢ ᠠᠯᠠᠭ᠎ᠠ᠂
7 ᠰᠢᠳᠤᠷᠭᠤ ᠶᠢ ᠭᠠᠰᠢᠭᠤᠨ ᠪᠣᠯᠭᠠᠵᠤ ᠵᠥᠪ ᠢ ᠭᠠᠵᠠᠷ ᠬᠠᠶᠠᠭᠴᠢᠳ ᠡ︕
8 ᠬᠠᠷᠢᠨ ᠳᠣᠬᠢᠭᠤᠷ ᠳᠣᠯᠣᠭ᠎ᠠ ᠪᠠ ᠮᠡᠴᠢᠳ ᠢ ᠪᠦᠲᠦᠭᠡᠭᠴᠢ ᠲᠦᠨᠡᠷ ᠬᠠᠷᠠᠩ᠋ᠭᠤᠢ ᠶᠢ ᠥᠷᠯᠥᠭᠡ ᠪᠣᠯᠭᠠᠨ ᠰᠣᠯᠢᠭᠴᠢ ᠡᠳᠦᠷ ᠢ ᠰᠥᠨᠢ ᠪᠣᠯᠭᠠᠨ ᠬᠠᠷᠠᠩ᠋ᠭᠤᠢᠯᠠᠭᠤᠯᠵᠤ ᠳᠠᠯᠠᠢ ᠶᠢᠨ ᠤᠰᠤ ᠶᠢ ᠳᠠᠭᠤᠳᠠᠨ ᠭᠠᠵᠠᠷ ᠤᠨ ᠭᠠᠳᠠᠷᠭᠤ ᠳᠡᠭᠡᠷ᠎ᠡ ᠠᠰᠬᠠᠭᠴᠢ ᠨᠢᠭᠡᠨ ᠨᠢ ᠪᠢ ᠲᠡᠭᠦᠨ ᠦ ᠨᠡᠷ᠎ᠡ ᠪᠣᠯ ᠶᠣᠬᠣᠸᠠ᠃
9 ᠲᠡᠷᠡ ᠪᠡᠷ ᠬᠦᠴᠦᠲᠡᠨ ᠦ ᠳᠡᠭᠡᠷ᠎ᠡ ᠰᠦᠢᠷᠡᠯ ᠢ ᠭᠢᠯᠪᠢᠭᠡᠨ ᠮᠡᠲᠦ ᠪᠠᠭᠤᠯᠭᠠᠵᠤ᠂ ᠪᠡᠬᠢᠯᠡᠯᠲᠡ ᠳᠦ ᠰᠦᠢᠷᠡᠯ ᠢ ᠠᠪᠴᠢᠷᠠᠳᠠᠭ᠃
10 ᠰᠢᠭᠦᠯᠲᠡ ᠳᠡᠭᠡᠷ᠎ᠡ ᠪᠤᠷᠤᠭᠤᠰᠢᠶᠠᠳᠠᠭ ᠬᠥᠮᠦᠨ ᠢ ᠲᠠ ᠨᠠᠷ ᠵᠢᠭ᠍ᠰᠢᠵᠦ ᠦᠨᠡᠨ ᠢ ᠶᠠᠷᠢᠳᠠᠭ ᠬᠥᠮᠦᠨ ᠢ ᠵᠢᠪᠡᠭᠦᠴᠡᠳᠡᠭ᠃
11 ᠲᠠ ᠨᠠᠷ ᠳᠣᠷᠣᠢ ᠬᠥᠮᠦᠨ ᠢ ᠭᠢᠰᠬᠢᠵᠦ ᠲᠡᠳᠡᠨ ᠡᠴᠡ ᠲᠠᠷᠢᠶᠠᠨ ᠤ ᠲᠠᠲᠠᠪᠤᠷᠢ ᠶᠢ ᠠᠯᠪᠠᠳᠠᠨ ᠠᠪᠳᠠᠭ ᠲᠡᠢᠮᠦ ᠡᠴᠡ ᠲᠠ ᠨᠠᠷ ᠵᠠᠰᠠᠭᠰᠠᠨ ᠴᠢᠯᠠᠭᠤ ᠪᠠᠷ ᠪᠠᠢᠰᠢᠩ ᠪᠠᠷᠢᠭᠰᠠᠨ ᠴᠤ ᠲᠡᠨᠳᠡ ᠪᠡᠨ ᠰᠠᠭᠤᠬᠤ ᠦᠭᠡᠢ ᠦᠵᠡᠮᠵᠢᠲᠦ ᠦᠵᠦᠮ ᠦᠨ ᠲᠠᠯᠠᠪᠠᠢ ᠪᠠᠢᠭᠤᠯᠤᠭᠰᠠᠨ ᠴᠤ ᠳᠠᠷᠠᠰᠤᠨ ᠠᠴᠠ ᠨᠢ ᠤᠤᠭᠤᠬᠤ ᠦᠭᠡᠢ᠃
12 ᠲᠠ ᠨᠠᠷ ᠤᠨ ᠣᠯᠠᠨ ᠭᠡᠮ᠂ ᠦᠯᠡᠮᠵᠢ ᠨᠢᠭᠦᠯ ᠢ ᠪᠢ ᠮᠡᠳᠡᠨ᠎ᠡ ᠲᠠ ᠨᠠᠷ ᠵᠥᠪᠲᠡᠨ ᠢ ᠵᠣᠪᠠᠭᠠᠵᠤ ᠬᠠᠬᠤᠤᠯᠢ ᠠᠪᠤᠨ ᠶᠠᠳᠠᠭᠤᠰ ᠢ ᠰᠢᠭᠦᠯᠲᠡ ᠳᠡᠭᠡᠷ᠎ᠡ ᠬᠢᠯᠢᠰᠳᠡᠭᠦᠯᠳᠡᠭ᠌᠃
13 ᠴᠠᠭ ᠦᠶ᠎ᠡ ᠮᠠᠭᠤ ᠪᠠᠢᠨ᠎ᠠ ᠬᠡᠷᠰᠡᠦ ᠨᠢ ᠡᠢᠮᠦ ᠴᠠᠭ ᠲᠤ ᠳᠠᠭᠤ ᠪᠠᠨ ᠬᠤᠷᠢᠶᠠᠨ᠎ᠠ᠃
14 ᠠᠮᠢᠳᠤ ᠦᠯᠡᠳᠡᠶ᠎ᠡ ᠭᠡᠪᠡᠯ ᠲᠠ ᠨᠠᠷ ᠮᠠᠭᠤ ᠶᠢ ᠪᠤᠰᠤ᠂ ᠰᠠᠢᠨ ᠢ ᠬᠠᠢ ᠲᠡᠭᠡᠪᠡᠯ ᠲᠠ ᠨᠠᠷ ᠤᠨ ᠬᠡᠯᠡᠳᠡᠭ ᠲᠡᠢ ᠠᠳᠠᠯᠢ ᠠᠤᠭ᠎ᠠ ᠬᠦᠴᠦᠲᠦ ᠪᠤᠷᠬᠠᠨ ᠶᠣᠬᠣᠸᠠ ᠲᠠ ᠨᠠᠷ ᠲᠠᠢ ᠬᠠᠮᠲᠤ ᠪᠠᠢᠬᠤ ᠪᠣᠯᠣᠨ᠎ᠠ᠃
15 ᠮᠠᠭᠤ ᠶᠢ ᠵᠢᠭ᠍ᠰᠢᠵᠦ᠂ ᠰᠠᠢᠨ ᠢ ᠬᠠᠢᠷᠠᠯᠠ ᠰᠢᠭᠦᠯᠲᠡ ᠳᠡᠭᠡᠷ᠎ᠡ ᠵᠥᠪ ᠢ ᠲᠣᠭᠲᠠᠭ᠎ᠠ ᠠᠤᠭ᠎ᠠ ᠬᠦᠴᠦᠲᠦ ᠪᠤᠷᠬᠠᠨ ᠶᠣᠬᠣᠸᠠ ᠶᠣᠰᠧᠹ ᠤᠨ ᠦᠯᠡᠳᠡᠭᠰᠡᠳ ᠢ ᠨᠢᠭᠦᠯᠡᠰᠴᠦ ᠮᠠᠭᠠᠳ ᠦᠭᠡᠢ᠃
16 ᠠᠤᠭ᠎ᠠ ᠬᠦᠴᠦᠲᠦ ᠪᠤᠷᠬᠠᠨ ᠶᠣᠬᠣᠸᠠ᠂ ᠡᠵᠡᠨ ᠡᠢᠨ ᠬᠦ ᠠᠢᠯᠠᠳᠴᠤ ᠪᠠᠢᠨ᠎ᠠ᠄ ᠲᠠᠯᠠᠪᠠᠢ ᠪᠦᠷᠢ ᠳᠤ ᠣᠷᠢᠯᠠᠭᠠᠨ᠂ ᠭᠤᠳᠤᠮᠵᠢ ᠪᠦᠷᠢ ᠳᠤ 〈ᠡ᠂ ᠡ〉 ᠭᠡᠬᠦ ᠨᠢ ᠰᠣᠨᠣᠰᠳᠠᠨ᠎ᠠ ᠲᠠᠷᠢᠶᠠᠴᠢᠳ ᠭᠠᠰᠢᠭᠤᠳᠠᠯ ᠳᠤ᠂ ᠤᠬᠢᠯᠠᠭᠴᠢᠳ ᠡᠮᠭᠡᠨᠢᠯ ᠳᠤ ᠳᠠᠭᠤᠳᠠᠭᠳᠠᠨ᠎ᠠ᠃
17 ᠲᠠ ᠨᠠᠷ ᠤᠨ ᠳᠤᠮᠳᠠᠭᠤᠷ ᠥᠩᠭᠡᠷᠡᠬᠦ ᠳᠦ ᠮᠢᠨᠢ ᠦᠵᠦᠮ ᠦᠨ ᠴᠡᠴᠡᠷᠯᠢᠭ ᠪᠦᠷᠢ ᠳᠤ ᠣᠷᠢ ᠳᠠᠭᠤ ᠪᠠᠢᠬᠤ ᠪᠣᠯᠣᠨ᠎ᠠ᠂ ᠶᠣᠬᠣᠸᠠ ᠠᠢᠯᠠᠳᠴᠤ ᠪᠠᠢᠨ᠎ᠠ᠃
ᠶᠣᠬᠣᠸᠠ ᠶᠢᠨ ᠡᠳᠦᠷ ᠬᠠᠷᠠᠩ᠋ᠭᠤᠢ
18 ᠶᠣᠬᠣᠸᠠ ᠶᠢᠨ ᠡᠳᠦᠷ ᠢ ᠬᠦᠰᠡᠮᠵᠢᠯᠡᠭᠴᠢᠳ ᠭᠠᠰᠠᠯᠠᠩᠲᠠᠶ᠎ᠠ ᠶᠠᠭᠠᠬᠢᠭᠠᠳ ᠲᠠ ᠨᠠᠷ ᠶᠣᠬᠣᠸᠠ ᠶᠢᠨ ᠡᠳᠦᠷ ᠢ ᠬᠦᠰᠡᠮᠵᠢᠯᠡᠨ᠎ᠡ ᠪᠤᠢ︖ ᠲᠡᠷᠡ ᠡᠳᠦᠷ ᠭᠡᠷᠡᠯ ᠦᠭᠡᠢ᠂ ᠬᠠᠷᠠᠩ᠋ᠭᠤᠢ᠃
19 ᠬᠥᠮᠦᠨ ᠠᠷᠰᠯᠠᠨ ᠠᠴᠠ ᠵᠢᠭᠤᠲᠠᠭᠠᠳ ᠪᠠᠭᠠᠪᠠᠭᠠᠢ ᠲᠠᠢ ᠤᠴᠠᠷᠠᠬᠤ ᠮᠡᠲᠦ ᠭᠡᠷ ᠲᠡᠭᠡᠨ ᠬᠠᠷᠢᠭᠠᠳ ᠭᠠᠷ ᠢᠶᠠᠷ ᠢᠶᠠᠨ ᠬᠠᠨ᠎ᠠ ᠲᠦᠰᠢᠲᠡᠯᠡ ᠮᠣᠭᠠᠢ ᠳᠤ ᠬᠠᠳᠬᠤᠭᠤᠯᠬᠤ ᠮᠡᠲᠦ
20 ᠶᠣᠬᠣᠸᠠ ᠶᠢᠨ ᠡᠳᠦᠷ ᠨᠢ ᠭᠡᠷᠡᠯ ᠦᠭᠡᠢ ᠬᠠᠷᠠᠩ᠋ᠭᠤᠢ᠂ ᠭᠡᠭᠡ ᠦᠭᠡᠢ ᠬᠠᠪ ᠬᠠᠷᠠᠩ᠋ᠭᠤᠢ ᠪᠢᠰᠢ ᠤᠤ︖
21 《ᠨᠠᠢᠷ ᠨᠠᠭᠠᠳᠤᠮ ᠢ ᠴᠢᠨᠢ ᠪᠢ ᠵᠢᠪᠡᠭᠦᠴᠡᠨ ᠵᠢᠭ᠍ᠰᠢᠳᠡᠭ ᠨᠡᠢᠲᠡ ᠴᠢᠭᠤᠯᠭᠠᠨ ᠢ ᠴᠢᠨᠢ ᠪᠢ ᠦᠯᠦ ᠲᠠᠭᠠᠯᠠᠳᠠᠭ᠃
22 ᠰᠢᠲᠠᠭᠠᠯᠭᠠᠲᠤ ᠲᠠᠬᠢᠯ᠂ ᠢᠳᠡᠭᠡᠨ ᠲᠠᠬᠢᠯ ᠢ ᠨᠠᠳᠠᠳᠤ ᠡᠷᠭᠦᠭᠰᠡᠨ ᠴᠤ ᠪᠢ ᠬᠦᠯᠢᠶᠡᠨ ᠠᠪᠬᠤ ᠦᠭᠡᠢ ᠡᠪ ᠦᠨ ᠲᠠᠬᠢᠯ ᠤᠨ ᠳᠡᠭᠡᠵᠢ ᠶᠢ ᠠᠪᠴᠢᠷᠠᠭᠰᠠᠨ ᠴᠤ ᠪᠢ ᠣᠢᠰᠢᠶᠠᠬᠤ ᠦᠭᠡᠢ᠃
23 ᠳᠠᠭᠤᠤ ᠬᠥᠭᠵᠢᠮ ᠤᠨ ᠢᠶᠠᠨ ᠱᠤᠤᠭᠢᠶᠠᠨ ᠢ ᠨᠠᠳᠠ ᠠᠴᠠ ᠵᠠᠢᠯᠠᠭᠤᠯ ᠬᠤᠭᠤᠷ ᠤᠨ ᠴᠢᠨᠢ ᠠᠶ᠎ᠠ ᠶᠢ ᠪᠢ ᠰᠣᠨᠣᠰᠬᠤ ᠦᠭᠡᠢ᠃
24 ᠬᠠᠷᠢᠨ ᠰᠢᠳᠤᠷᠭᠤ ᠶᠢ ᠤᠰᠤ ᠮᠡᠲᠦ᠂ ᠵᠥᠪ ᠢ ᠮᠥᠩᠬᠡ ᠶᠢᠨ ᠤᠷᠤᠰᠬᠠᠯ ᠮᠡᠲᠦ ᠤᠷᠤᠰᠬ᠎ᠠ᠃
25 ᠢᠰᠷᠧᠯ ᠤᠨ ᠬᠢᠨ ᠡ᠂ ᠲᠠ ᠨᠠᠷ ᠴᠥᠯ ᠳᠤ ᠳᠥᠴᠢᠨ ᠵᠢᠯ ᠪᠠᠢᠬᠤ ᠳᠠᠭᠠᠨ ᠨᠠᠳᠠ ᠳᠤ ᠯᠠ ᠵᠣᠯᠢᠶᠠᠰᠤᠨ ᠤ ᠡᠷᠭᠦᠯ᠂ ᠲᠠᠬᠢᠯ ᠲᠠᠯᠪᠢᠵᠤ ᠪᠠᠢᠭᠰᠠᠨ ᠤᠤ︖
26 ᠲᠠ ᠨᠠᠷ ᠪᠠᠰᠠ ᠥᠪᠡᠷᠰᠡᠳ ᠲᠡᠭᠡᠨ ᠬᠢᠭᠰᠡᠨ ᠬᠠᠭᠠᠨ ᠤ ᠪᠠᠨ ᠴᠠᠴᠠᠷ᠂ ᠰᠢᠲᠦᠭᠡᠨ ᠦ ᠪᠠᠨ ᠰᠠᠭᠤᠷᠢ᠂ ᠪᠤᠷᠬᠠᠨ ᠤ ᠪᠠᠨ ᠣᠳᠣ ᠶᠢ ᠡᠭᠦᠷᠴᠦ ᠶᠠᠪᠤᠳᠠᠭ ᠪᠠᠢᠭᠰᠠᠨ᠃
27 ᠪᠢ ᠲᠠ ᠨᠠᠷ ᠢ ᠳ᠋ᠠᠮᠠᠰᠺᠦ᠋ᠰ ᠤᠨ ᠴᠢᠨᠠᠳᠤ ᠳᠤ ᠴᠥᠯᠡᠵᠦ ᠶᠠᠪᠤᠭᠤᠯᠤᠨ᠎ᠠ᠂ ᠠᠤᠭ᠎ᠠ ᠬᠦᠴᠦᠲᠦ ᠪᠤᠷᠬᠠᠨ ᠭᠡᠵᠦ ᠨᠡᠷᠡᠯᠡᠭᠳᠡᠳᠡᠭ ᠶᠣᠬᠣᠸᠠ ᠠᠢᠯᠠᠳᠴᠤ ᠪᠠᠢᠨ᠎ᠠ᠃