ᠨᠧᠾᠧᠮᠢᠶ᠎ᠠ ᠵᠢᠷᠭᠤᠭ᠎ᠠ
ᠳᠠᠢᠰᠤᠨ ᠤ ᠬᠤᠤᠪᠢᠯᠳᠤᠭᠠᠨ
1 ᠬᠡᠷᠡᠮ ᠢ ᠴᠥᠮᠥᠷᠬᠡᠢ ᠦᠯᠡᠳᠡᠭᠡᠯ ᠦᠭᠡᠢ ᠪᠣᠰᠬᠠᠭᠰᠠᠨ ᠭᠡᠳᠡᠭ ᠢ ᠮᠢᠨᠢ ᠰᠠᠨᠪᠠᠯᠠᠲ᠂ ᠲᠣᠪᠢᠶ᠎ᠠ᠂ ᠠᠷᠠᠪ ᠬᠥᠮᠦᠨ ᠭᠧᠱᠧᠮ ᠪᠣᠯᠣᠨ ᠪᠢᠳᠡᠨ ᠦ ᠪᠤᠰᠤᠳ ᠳᠠᠢᠰᠤᠨ ᠨᠤᠭᠤᠳ ᠰᠣᠨᠣᠰᠣᠭᠰᠠᠨ ᠪᠠᠢᠨ᠎ᠠ᠃ ᠲᠡᠷᠡ ᠦᠶ᠎ᠡ ᠳᠦ ᠪᠢ ᠬᠠᠭᠠᠯᠭᠠᠨ ᠤ ᠬᠠᠪᠲᠠᠰᠤ ᠨᠤᠭᠤᠳ ᠢ ᠯᠠ ᠤᠭᠰᠠᠷᠠᠭ᠎ᠠ ᠦᠭᠡᠢ ᠪᠠᠢᠭᠰᠠᠨ᠃ 2 ᠰᠠᠨᠪᠠᠯᠠᠲ᠂ ᠭᠧᠱᠧᠮ ᠨᠠᠷ ᠨᠠᠳᠠ ᠳᠤ ᠵᠠᠬᠢᠳᠠᠯ ᠢᠯᠡᠭᠡᠨ᠄ 《ᠣᠨᠣ᠋ ᠶᠢᠨ ᠲᠠᠯ᠎ᠠ ᠳᠠᠬᠢ ᠨᠢᠭᠡ ᠲᠣᠰᠬᠣᠨ ᠳᠤ ᠢᠷᠡᠨ᠎ᠡ ᠤᠤ︖ ᠪᠦᠭᠦᠳᠡᠭᠡᠷ ᠢᠶᠡᠨ ᠲᠡᠨᠳᠡ ᠠᠭᠤᠯᠵᠠᠵᠠᠭᠠᠶ᠎ᠠ︕》 ᠭᠡᠪᠡ᠃ ᠲᠡᠳᠡ ᠨᠠᠮᠠᠶᠢ ᠬᠣᠣᠷᠯᠠᠬᠤ ᠰᠠᠨᠠᠭ᠎ᠠ ᠲᠠᠢ ᠪᠠᠢᠪᠠ᠃ 3 ᠪᠢ ᠲᠡᠳᠡᠨ ᠤᠷᠤᠭᠤ ᠡᠯᠴᠢᠳ ᠢᠯᠡᠭᠡᠵᠦ᠄ 《ᠪᠢ ᠴᠢᠬᠤᠯᠠ ᠠᠵᠢᠯ ᠬᠢᠵᠦ ᠪᠠᠢᠭ᠎ᠠ ᠤᠴᠢᠷ ᠠᠴᠠ ᠲᠡᠰᠢ ᠣᠴᠢᠵᠤ ᠠᠮᠵᠢᠬᠤ ᠦᠭᠡᠢ᠃ ᠪᠢ ᠡᠭᠦᠨ ᠢ ᠣᠷᠬᠢᠭᠠᠳ ᠲᠠ ᠨᠠᠷ ᠤᠷᠤᠭᠤ ᠣᠴᠢᠬᠤ ᠭᠡᠵᠦ ᠡᠨᠡ ᠠᠵᠢᠯ ᠢ ᠵᠣᠭᠰᠣᠭᠠᠵᠤ ᠶᠠᠭᠠᠬᠢᠨ ᠪᠣᠯᠬᠤ ᠪᠤᠢ︖》 ᠭᠡᠵᠦ ᠬᠡᠯᠡᠭᠦᠯᠪᠡ᠃ 4 ᠲᠡᠳᠡ ᠨᠠᠳᠠ ᠳᠤ ᠡᠢᠮᠦᠷᠬᠦ ᠵᠠᠬᠢᠳᠠᠯ ᠢ ᠳᠥᠷᠪᠡ ᠤᠳᠠᠭ᠎ᠠ ᠢᠯᠡᠭᠡᠭᠰᠡᠨ ᠪᠥᠭᠡᠳ ᠪᠢ ᠲᠡᠳᠡᠨ ᠳᠦ ᠨᠥᠭᠥᠭᠡ ᠯᠠ ᠬᠠᠷᠢᠭᠤ ᠪᠠᠨ ᠥᠭᠪᠡ᠃ 5 ᠬᠠᠷᠢᠨ ᠰᠠᠨᠪᠠᠯᠠᠲ ᠲᠠᠪᠤᠳᠠᠬᠢ ᠤᠳᠠᠭ᠎ᠠ ᠳᠠᠭᠠᠨ ᠠᠳᠠᠯᠢᠬᠠᠨ ᠵᠠᠬᠢᠳᠠᠯ ᠢ ᠪᠢᠲᠡᠭᠦᠮᠵᠢᠯᠡᠭᠡ ᠦᠭᠡᠢ ᠪᠠᠷ ᠵᠠᠷᠤᠴᠠ ᠪᠠᠷ ᠢᠶᠠᠨ ᠢᠯᠡᠭᠡᠨ᠄ 6 《ᠴᠢ ᠪᠣᠯᠣᠨ ᠶᠦᠳᠠᠢᠴᠤᠳ ᠪᠣᠰᠣᠯᠭ᠎ᠠ ᠭᠠᠷᠭᠠᠬᠤ ᠰᠠᠨᠠᠭ᠎ᠠ ᠲᠠᠢ ᠪᠥᠭᠡᠳ ᠲᠡᠢᠮᠦ ᠵᠣᠷᠢᠯᠭ᠎ᠠ ᠪᠠᠷ ᠬᠡᠷᠡᠮ ᠢ ᠪᠣᠰᠬᠠᠵᠤ ᠪᠠᠢᠨ᠎ᠠ ᠭᠡᠵᠦ ᠦᠨᠳᠦᠰᠦᠲᠡᠨ ᠨᠦᠭᠦᠳ ᠦᠨ ᠳᠤᠮᠳᠠ ᠶᠠᠷᠢᠭᠳᠠᠵᠤ ᠪᠠᠢᠨ᠎ᠠ᠂ ᠭᠧᠱᠧᠮ ᠴᠤ ᠡᠭᠦᠨ ᠢ ᠪᠠᠲᠤᠯᠠᠵᠤ ᠪᠠᠢᠨ᠎ᠠ᠃ ᠡᠨᠡ ᠴᠢᠮᠡᠭᠡ ᠪᠡᠷ ᠪᠣᠯ ᠴᠢ ᠲᠡᠳᠡᠨ ᠦ ᠬᠠᠭᠠᠨ ᠪᠣᠯᠬᠤ ᠭᠡᠵᠦ ᠪᠠᠢᠨ᠎ᠠ᠂ 7 ᠮᠥᠨ ᠴᠢ ᠶᠧᠷᠦ᠋ᠰᠠᠯᠧᠮ ᠳᠤ ᠥᠪᠡᠷ ᠦᠨ ᠢᠶᠠᠨ ᠲᠤᠬᠠᠢ᠄ 〈ᠶᠦᠳᠠ ᠳᠤ ᠬᠠᠭᠠᠨ ᠪᠠᠢᠨ᠎ᠠ〉 ᠭᠡᠵᠦ ᠵᠠᠷᠯᠠᠭᠤᠯᠬᠤ ᠪᠠᠷ ᠡᠰᠢ ᠦᠵᠡᠭᠦᠯᠦᠭᠴᠢᠳ ᠢ ᠬᠦᠷᠲᠡᠯ᠎ᠡ ᠲᠣᠮᠢᠯᠠᠭᠰᠠᠨ ᠭᠡᠨ᠎ᠡ᠃ ᠣᠳᠣ ᠡᠨᠡ ᠴᠢᠮᠡᠭᠡ ᠬᠠᠭᠠᠨ ᠤ ᠰᠣᠨᠣᠷ ᠲᠤ ᠬᠦᠷᠦᠨ᠎ᠡ᠃ ᠲᠡᠢᠮᠦ ᠡᠴᠡ ᠴᠢ ᠨᠠᠰᠢ ᠢᠷ᠎ᠡ᠂ ᠪᠢᠳᠡ ᠬᠠᠮᠲᠤ ᠳᠠᠭᠠᠨ ᠵᠥᠪᠯᠡᠯᠳᠦᠶᠡ》 ᠭᠡᠵᠡᠢ᠃ 8 ᠪᠢ ᠲᠡᠭᠦᠨ ᠳᠦ ᠬᠠᠷᠢᠭᠤ ᠢᠯᠡᠭᠡᠨ᠄ 《ᠴᠢᠨᠦ ᠬᠡᠯᠡᠵᠦ ᠪᠠᠢᠭ᠎ᠠ ᠰᠢᠭ᠋ ᠵᠦᠢᠯᠡᠰ ᠣᠭᠲᠣ ᠪᠠᠢᠬᠤ ᠦᠭᠡᠢ᠃ ᠴᠢ ᠡᠳᠡᠭᠡᠷ ᠢ ᠳᠤᠷ᠎ᠠ ᠪᠠᠷ ᠢᠶᠠᠨ ᠵᠣᠬᠢᠶᠠᠵᠤ ᠪᠠᠢᠨ᠎ᠠ》 ᠭᠡᠯᠡ᠃ 9 ᠦᠨᠡᠨ ᠳᠡᠭᠡᠨ ᠲᠡᠳᠡ ᠪᠦᠭᠦᠳᠡ ᠪᠡᠷ ᠢᠶᠠᠨ ᠪᠢᠳᠡᠨ ᠢ ᠠᠶᠤᠯᠭᠠᠬᠤ ᠭᠡᠵᠦ ᠪᠠᠢᠯ᠎ᠠ᠃ ᠲᠡᠳᠡ ᠲᠡᠭᠡᠵᠦ ᠪᠢᠳᠡᠨ ᠦ ᠵᠣᠷᠢᠭ ᠢ ᠮᠣᠬᠣᠭᠠᠭᠠᠳ ᠠᠵᠢᠯ ᠢ ᠮᠠᠨᠢ ᠪᠦᠲᠦᠯ ᠦᠭᠡᠢ ᠪᠣᠯᠭᠠᠵᠤ ᠴᠢᠳᠠᠨ᠎ᠠ ᠭᠡᠵᠦ ᠪᠣᠳᠣᠵᠠᠢ᠃ ᠪᠤᠷᠬᠠᠨ ᠮᠢᠨᠢ᠂ ᠣᠳᠣ ᠭᠠᠷ ᠢ ᠮᠢᠨᠢ ᠬᠦᠴᠦᠲᠡᠢ ᠪᠣᠯᠭᠠᠭᠠᠴᠢ᠃
10 ᠨᠢᠭᠡᠨ ᠡᠳᠦᠷ ᠪᠢ ᠮᠧᠾᠧᠲ᠋ᠠᠪᠧᠯ ᠤᠨ ᠠᠴᠢ᠂ ᠳ᠋ᠧᠯᠠᠢᠶᠠ ᠶᠢᠨ ᠬᠦᠦ ᠱᠧᠮᠠᠢᠶ᠎ᠠ ᠶᠢᠨ ᠪᠠᠢᠰᠢᠩ ᠳᠤ ᠣᠴᠢᠬᠤ ᠳᠤ᠂ ᠲᠡᠷᠡ ᠭᠡᠷ ᠲᠡᠭᠡᠨ ᠬᠣᠷᠢᠭᠳᠠᠭᠰᠠᠨ ᠪᠠᠢᠪᠠ᠃ ᠲᠡᠷᠡ᠄ 《ᠪᠢᠳᠡ ᠪᠤᠷᠬᠠᠨ ᠤ ᠥᠷᠭᠥᠭᠡᠨ ᠳᠦ ᠣᠴᠢᠭᠠᠳ ᠬᠠᠭᠠᠯᠭ᠎ᠠ ᠨᠤᠭᠤᠳ ᠢ ᠨᠢ ᠬᠠᠭᠠᠵᠤ᠂ ᠥᠷᠭᠥᠭᠡᠨ ᠦ ᠳᠣᠲᠣᠷ᠎ᠠ ᠠᠭᠤᠯᠵᠠᠶ᠎ᠠ᠃ ᠲᠡᠳᠡ ᠲᠠᠨ ᠢ ᠠᠯᠠᠬᠤ ᠪᠠᠷ ᠢᠷᠡᠨ᠎ᠡ ᠭᠡᠵᠦ ᠪᠠᠢᠨ᠎ᠠ᠃ ᠲᠡᠳᠡ ᠲᠠᠨ ᠢ ᠠᠯᠠᠬᠤ ᠪᠠᠷ ᠰᠥᠨᠢ ᠢᠷᠡᠨ᠎ᠡ ᠰᠢᠦ︕》 ᠭᠡᠪᠡ᠃ 11 ᠭᠡᠪᠡᠴᠦ ᠪᠢ᠄ 《ᠨᠠᠳᠠ ᠰᠢᠭ᠋ ᠬᠥᠮᠦᠨ ᠵᠢᠭᠤᠲᠠᠬᠤ ᠭᠡᠵᠢ ᠤᠤ︖ ᠨᠠᠳᠠ ᠰᠢᠭ᠋ ᠬᠥᠮᠦᠨ ᠠᠮᠢ ᠪᠠᠨ ᠠᠪᠤᠷᠠᠬᠤ ᠪᠠᠷ ᠠᠷᠢᠭᠤᠨ ᠥᠷᠭᠥᠭᠡᠨ ᠳᠦ ᠣᠷᠣᠵᠤ ᠶᠠᠭᠠᠬᠢᠵᠤ ᠪᠣᠯᠬᠤ ᠪᠤᠢ︖ ᠪᠢ ᠣᠷᠣᠬᠤ ᠦᠭᠡᠢ》 ᠭᠡᠵᠦ ᠬᠡᠯᠡᠪᠡ᠃ 12 ᠲᠡᠷᠡ ᠨᠠᠳᠠ ᠳᠤ ᠲᠡᠭᠡᠵᠦ ᠡᠰᠢ ᠦᠵᠡᠭᠦᠯᠬᠦ ᠳᠦ᠂ ᠪᠢ ᠪᠤᠷᠬᠠᠨ ᠤ ᠢᠯᠡᠭᠡᠭᠰᠡᠨ ᠬᠥᠮᠦᠨ ᠪᠢᠰᠢ ᠭᠡᠳᠡᠭ ᠢ ᠨᠢ ᠰᠡᠷᠡᠵᠦ ᠮᠡᠳᠡᠯ᠎ᠡ᠃ ᠲᠣᠪᠢᠶ᠎ᠠ᠂ ᠰᠠᠨᠪᠠᠯᠠᠲ ᠨᠠᠷ ᠲᠡᠭᠦᠨ ᠢ ᠬᠥᠯᠥᠰᠥᠯᠡᠭᠰᠡᠨ ᠪᠠᠢᠵᠠᠢ᠃ 13 ᠲᠡᠳᠡ ᠲᠡᠭᠦᠨ ᠢ ᠬᠥᠯᠥᠰᠥᠯᠡᠭᠰᠡᠨ ᠨᠢ ᠨᠠᠮᠠᠶᠢ ᠠᠶᠤᠯᠭᠠᠵᠤ᠂ ᠲᠡᠢᠨ ᠬᠦ ᠨᠢᠭᠦᠯ ᠦᠢᠯᠡᠳᠦᠭᠦᠯᠦᠭᠡᠳ ᠮᠢᠨᠦ ᠨᠡᠷ᠎ᠡ ᠶᠢ ᠰᠢᠪᠰᠢᠭ ᠪᠣᠯᠭᠠᠵᠤ᠂ ᠬᠥᠮᠦᠰ ᠦᠨ ᠡᠯᠡᠭ ᠪᠣᠯᠭᠠᠬᠤ ᠭᠡᠰᠡᠨ ᠶᠤᠮ᠃ 14 ᠪᠤᠷᠬᠠᠨ ᠮᠢᠨᠢ᠂ ᠲᠣᠪᠢᠶ᠎ᠠ᠂ ᠰᠠᠨᠪᠠᠯᠠᠲ ᠨᠠᠷ ᠤᠨ᠂ ᠮᠥᠨ ᠡᠰᠢ ᠦᠵᠡᠭᠦᠯᠦᠭᠴᠢ ᠡᠮᠡᠭᠲᠡᠢ ᠨᠣᠶᠠᠳᠢᠶᠠ᠂ ᠪᠠᠰᠠ ᠨᠠᠮᠠᠶᠢ ᠠᠶᠤᠯᠭᠠᠬᠤ ᠭᠡᠵᠦ ᠪᠠᠢᠭᠰᠠᠨ ᠪᠤᠰᠤᠳ ᠡᠰᠢ ᠦᠵᠡᠭᠦᠯᠦᠭᠴᠢᠳ ᠤᠨ ᠦᠢᠯᠡᠳᠦᠭᠰᠡᠨ ᠶᠠᠪᠤᠳᠠᠯ ᠢ ᠪᠦᠦ ᠮᠠᠷᠲᠠᠭᠠᠴᠢ᠃
ᠬᠡᠷᠡᠮ ᠦᠨ ᠠᠵᠢᠯ ᠢ ᠳᠠᠭᠤᠰᠬᠠᠪᠠ
15 ᠢᠩᠭᠢᠭᠡᠳ ᠬᠡᠷᠡᠮ ᠢ ᠲᠠᠪᠢᠨ ᠬᠣᠶᠠᠳᠤᠭᠠᠷ ᠡᠳᠦᠷ᠂ ᠡᠯᠦᠯ ᠰᠠᠷ᠎ᠠ 3 ᠶᠢᠨ ᠬᠣᠷᠢᠨ ᠲᠠᠪᠤᠨ ᠳᠤ ᠪᠠᠷᠢᠵᠤ ᠳᠠᠭᠤᠰᠴᠠᠢ᠃ 16 ᠡᠭᠦᠨ ᠢ ᠪᠢᠳᠡᠨ ᠦ ᠪᠦᠬᠦ ᠳᠠᠢᠰᠤᠨ ᠬᠢᠭᠡᠳ ᠡᠷᠭᠢᠨ ᠲᠣᠭᠣᠷᠢᠨ ᠤ ᠪᠦᠬᠦ ᠦᠨᠳᠦᠰᠦᠲᠡᠨ ᠰᠣᠨᠣᠰᠣᠭᠰᠠᠨ ᠪᠠᠢᠪᠠ᠃ ᠡᠨᠡ ᠠᠵᠢᠯ ᠪᠤᠷᠬᠠᠨ ᠤ ᠮᠢᠨᠢ ᠳᠡᠮᠵᠢᠯᠭᠡ ᠪᠡᠷ ᠪᠦᠲᠦᠭᠰᠡᠨ ᠭᠡᠳᠡᠭ ᠢ ᠲᠡᠳᠡ ᠤᠬᠠᠭᠠᠷᠠᠭᠠᠳ ᠤᠷᠮ᠎ᠠ ᠨᠢ ᠬᠤᠭᠤᠷᠠᠪᠠ᠃ 17 ᠬᠠᠷᠢᠨ ᠲᠡᠷᠡ ᠡᠳᠦᠷ ᠤᠳ ᠢᠶᠠᠷ ᠶᠦᠳᠠ ᠶᠢᠨ ᠨᠣᠶᠠᠳ ᠲᠣᠪᠢᠶ᠎ᠠ ᠳᠤ ᠣᠯᠠᠨ ᠵᠠᠬᠢᠳᠠᠯ ᠢᠯᠡᠭᠡᠵᠦ᠂ ᠲᠣᠪᠢᠶ᠎ᠠ ᠴᠤ ᠲᠡᠳᠡᠨ ᠳᠦ ᠵᠠᠬᠢᠳᠠᠯ ᠢᠯᠡᠭᠡᠵᠦ ᠯᠠ ᠪᠠᠢᠪᠠ᠃ 18 ᠲᠣᠪᠢᠶ᠎ᠠ ᠪᠣᠯ ᠠᠷᠠ ᠶᠢᠨ ᠬᠦᠦ᠂ ᠱᠧᠺᠠᠨᠢᠶ᠎ᠠ ᠶᠢᠨ ᠬᠦᠷᠭᠡᠨ ᠪᠠᠢᠭᠰᠠᠨ ᠪᠥᠭᠡᠳ ᠬᠦᠦ ᠶᠧᠬᠣᠬᠠᠨᠠᠨ ᠨᠢ ᠪᠧᠷᠧᠺᠢᠶ᠎ᠠ ᠶᠢᠨ ᠬᠦᠦ ᠮᠧᠱᠦ᠋ᠯᠠᠮ ᠤᠨ ᠥᠬᠢᠨ ᠲᠠᠢ ᠭᠡᠷᠯᠡᠭᠰᠡᠨ ᠤᠴᠢᠷ ᠠᠴᠠ ᠲᠡᠭᠦᠨ ᠲᠡᠢ ᠲᠠᠩ᠋ᠭᠠᠷᠢᠭ ᠨᠢᠭᠡ ᠲᠠᠢ ᠬᠥᠮᠦᠨ ᠶᠦᠳᠠ ᠳᠤ ᠣᠯᠠᠨ ᠪᠠᠢᠵᠠᠢ᠃ 19 ᠲᠡᠳᠡ ᠮᠢᠨᠦ ᠡᠮᠦᠨ᠎ᠡ ᠲᠡᠭᠦᠨ ᠢ ᠰᠠᠢᠰᠢᠶᠠᠵᠤ᠂ ᠮᠢᠨᠦ ᠶᠠᠷᠢᠭᠰᠠᠨ ᠢ ᠲᠡᠭᠦᠨ ᠳᠦ ᠮᠡᠳᠡᠭᠦᠯᠵᠦ ᠪᠠᠢᠯ᠎ᠠ᠃ ᠲᠡᠢᠮᠦ ᠡᠴᠡ ᠲᠣᠪᠢᠶ᠎ᠠ ᠨᠠᠳᠠ ᠳᠤ ᠰᠦᠷᠳᠡᠭᠦᠯᠬᠦ ᠵᠠᠬᠢᠳᠠᠯ ᠤᠳ ᠢᠯᠡᠭᠡᠵᠦ ᠪᠠᠢᠭᠰᠠᠨ ᠶᠤᠮ᠃