1 2 3 4 5 6 7 8 9 10 11 12 13


ᠨᠧᠾᠧᠮᠢᠶ᠎ᠠ ᠨᠢᠭᠡ
 ᠠᠷᠠᠳ ᠲᠦᠮᠡᠨ ᠦ ᠲᠥᠯᠥᠭᠡᠬᠢ ᠳᠠᠭᠠᠳᠬᠠᠯ

1 ᠬᠠᠺᠠᠯᠢᠶ᠎ᠠ ᠶᠢᠨ ᠬᠦᠦ ᠨᠧᠾᠧᠮᠢᠶ᠎ᠠ ᠶᠢᠨ ᠦᠭᠡᠰ᠄ ᠠᠷᠲ᠋ᠠᠱᠠᠰᠲ᠋ᠠ ᠬᠠᠭᠠᠨ ᠤ ᠬᠣᠷᠢᠳᠤᠭᠠᠷ ᠣᠨ ᠤ ᠺᠢᠰᠯᠧᠸ ᠰᠠᠷ 1  ᠳᠤ᠂ ᠪᠢ ᠰᠦᠰᠠ ᠰᠢᠯᠲᠦᠭᠡᠨ ᠳᠦ ᠪᠠᠢᠭᠰᠠᠨ ᠪᠢᠯᠡ᠃ 2 ᠮᠢᠨᠦ ᠠᠬᠠᠨ ᠳᠡᠭᠦᠦᠰ ᠦᠨ ᠨᠢᠭᠡ ᠪᠣᠯᠬᠤ ᠬᠠᠨᠠᠨᠢ ᠬᠡᠳᠦᠨ ᠬᠥᠮᠦᠨ ᠲᠡᠢ ᠬᠠᠮᠲᠤ ᠶᠦᠳᠠ ᠠᠴᠠ ᠢᠷᠡᠬᠦ ᠳᠦ᠂ ᠪᠢ ᠴᠥᠯᠡᠭᠳᠡᠭᠡ ᠦᠭᠡᠢ ᠲᠡᠨᠳᠡ ᠦᠯᠡᠳᠡᠭᠰᠡᠨ ᠶᠦᠳᠠᠢᠴᠤᠳ ᠤᠨ ᠲᠤᠬᠠᠢ᠂ ᠮᠥᠨ ᠶᠧᠷᠦ᠋ᠰᠠᠯᠧᠮ ᠤᠨ ᠲᠤᠬᠠᠢ ᠲᠡᠳᠡᠨ ᠡᠴᠡ ᠠᠰᠠᠭᠤᠯ᠎ᠠ᠃ 3 ᠲᠡᠳᠡ ᠨᠠᠳᠠ ᠳᠤ᠄ 《ᠮᠤᠵᠢ ᠳᠠᠭᠠᠨ ᠦᠯᠡᠳᠡᠭᠰᠡᠨ ᠴᠥᠯᠡᠭᠳᠡᠭᠡ ᠦᠭᠡᠢ ᠬᠥᠮᠦᠰ ᠮᠠᠰᠢ ᠶᠡᠬᠡ ᠵᠣᠪᠠᠯᠠᠩ ᠳᠣᠷᠣᠮᠵᠢᠯᠠᠯ ᠤᠨ ᠳᠣᠣᠷ᠎ᠠ ᠪᠠᠢᠭ᠎ᠠ ᠪᠥᠭᠡᠳ ᠶᠧᠷᠦ᠋ᠰᠠᠯᠧᠮ ᠤᠨ ᠬᠡᠷᠡᠮ ᠨᠤᠷᠠᠵᠤ᠂ ᠬᠠᠭᠠᠯᠭ᠎ᠠ ᠨᠤᠭᠤᠳ ᠨᠢ ᠭᠠᠯ ᠳᠤ ᠰᠢᠲᠠᠭᠰᠠᠨ ᠪᠠᠢᠨ᠎ᠠ》 ᠭᠡᠪᠡ᠃

4 ᠪᠢ ᠡᠳᠡᠭᠡᠷ ᠦᠭᠡ ᠶᠢ ᠰᠣᠨᠣᠰᠣᠮᠠᠭᠴᠠ ᠳᠣᠷᠣᠭᠰᠢ ᠰᠠᠭᠤᠭᠠᠳ ᠤᠬᠢᠯᠠᠪᠠ᠃ ᠬᠡᠳᠦᠨ ᠡᠳᠦᠷ ᠦᠨ ᠲᠤᠷᠰᠢ ᠪᠢ ᠭᠠᠰᠢᠭᠤᠳᠠᠵᠤ ᠪᠠᠴᠠᠭ ᠪᠠᠷᠢᠨ᠂ ᠲᠩᠷᠢ ᠶᠢᠨ ᠪᠤᠷᠬᠠᠨ ᠤ ᠡᠮᠦᠨ᠎ᠡ ᠳᠠᠭᠠᠳᠬᠠᠵᠤ᠄ 5 《ᠲᠩᠷᠢ ᠶᠢᠨ ᠪᠤᠷᠬᠠᠨ ᠶᠣᠬᠣᠸᠠ᠂ ᠠᠤᠭ᠎ᠠ ᠰᠦᠷᠳᠡᠮᠡᠷ ᠪᠤᠷᠬᠠᠨ᠂ ᠲᠠᠨ ᠳᠤ ᠬᠠᠢᠷᠠᠲᠠᠢ᠂ ᠲᠠᠨ ᠤ ᠲᠤᠰᠢᠶᠠᠯ ᠤᠳ ᠢ ᠰᠠᠬᠢᠳᠠᠭ ᠬᠥᠮᠦᠰ ᠲᠦ ᠬᠠᠢᠷ᠎ᠠ ᠡᠨᠡᠷᠢᠯ ᠤᠨ ᠭᠡᠷ᠎ᠡ ᠪᠡᠨ ᠰᠠᠬᠢᠳᠠᠭ ᠪᠤᠷᠬᠠᠨ ᠮᠢᠨᠢ᠂ 6 ᠲᠠᠨ ᠤ ᠴᠢᠬᠢ ᠰᠣᠨᠣᠷ᠂ ᠲᠠᠨ ᠤ ᠮᠡᠯᠮᠡᠢ ᠨᠡᠭᠡᠭᠡᠯᠲᠡ ᠲᠠᠢ ᠪᠠᠢᠵᠤ᠂ ᠵᠠᠷᠤᠴᠠ ᠶᠢᠨ ᠢᠶᠠᠨ ᠳᠠᠭᠠᠳᠬᠠᠯ ᠢ ᠰᠣᠨᠣᠰᠣᠨ᠎ᠠ ᠤᠤ︖ ᠲᠠᠨ ᠤ ᠵᠠᠷᠤᠴᠠ ᠨᠠᠷ ᠢᠰᠷᠧᠯᠴᠦᠳ ᠦᠨ ᠲᠥᠯᠥᠭᠡ ᠪᠢ ᠲᠠᠨ ᠤ ᠡᠮᠦᠨ᠎ᠡ ᠡᠳᠦᠷ ᠰᠥᠨᠢ ᠦᠭᠡᠢ ᠳᠠᠭᠠᠳᠬᠠᠵᠤ᠂ ᠢᠰᠷᠧᠯᠴᠦᠳ ᠦᠨ ᠨᠢᠭᠦᠯ ᠢ ᠤᠯᠠᠢᠵᠤ ᠪᠠᠢᠨ᠎ᠠ᠃ ᠪᠢ ᠴᠤ᠂ ᠮᠢᠨᠦ ᠡᠴᠢᠭᠡ ᠶᠢᠨ ᠭᠡᠷ ᠪᠦᠯᠢ ᠴᠤ ᠲᠠᠨ ᠳᠤ ᠨᠢᠭᠦᠯ ᠦᠢᠯᠡᠳᠦᠭᠰᠡᠨ ᠶᠤᠮ᠃ 7 ᠪᠢᠳᠡ ᠲᠠᠨ ᠢ ᠦᠨᠡᠬᠡᠷ ᠭᠣᠮᠣᠳᠠᠭᠠᠵᠤ᠂ ᠵᠠᠷᠤᠴᠠ ᠮᠣᠰᠧ ᠳᠡᠭᠡᠨ ᠰᠣᠶᠣᠷᠬᠠᠭᠰᠠᠨ ᠲᠤᠰᠢᠶᠠᠯ᠂ ᠲᠣᠭᠲᠠᠭᠠᠯ᠂ ᠵᠢᠷᠤᠮ ᠤᠳ ᠢ ᠲᠠᠨᠢ ᠰᠠᠬᠢᠭᠰᠠᠨ ᠦᠭᠡᠢ᠃ 8 ᠣᠳᠣ ᠲᠠ ᠵᠠᠷᠤᠴᠠ ᠮᠣᠰᠧ ᠳᠡᠭᠡᠨ ᠲᠤᠰᠢᠶᠠᠭᠰᠠᠨ ᠦᠭᠡ ᠪᠡᠨ ᠰᠠᠨᠠᠭᠠᠴᠢ᠃ ᠲᠠ᠄ 〈ᠬᠡᠷᠪᠡ ᠲᠠ ᠨᠠᠷ ᠢᠲᠡᠭᠡᠮᠵᠢ ᠦᠭᠡᠢ ᠪᠣᠯᠪᠠᠯ ᠪᠢ ᠲᠠ ᠨᠠᠷ ᠢ ᠦᠨᠳᠦᠰᠦᠲᠡᠨ ᠨᠦᠭᠦᠳ ᠦᠨ ᠳᠤᠮᠳᠠ ᠲᠠᠷᠬᠠᠭᠠᠨ᠎ᠠ᠃ 9 ᠬᠠᠷᠢᠨ ᠨᠠᠳᠠ ᠤᠷᠤᠭᠤ ᠡᠷᠭᠢᠵᠦ ᠮᠢᠨᠦ ᠲᠤᠰᠢᠶᠠᠯ ᠤᠳ ᠢ ᠰᠠᠬᠢᠨ ᠪᠡᠶᠡᠯᠡᠭᠦᠯᠪᠡᠯ᠂ ᠲᠠ ᠨᠠᠷ ᠲᠩᠷᠢ ᠶᠢᠨ ᠬᠢᠵᠠᠭᠠᠷ ᠲᠤ ᠴᠥᠯᠡᠭᠳᠡᠭᠰᠡᠨ ᠪᠠᠢᠪᠠᠴᠤ ᠪᠢ ᠲᠠ ᠨᠠᠷ ᠢ ᠲᠡᠨᠳᠡ ᠡᠴᠡ ᠴᠤᠭᠯᠠᠭᠤᠯᠵᠤ᠂ ᠥᠪᠡᠷ ᠦᠨ ᠢᠶᠠᠨ ᠨᠡᠷ᠎ᠡ ᠶᠢ ᠪᠠᠢᠯᠭᠠᠬᠤ ᠪᠠᠷ ᠰᠣᠩ᠋ᠭᠣᠭᠰᠠᠨ ᠭᠠᠵᠠᠷ ᠲᠠᠭᠠᠨ ᠠᠪᠴᠢᠷᠠᠨ᠎ᠠ〉 ᠭᠡᠰᠡᠨ ᠪᠢᠯᠡ᠃ 10 ᠲᠡᠳᠡ ᠪᠣᠯ ᠲᠠᠨ ᠤ ᠵᠠᠷᠤᠴᠠ᠂ ᠲᠠᠨ ᠤ ᠠᠷᠠᠳ ᠲᠦᠮᠡᠨ᠃ ᠲᠡᠳᠡᠨ ᠢ ᠲᠠ ᠠᠤᠭ᠎ᠠ ᠬᠦᠴᠦ ᠪᠣᠯᠣᠨ ᠬᠦᠴᠦᠷᠬᠡᠭ ᠮᠤᠲᠤᠷ ᠢᠶᠠᠷ ᠢᠶᠠᠨ ᠵᠣᠯᠢᠨ ᠠᠪᠤᠷᠠᠭᠰᠠᠨ ᠶᠤᠮ᠃ 11 ᠶᠣᠬᠣᠸᠠ ᠮᠢᠨᠢ᠂ ᠲᠠᠨ ᠤ ᠴᠢᠬᠢ ᠵᠠᠷᠤᠴᠠ ᠶᠢᠨ ᠢᠶᠠᠨ ᠳᠠᠭᠠᠳᠬᠠᠯ ᠳᠤ᠂ ᠮᠥᠨ ᠨᠡᠷ᠎ᠡ ᠶᠢ ᠲᠠᠨᠢ ᠬᠦᠨᠳᠦᠯᠡᠬᠦ ᠶᠢ ᠬᠦᠰᠡᠳᠡᠭ ᠵᠠᠷᠤᠴᠠ ᠨᠠᠷ ᠤᠨ ᠢᠶᠠᠨ ᠳᠠᠭᠠᠳᠬᠠᠯ ᠳᠤ ᠰᠣᠨᠣᠷ ᠪᠠᠢᠵᠤ᠂ ᠥᠨᠥᠳᠥᠷ ᠵᠠᠷᠤᠴᠠ ᠪᠠᠨ ᠠᠮᠵᠢᠯᠲᠠ ᠲᠠᠢ ᠪᠣᠯᠭᠠᠨ᠂ ᠡᠨᠡ ᠬᠥᠮᠦᠨ ᠦ ᠡᠮᠦᠨ᠎ᠡ ᠥᠷᠥᠰᠢᠶᠡᠯ ᠰᠣᠶᠣᠷᠬᠠᠭᠠᠴᠢ》 ᠭᠡᠪᠡ᠃ ᠲᠡᠷᠡ ᠦᠶ᠎ᠡ ᠳᠦ ᠪᠢ ᠬᠠᠭᠠᠨ ᠤ ᠰᠥᠩ ᠪᠠᠷᠢᠭᠴᠢ ᠪᠠᠢᠭᠰᠠᠨ ᠶᠤᠮ᠃