1 2 3 4 5 6 7 8 9 10 11 12 13


ᠨᠧᠾᠧᠮᠢᠶ᠎ᠠ ᠳᠣᠯᠣᠭ᠎ᠠ

1 ᠬᠡᠷᠡᠮ ᠢ ᠪᠣᠰᠬᠠᠨ᠂ ᠬᠠᠭᠠᠯᠭ᠎ᠠ ᠨᠤᠭᠤᠳ ᠢ ᠤᠭᠰᠠᠷᠠᠵᠤ᠂ ᠬᠠᠭᠠᠯᠭᠠᠴᠢᠳ᠂ ᠳᠠᠭᠤᠴᠢᠳ᠂ ᠯᠧᠸᠢᠴᠦᠳ ᠢ ᠠᠵᠢᠯ ᠳᠤ ᠲᠣᠮᠢᠯᠠᠭᠰᠠᠨ ᠤ ᠳᠠᠷᠠᠭ᠎ᠠ᠂ 2 ᠪᠢ ᠳᠡᠭᠦᠦ ᠬᠠᠨᠠᠨᠢ ᠪᠠ ᠰᠢᠯᠲᠦᠭᠡᠨ ᠦ ᠵᠠᠩᠵᠤᠨ ᠬᠠᠨᠠᠨᠢᠶ᠎ᠠ ᠪᠠᠷ ᠶᠧᠷᠦ᠋ᠰᠠᠯᠧᠮ ᠢ ᠬᠠᠷᠢᠭᠤᠴᠠᠭᠤᠯᠪᠠ᠃ ᠬᠠᠨᠠᠨᠢᠶ᠎ᠠ ᠪᠣᠯ ᠢᠲᠡᠭᠡᠮᠵᠢᠲᠦ ᠬᠥᠮᠦᠨ ᠪᠥᠭᠡᠳ ᠬᠡᠨ ᠡᠴᠡ ᠴᠤ ᠢᠯᠡᠭᠦᠦ ᠪᠤᠷᠬᠠᠨ ᠠᠴᠠ ᠡᠮᠢᠶᠡᠳᠡᠭ ᠪᠠᠢᠪᠠ᠃ 3 ᠪᠢ ᠲᠡᠳᠡᠨ ᠳᠦ᠄ 《ᠨᠠᠷᠠ ᠬᠠᠯᠠᠲᠠᠯ᠎ᠠ ᠶᠧᠷᠦ᠋ᠰᠠᠯᠧᠮ ᠤᠨ ᠬᠠᠭᠠᠯᠭ᠎ᠠ ᠨᠤᠭᠤᠳ ᠢ ᠪᠦᠦ ᠨᠡᠭᠡᠭᠡ᠃ ᠬᠠᠭᠠᠯᠭᠠᠴᠢᠳ ᠬᠠᠷᠠᠭᠤᠯ ᠵᠣᠭᠰᠣᠵᠤ ᠪᠠᠢᠬᠤ ᠳᠠᠭᠠᠨ ᠬᠠᠭᠠᠯᠭ᠎ᠠ ᠨᠤᠭᠤᠳ ᠢ ᠬᠠᠭᠠᠵᠤ ᠲᠦᠭᠵᠢᠬᠦ ᠶᠣᠰᠣᠲᠠᠢ᠃ ᠮᠥᠨ ᠶᠧᠷᠦ᠋ᠰᠠᠯᠧᠮ ᠤᠨ ᠰᠠᠭᠤᠭᠠᠯᠢᠴᠢᠳ ᠢ ᠬᠠᠷᠠᠭᠤᠯ ᠳᠤ ᠭᠠᠷᠭᠠᠵᠤ᠂ ᠬᠥᠮᠦᠨ ᠪᠦᠷᠢ ᠶᠢ ᠪᠠᠢᠷᠢᠨ ᠳᠤᠨᠢ᠂ ᠭᠡᠷ ᠦᠨ ᠬᠢᠨᠢ ᠣᠢᠷᠠᠯᠴᠠᠭ᠎ᠠ ᠬᠠᠷᠠᠭᠤᠯ ᠳᠤ ᠭᠠᠷᠭ᠎ᠠ》 ᠭᠡᠪᠡ᠃
 ᠴᠥᠯᠡᠯᠭᠡ ᠡᠴᠡ ᠪᠤᠴᠠᠭᠰᠠᠳ ᠤᠨ ᠨᠡᠷᠡᠰ

4 ᠲᠡᠷᠡ ᠦᠶ᠎ᠡ ᠳᠦ ᠬᠣᠲᠠ ᠲᠣᠮᠣ ᠪᠥᠭᠡᠳ ᠠᠭᠤᠳᠠᠮ ᠪᠣᠯᠪᠠᠴᠤ ᠬᠥᠮᠦᠨ ᠠᠮᠠ ᠨᠢ ᠴᠥᠭᠡᠨ᠂ ᠪᠠᠢᠰᠢᠩ ᠤᠳ ᠨᠢ ᠬᠠᠷᠠᠬᠠᠨ ᠪᠣᠰᠬᠠᠭᠳᠠᠭ᠎ᠠ ᠦᠭᠡᠢ ᠪᠠᠢᠪᠠ᠃ 5 ᠲᠡᠢᠮᠦ ᠡᠴᠡ ᠮᠢᠨᠦ ᠪᠤᠷᠬᠠᠨ ᠨᠠᠳᠠ ᠳᠤ ᠨᠣᠶᠠᠳ ᠲᠦᠰᠢᠮᠡᠳ ᠪᠠ ᠠᠷᠠᠳ ᠣᠯᠠᠨ ᠢ ᠴᠤᠭᠯᠠᠭᠤᠯᠵᠤ ᠭᠠᠷᠤᠯ ᠤᠭᠰᠠᠭ᠎ᠠ ᠪᠠᠷ ᠨᠢ ᠪᠦᠷᠢᠳᠬᠡᠬᠦ ᠰᠠᠨᠠᠭ᠎ᠠ ᠥᠭᠪᠡ᠃ ᠲᠡᠷᠡ ᠦᠶ᠎ᠡ ᠳᠦ ᠪᠢ ᠭᠠᠷᠤᠯ ᠤᠭᠰᠠᠭ᠎ᠠ ᠪᠠᠷ ᠨᠢ ᠲᠡᠮᠳᠡᠭᠯᠡᠭᠰᠡᠨ ᠠᠩᠬ᠎ᠠ ᠢᠷᠡᠭᠰᠡᠳ ᠦᠨ ᠨᠡᠷᠡᠰ ᠢ ᠣᠯᠣᠭᠰᠠᠨ ᠪᠠᠢᠪᠠ᠃ ᠲᠡᠨᠳᠡ ᠡᠴᠡ ᠦᠵᠡᠪᠡᠯ᠂ 6 ᠪᠠᠪᠢᠯᠣᠨ ᠤ ᠬᠠᠭᠠᠨ ᠨᠧᠪᠦ᠋ᠺᠠᠨᠧᠽᠠᠷ ᠲᠤ ᠣᠯᠵᠠᠯᠠᠭᠳᠠᠭᠠᠳ ᠴᠥᠯᠡᠭᠳᠡᠭᠰᠡᠨ ᠠᠷᠠᠳ ᠲᠦᠮᠡᠨ ᠦ ᠳᠤᠮᠳᠠ ᠠᠴᠠ ᠶᠧᠷᠦ᠋ᠰᠠᠯᠧᠮ᠂ ᠶᠦᠳᠠ ᠳᠠᠬᠢ ᠥᠪᠡᠷ ᠥᠪᠡᠷᠰᠡᠳ ᠦᠨ ᠬᠣᠲᠠ ᠲᠣᠰᠬᠣᠨ ᠤᠷᠤᠭᠤ ᠪᠤᠴᠠᠵᠤ ᠢᠷᠡᠭᠰᠡᠨ᠂ ᠨᠥᠭᠥᠭᠡ ᠮᠤᠵᠢ ᠶᠢᠨ ᠬᠥᠮᠦᠰ᠂ 7 ᠲᠤᠬᠠᠢᠯᠠᠪᠠᠯ ᠽᠣᠷᠣᠪᠠᠪᠧᠯ᠂ ᠶᠧᠱᠦ᠋ᠶ᠎ᠠ᠂ ᠨᠧᠾᠧᠮᠢᠶ᠎ᠠ᠂ ᠠᠽᠠᠷᠢᠶ᠎ᠠ᠂ ᠷᠠᠮᠢᠶ᠎ᠠ᠂ ᠨᠠᠬᠠᠮᠠᠨᠢ᠂ ᠮᠣᠷᠳᠧᠺᠠᠢ᠂ ᠪᠢᠯᠱᠠᠨ᠂ ᠮᠢᠰᠫᠧᠷᠧᠲ᠂ ᠪᠢᠭᠸᠠᠢ᠂ ᠨᠧᠾᠦ᠋ᠮ᠂ ᠪᠠᠨᠠ ᠨᠠᠷ ᠲᠠᠢ ᠬᠠᠮᠲᠤ ᠢᠷᠡᠭᠰᠡᠨ ᠢᠰᠷᠧᠯ ᠡᠷᠡᠴᠦᠳ ᠦᠨ ᠲᠣᠭ᠎ᠠ ᠭᠡᠪᠡᠯ᠄ 8 ᠫᠠᠷᠣᠱ ᠤᠨ ᠦᠷ᠎ᠡ ᠤᠳᠤᠮ ᠬᠣᠶᠠᠷ ᠮᠢᠩ᠋ᠭ᠎ᠠ ᠨᠢᠭᠡ ᠵᠠᠭᠤ ᠳᠠᠯᠠᠨ ᠬᠣᠶᠠᠷ᠂ 9 ᠱᠧᠹᠠᠲ᠋ᠢᠶ᠎ᠠ ᠶᠢᠨ ᠦᠷ᠎ᠡ ᠤᠳᠤᠮ ᠭᠤᠷᠪᠠᠨ ᠵᠠᠭᠤ ᠳᠠᠯᠠᠨ ᠬᠣᠶᠠᠷ᠂ 10 ᠠᠷᠠ ᠶᠢᠨ ᠦᠷ᠎ᠡ ᠤᠳᠤᠮ ᠵᠢᠷᠭᠤᠭᠠᠨ ᠵᠠᠭᠤ ᠲᠠᠪᠢᠨ ᠬᠣᠶᠠᠷ᠂ 11 ᠫᠠᠬᠠᠲ ᠮᠣᠶᠠᠪ ᠤᠨ ᠬᠢᠨ᠂ ᠲᠤᠬᠠᠢᠯᠠᠪᠠᠯ ᠶᠧᠱᠦ᠋ᠶ᠎ᠠ ᠪᠠ ᠶᠣᠶᠠᠪ ᠤᠨ ᠦᠷ᠎ᠡ ᠤᠳᠤᠮ ᠬᠣᠶᠠᠷ ᠮᠢᠩ᠋ᠭ᠎ᠠ ᠨᠠᠢ᠌ᠮᠠᠨ ᠵᠠᠭᠤ ᠠᠷᠪᠠᠨ ᠨᠠᠢ᠌ᠮᠠ᠂ 12 ᠡᠯᠠᠮ ᠤᠨ ᠦᠷ᠎ᠡ ᠤᠳᠤᠮ ᠮᠢᠩ᠋ᠭ᠎ᠠ ᠬᠣᠶᠠᠷ ᠵᠠᠭᠤ ᠲᠠᠪᠢᠨ ᠳᠥᠷᠪᠡ᠂ 13 ᠽᠠᠲ᠋ᠦ᠋ ᠶᠢᠨ ᠦᠷ᠎ᠡ ᠤᠳᠤᠮ ᠨᠠᠢ᠌ᠮᠠᠨ ᠵᠠᠭᠤ ᠳᠥᠴᠢᠨ ᠲᠠᠪᠤ᠂ 14 ᠽᠠᠺᠠᠢ ᠶᠢᠨ ᠦᠷ᠎ᠡ ᠤᠳᠤᠮ ᠳᠣᠯᠣᠭᠠᠨ ᠵᠠᠭᠤ ᠵᠢᠷᠠ᠂ 15 ᠪᠢᠨᠣᠢ ᠶᠢᠨ ᠦᠷ᠎ᠡ ᠤᠳᠤᠮ ᠵᠢᠷᠭᠤᠭᠠᠨ ᠵᠠᠭᠤ ᠳᠥᠴᠢᠨ ᠨᠠᠢ᠌ᠮᠠ᠂ 16 ᠪᠧᠪᠠᠢ ᠶᠢᠨ ᠦᠷ᠎ᠡ ᠤᠳᠤᠮ ᠵᠢᠷᠭᠤᠭᠠᠨ ᠵᠠᠭᠤ ᠬᠣᠷᠢᠨ ᠨᠠᠢ᠌ᠮᠠ᠂ 17 ᠠᠽᠭᠠᠳ᠋ ᠤᠨ ᠦᠷ᠎ᠡ ᠤᠳᠤᠮ ᠬᠣᠶᠠᠷ ᠮᠢᠩ᠋ᠭ᠎ᠠ ᠭᠤᠷᠪᠠᠨ ᠵᠠᠭᠤ ᠬᠣᠷᠢᠨ ᠬᠣᠶᠠᠷ᠂ 18 ᠠᠳᠣᠨᠢᠺᠠᠮ ᠤᠨ ᠦᠷ᠎ᠡ ᠤᠳᠤᠮ ᠵᠢᠷᠭᠤᠭᠠᠨ ᠵᠠᠭᠤ ᠵᠢᠷᠠᠨ ᠳᠣᠯᠣᠭ᠎ᠠ᠂ 19 ᠪᠢᠭᠸᠠᠢ ᠶᠢᠨ ᠦᠷ᠎ᠡ ᠤᠳᠤᠮ ᠬᠣᠶᠠᠷ ᠮᠢᠩ᠋ᠭ᠎ᠠ ᠵᠢᠷᠠᠨ ᠳᠣᠯᠣᠭ᠎ᠠ᠂ 20 ᠠᠳᠢᠨ ᠤ ᠦᠷ᠎ᠡ ᠤᠳᠤᠮ ᠵᠢᠷᠭᠤᠭᠠᠨ ᠵᠠᠭᠤ ᠲᠠᠪᠢᠨ ᠲᠠᠪᠤ᠂ 21 ᠠᠲ᠋ᠧᠷ᠂ ᠲᠤᠬᠠᠢᠯᠠᠪᠠᠯ ᠾᠧᠽᠧᠺᠢᠶ᠎ᠠ ᠶᠢᠨ ᠦᠷ᠎ᠡ ᠤᠳᠤᠮ ᠶᠡᠷᠡᠨ ᠨᠠᠢ᠌ᠮᠠ᠂ 22 ᠬᠠᠱᠦ᠋ᠮ ᠤᠨ ᠦᠷ᠎ᠡ ᠤᠳᠤᠮ ᠭᠤᠷᠪᠠᠨ ᠵᠠᠭᠤ ᠬᠣᠷᠢᠨ ᠨᠠᠢ᠌ᠮᠠ᠂ 23 ᠪᠧᠽᠠᠢ ᠶᠢᠨ ᠦᠷ᠎ᠡ ᠤᠳᠤᠮ ᠭᠤᠷᠪᠠᠨ ᠵᠠᠭᠤ ᠬᠣᠷᠢᠨ ᠳᠥᠷᠪᠡ᠂ 24 ᠬᠠᠷᠢᠹ ᠤᠨ ᠦᠷ᠎ᠡ ᠤᠳᠤᠮ ᠵᠠᠭᠤ ᠠᠷᠪᠠᠨ ᠬᠣᠶᠠᠷ᠂ 25 ᠭᠢᠪᠧᠶᠣᠨ ᠤ ᠦᠷ᠎ᠡ ᠤᠳᠤᠮ ᠶᠡᠷᠡᠨ ᠲᠠᠪᠤ᠂ 26 ᠪᠧᠲ᠋ᠯᠧᠾᠧᠮ ᠪᠠ ᠨᠧᠲ᠋ᠣᠹᠢᠶ᠎ᠠ ᠶᠢᠨ ᠡᠷᠡᠴᠦᠳ ᠵᠠᠭᠤ ᠨᠠᠶᠠᠨ ᠨᠠᠢ᠌ᠮᠠ᠂ 27 ᠠᠨᠠᠲ᠋ᠣᠲ ᠤᠨ ᠡᠷᠡᠴᠦᠳ ᠵᠠᠭᠤ ᠬᠣᠷᠢᠨ ᠨᠠᠢ᠌ᠮᠠ᠂ 28 ᠪᠧᠲ ᠠᠽᠮᠠᠸᠧᠲ ᠤᠨ ᠡᠷᠡᠴᠦᠳ ᠳᠥᠴᠢᠨ ᠬᠣᠶᠠᠷ᠂ 29 ᠺᠢᠷᠢᠶᠠᠲ᠋ᠠᠷᠢᠮ᠂ ᠬᠧᠹᠢᠷᠠ ᠪᠠ ᠪᠧᠷᠣᠲ ᠤᠨ ᠡᠷᠡᠴᠦᠳ ᠳᠣᠯᠣᠭᠠᠨ ᠵᠠᠭᠤ ᠳᠥᠴᠢᠨ ᠭᠤᠷᠪᠠ᠂ 30 ᠷᠠᠮᠠ ᠪᠠ ᠭᠧᠪᠠ ᠶᠢᠨ ᠡᠷᠡᠴᠦᠳ ᠵᠢᠷᠭᠤᠭᠠᠨ ᠵᠠᠭᠤ ᠬᠣᠷᠢᠨ ᠨᠢᠭᠡ᠂ 31 ᠮᠢᠺᠮᠠᠰ ᠤᠨ ᠡᠷᠡᠴᠦᠳ ᠵᠠᠭᠤ ᠬᠣᠷᠢᠨ ᠬᠣᠶᠠᠷ᠂ 32 ᠪᠧᠲ᠋ᠧᠯ ᠪᠠ ᠠᠢ ᠶᠢᠨ ᠡᠷᠡᠴᠦᠳ ᠵᠠᠭᠤ ᠬᠣᠷᠢᠨ ᠭᠤᠷᠪᠠ᠂ 33 ᠥᠭᠡᠷ᠎ᠡ ᠨᠧᠪᠣ ᠶᠢᠨ ᠡᠷᠡᠴᠦᠳ ᠲᠠᠪᠢᠨ ᠬᠣᠶᠠᠷ᠂ 34 ᠥᠭᠡᠷ᠎ᠡ ᠡᠯᠠᠮ ᠤᠨ ᠦᠷ᠎ᠡ ᠤᠳᠤᠮ ᠮᠢᠩ᠋ᠭ᠎ᠠ ᠬᠣᠶᠠᠷ ᠵᠠᠭᠤ ᠲᠠᠪᠢᠨ ᠳᠥᠷᠪᠡ᠂ 35 ᠬᠠᠷᠢᠮ ᠤᠨ ᠦᠷ᠎ᠡ ᠤᠳᠤᠮ ᠭᠤᠷᠪᠠᠨ ᠵᠠᠭᠤ ᠬᠣᠷᠢ᠂ 36 ᠶᠧᠷᠢᠺᠣ ᠶᠢᠨ ᠡᠷᠡᠴᠦᠳ ᠭᠤᠷᠪᠠᠨ ᠵᠠᠭᠤ ᠳᠥᠴᠢᠨ ᠲᠠᠪᠤ᠂ 37 ᠯᠣᠳ᠋᠂ ᠬᠠᠳᠢᠳ᠋᠂ ᠣᠨᠣ᠋ ᠶᠢᠨ ᠡᠷᠡᠴᠦᠳ ᠳᠣᠯᠣᠭᠠᠨ ᠵᠠᠭᠤ ᠬᠣᠷᠢᠨ ᠨᠢᠭᠡ᠂ 38 ᠰᠧᠨᠠ ᠶᠢᠨ ᠡᠷᠡᠴᠦᠳ ᠭᠤᠷᠪᠠᠨ ᠮᠢᠩ᠋ᠭ᠎ᠠ ᠶᠢᠰᠦᠨ ᠵᠠᠭᠤ ᠭᠤᠴᠢ ᠪᠠᠢᠪᠠ᠃

39 ᠲᠠᠬᠢᠯᠴᠢᠳ ᠨᠢ ᠶᠧᠱᠦ᠋ᠶ᠎ᠠ ᠶᠢᠨ ᠭᠡᠷ ᠦᠨ ᠶᠧᠳᠠᠢᠶ᠎ᠠ ᠶᠢᠨ ᠦᠷ᠎ᠡ ᠤᠳᠤᠮ ᠶᠢᠰᠦᠨ ᠵᠠᠭᠤ ᠳᠠᠯᠠᠨ ᠭᠤᠷᠪᠠ᠂ 40 ᠢᠮᠧᠷ ᠤᠨ ᠦᠷ᠎ᠡ ᠤᠳᠤᠮ ᠮᠢᠩ᠋ᠭ᠎ᠠ ᠲᠠᠪᠢᠨ ᠬᠣᠶᠠᠷ᠂ 41 ᠫᠠᠱᠦ᠋ᠷ ᠤᠨ ᠦᠷ᠎ᠡ ᠤᠳᠤᠮ ᠮᠢᠩ᠋ᠭ᠎ᠠ ᠬᠣᠶᠠᠷ ᠵᠠᠭᠤ ᠳᠥᠴᠢᠨ ᠳᠣᠯᠣᠭ᠎ᠠ᠂ 42 ᠬᠠᠷᠢᠮ ᠤᠨ ᠦᠷ᠎ᠡ ᠤᠳᠤᠮ ᠮᠢᠩ᠋ᠭ᠎ᠠ ᠠᠷᠪᠠᠨ ᠳᠣᠯᠣᠭ᠎ᠠ ᠪᠠᠢᠪᠠ᠃

43 ᠯᠧᠸᠢᠴᠦᠳ ᠨᠢ ᠬᠣᠳ᠋ᠧᠸᠠ ᠶᠢᠨ ᠬᠢᠨ᠂ ᠲᠤᠬᠠᠢᠯᠠᠪᠠᠯ ᠺᠠᠳ᠋ᠮᠢᠶᠧᠯ ᠪᠣᠯᠣᠨ ᠶᠧᠱᠦ᠋ᠶ᠎ᠠ ᠶᠢᠨ ᠦᠷ᠎ᠡ ᠤᠳᠤᠮ ᠳᠠᠯᠠᠨ ᠳᠥᠷᠪᠡ᠂ 44 ᠳᠠᠭᠤᠴᠢᠳ ᠨᠢ ᠠᠰᠠᠹ ᠤᠨ ᠦᠷ᠎ᠡ ᠤᠳᠤᠮ ᠵᠠᠭᠤ ᠳᠥᠴᠢᠨ ᠨᠠᠢ᠌ᠮᠠ᠂ 45 ᠬᠠᠭᠠᠯᠭᠠᠴᠢᠳ ᠨᠢ ᠱᠠᠯᠦ᠋ᠮ ᠤᠨ ᠦᠷ᠎ᠡ ᠤᠳᠤᠮ᠂ ᠠᠲ᠋ᠧᠷ ᠤᠨ ᠦᠷ᠎ᠡ ᠤᠳᠤᠮ᠂ ᠲᠠᠯᠮᠣᠨ ᠤ ᠦᠷ᠎ᠡ ᠤᠳᠤᠮ᠂ ᠠᠺᠦ᠋ᠪ ᠤᠨ ᠦᠷ᠎ᠡ ᠤᠳᠤᠮ᠂ ᠬᠠᠲ᠋ᠢᠲ᠋ᠠ ᠶᠢᠨ ᠦᠷ᠎ᠡ ᠤᠳᠤᠮ᠂ ᠱᠣᠪᠠᠢ ᠶᠢᠨ ᠦᠷ᠎ᠡ ᠤᠳᠤᠮ ᠪᠦᠭᠦᠳᠡ ᠵᠠᠭᠤ ᠭᠤᠴᠢᠨ ᠨᠠᠢ᠌ᠮᠠ ᠪᠠᠢᠪᠠ᠃

46 ᠥᠷᠭᠥᠭᠡᠨ ᠦ ᠦᠢᠯᠡᠴᠢᠯᠡᠭᠴᠢᠳ ᠨᠢ ᠽᠢᠬ᠎ᠠ ᠶᠢᠨ ᠦᠷ᠎ᠡ ᠤᠳᠤᠮ᠂ ᠬᠠᠰᠦ᠋ᠪᠠ ᠶᠢᠨ ᠦᠷ᠎ᠡ ᠤᠳᠤᠮ᠂ ᠲᠠᠪᠠᠣᠲ ᠤᠨ ᠦᠷ᠎ᠡ ᠤᠳᠤᠮ᠂ 47 ᠺᠧᠷᠣᠰ ᠤᠨ ᠦᠷ᠎ᠡ ᠤᠳᠤᠮ᠂ ᠰᠢᠶ᠎ᠠ ᠶᠢᠨ ᠦᠷ᠎ᠡ ᠤᠳᠤᠮ᠂ ᠫᠠᠳᠣᠨ ᠤ ᠦᠷ᠎ᠡ ᠤᠳᠤᠮ᠂ 48 ᠯᠧᠪᠠᠨᠠ ᠶᠢᠨ ᠦᠷ᠎ᠡ ᠤᠳᠤᠮ᠂ ᠾᠠᠭᠠᠪᠠ ᠶᠢᠨ ᠦᠷ᠎ᠡ ᠤᠳᠤᠮ᠂ ᠱᠠᠯᠮᠠᠢ ᠶᠢᠨ ᠦᠷ᠎ᠡ ᠤᠳᠤᠮ᠂ 49 ᠬᠠᠨᠠᠨ ᠤ ᠦᠷ᠎ᠡ ᠤᠳᠤᠮ᠂ ᠬᠢᠳ᠋ᠧᠯ ᠤᠨ ᠦᠷ᠎ᠡ ᠤᠳᠤᠮ᠂ ᠭᠠᠬᠠᠷ ᠤᠨ ᠦᠷ᠎ᠡ ᠤᠳᠤᠮ᠂ 50 ᠷᠧᠶᠠᠢᠶ᠎ᠠ ᠶᠢᠨ ᠦᠷ᠎ᠡ ᠤᠳᠤᠮ᠂ ᠷᠧᠽᠢᠨ ᠤ ᠦᠷ᠎ᠡ ᠤᠳᠤᠮ᠂ ᠨᠧᠺᠣᠳᠠ ᠶᠢᠨ ᠦᠷ᠎ᠡ ᠤᠳᠤᠮ 51 ᠭᠠᠽᠠᠮ ᠤᠨ ᠦᠷ᠎ᠡ ᠤᠳᠤᠮ᠂ ᠦᠽᠠ ᠶᠢᠨ ᠦᠷ᠎ᠡ ᠤᠳᠤᠮ᠂ ᠫᠠᠰᠧᠶ᠎ᠠ ᠶᠢᠨ ᠦᠷ᠎ᠡ ᠤᠳᠤᠮ᠂ 52 ᠪᠧᠴᠠᠢ ᠶᠢᠨ ᠦᠷ᠎ᠡ ᠤᠳᠤᠮ᠂ ᠮᠧᠶᠦ᠋ᠨᠢᠮ ᠤᠨ ᠦᠷ᠎ᠡ ᠤᠳᠤᠮ᠂ ᠨᠧᠹᠦ᠋ᠱᠧᠰᠢᠮ ᠤᠨ ᠦᠷ᠎ᠡ ᠤᠳᠤᠮ᠂ 53 ᠪᠠᠺᠪᠦ᠋ᠺ ᠤᠨ ᠦᠷ᠎ᠡ ᠤᠳᠤᠮ᠂ ᠬᠠᠺᠦ᠋ᠹᠠ ᠶᠢᠨ ᠦᠷ᠎ᠡ ᠤᠳᠤᠮ᠂ ᠬᠠᠷᠾᠦ᠋ᠷ ᠤᠨ ᠦᠷ᠎ᠡ ᠤᠳᠤᠮ᠂ 54 ᠪᠠᠽᠯᠢᠲ ᠤᠨ ᠦᠷ᠎ᠡ ᠤᠳᠤᠮ᠂ ᠮᠧᠾᠢᠳᠠ ᠶᠢᠨ ᠦᠷ᠎ᠡ ᠤᠳᠤᠮ᠂ ᠬᠠᠷᠱᠠ ᠶᠢᠨ ᠦᠷ᠎ᠡ ᠤᠳᠤᠮ᠂ 55 ᠪᠠᠷᠺᠣᠰ ᠤᠨ ᠦᠷ᠎ᠡ ᠤᠳᠤᠮ᠂ ᠰᠢᠰᠧᠷᠠ ᠶᠢᠨ ᠦᠷ᠎ᠡ ᠤᠳᠤᠮ᠂ ᠲᠧᠮᠠ ᠶᠢᠨ ᠦᠷ᠎ᠡ ᠤᠳᠤᠮ᠂ 56 ᠨᠧᠽᠢᠶ᠎ᠠ ᠶᠢᠨ ᠦᠷ᠎ᠡ ᠤᠳᠤᠮ᠂ ᠬᠠᠲ᠋ᠢᠹᠠ ᠶᠢᠨ ᠦᠷ᠎ᠡ ᠤᠳᠤᠮ ᠶᠤᠮ᠃

57 ᠰᠣᠯᠣᠮᠣᠨ ᠤ ᠵᠠᠷᠤᠴᠠ ᠨᠠᠷ ᠤᠨ ᠦᠷ᠎ᠡ ᠤᠳᠤᠮ ᠨᠢ ᠰᠣᠲ᠋ᠠᠢ ᠶᠢᠨ ᠦᠷ᠎ᠡ ᠤᠳᠤᠮ᠂ ᠰᠣᠹᠧᠷᠧᠲ ᠤᠨ ᠦᠷ᠎ᠡ ᠤᠳᠤᠮ᠂ ᠫᠧᠷᠢᠳᠠ ᠶᠢᠨ ᠦᠷ᠎ᠡ ᠤᠳᠤᠮ᠂ 58 ᠶᠠᠯᠠ ᠶᠢᠨ ᠦᠷ᠎ᠡ ᠤᠳᠤᠮ᠂ ᠳ᠋ᠠᠷᠺᠣᠨ ᠤ ᠦᠷ᠎ᠡ ᠤᠳᠤᠮ᠂ ᠬᠢᠳ᠋ᠧᠯ ᠤᠨ ᠦᠷ᠎ᠡ ᠤᠳᠤᠮ᠂ 59 ᠱᠧᠹᠠᠲ᠋ᠢᠶ᠎ᠠ ᠶᠢᠨ ᠦᠷ᠎ᠡ ᠤᠳᠤᠮ᠂ ᠬᠠᠲ᠋ᠢᠯ ᠤᠨ ᠦᠷ᠎ᠡ ᠤᠳᠤᠮ᠂ ᠫᠣᠺᠧᠷᠧᠲ ᠬᠠᠽᠧᠪᠠᠢᠮ ᠤᠨ ᠦᠷ᠎ᠡ ᠤᠳᠤᠮ᠂ ᠠᠮᠣᠨ ᠤ ᠦᠷ᠎ᠡ ᠤᠳᠤᠮ ᠶᠤᠮ᠃ 60 ᠥᠷᠭᠥᠭᠡᠨ ᠦ ᠵᠠᠷᠤᠴᠠ ᠨᠠᠷ ᠪᠠ ᠰᠣᠯᠣᠮᠣᠨ ᠤ ᠵᠠᠷᠤᠴᠠ ᠨᠠᠷ ᠤᠨ ᠦᠷ᠎ᠡ ᠤᠳᠤᠮ ᠪᠦᠭᠦᠳᠡ ᠭᠤᠷᠪᠠᠨ ᠵᠠᠭᠤ ᠶᠡᠷᠡᠨ ᠬᠣᠶᠠᠷ ᠪᠠᠢᠪᠠ᠃

61 ᠪᠠᠰᠠ ᠲᠧᠯ ᠮᠧᠯᠠ᠂ ᠲᠧᠯ ᠬᠠᠷᠱᠠ᠂ ᠺᠧᠷᠦ᠋ᠪ᠂ ᠠᠳᠠᠨ ᠪᠣᠯᠣᠨ ᠢᠮᠧᠷ ᠡᠴᠡ ᠢᠷᠡᠭᠰᠡᠨ ᠬᠢᠷᠢ ᠨᠢ ᠢᠰᠷᠧᠯ ᠤᠨ ᠠᠢᠮᠠᠭ ᠮᠥᠨ ᠡᠰᠡᠬᠦ ᠪᠡᠨ ᠲᠣᠳᠣᠷᠬᠠᠢᠯᠠᠵᠤ ᠴᠢᠳᠠᠭᠰᠠᠨ ᠦᠭᠡᠢ ᠬᠥᠮᠦᠰ ᠴᠤ ᠪᠠᠢᠪᠠ᠃ ᠲᠡᠳᠡ ᠪᠣᠯ᠄ 62 ᠳ᠋ᠧᠯᠠᠢᠶ᠎ᠠ᠂ ᠲᠣᠪᠢᠶ᠎ᠠ᠂ ᠨᠧᠺᠣᠳᠠ ᠶᠢᠨ ᠦᠷ᠎ᠡ ᠤᠳᠤᠮ ᠪᠥᠭᠡᠳ ᠨᠡᠢᠲᠡ ᠵᠢᠷᠭᠤᠭᠠᠨ ᠵᠠᠭᠤ ᠲᠠᠪᠢᠨ ᠬᠣᠶᠠᠷ ᠪᠠᠢᠪᠠ᠃ 63 ᠲᠠᠬᠢᠯᠴᠢᠳ ᠤᠨ ᠦᠷ᠎ᠡ ᠤᠳᠤᠮ ᠠᠴᠠ ᠬᠠᠪᠠᠢᠶ᠎ᠠ᠂ ᠬᠠᠺᠣᠽ ᠤᠨ ᠦᠷ᠎ᠡ ᠤᠳᠤᠮ᠂ ᠭᠢᠯᠧᠶᠠᠳ᠋ ᠬᠥᠮᠦᠨ ᠪᠠᠷᠽᠢᠯᠠᠢ ᠶᠢᠨ ᠥᠬᠢᠳ ᠡᠴᠡ ᠡᠬᠡᠨᠡᠷ ᠠᠪᠴᠤ ᠲᠡᠳᠡᠨ ᠦ ᠨᠡᠷ᠎ᠡ ᠪᠡᠷ ᠨᠡᠷᠡᠯᠡᠭᠳᠡᠬᠦ ᠪᠣᠯᠣᠭᠰᠠᠨ ᠪᠠᠷᠽᠢᠯᠠᠢ ᠶᠢᠨ ᠦᠷ᠎ᠡ ᠤᠳᠤᠮ ᠴᠤ 64 ᠠᠢᠮᠠᠭ ᠤᠨ ᠢᠶᠠᠨ ᠪᠦᠷᠢᠳᠬᠡᠯ ᠡᠴᠡ ᠨᠡᠷᠡᠰ ᠢᠶᠡᠨ ᠬᠠᠢᠭᠰᠠᠨ ᠪᠣᠯᠪᠠᠴᠤ ᠣᠯᠣᠭᠰᠠᠨ ᠦᠭᠡᠢ ᠤᠴᠢᠷ ᠠᠴᠠ ᠠᠷᠢᠭᠤᠨ ᠪᠤᠰᠤ ᠬᠡᠮᠡᠨ ᠲᠣᠭᠠᠴᠠᠭᠳᠠᠵᠤ᠂ ᠲᠠᠬᠢᠯᠴᠢ ᠶᠢᠨ ᠠᠯᠪᠠᠨ ᠠᠴᠠ ᠬᠠᠰᠤᠭᠳᠠᠪᠠ᠃ 65 ᠮᠤᠵᠢ ᠶᠢᠨ ᠵᠠᠬᠢᠷᠤᠭᠴᠢ ᠲᠡᠳᠡᠨ ᠳᠦ ᠦᠷᠢᠮ ᠪᠠ ᠲᠦᠮᠢᠮ ᠲᠠᠢ ᠲᠠᠬᠢᠯᠴᠢ ᠭᠠᠷᠬᠤ ᠠᠴᠠ ᠨᠠᠰᠢ ᠠᠷᠢᠭᠤᠨ ᠠᠴᠠ ᠠᠷᠢᠭᠤᠨ ᠬᠤᠪᠢ ᠶᠢ ᠢᠳᠡᠵᠦ ᠪᠣᠯᠬᠤ ᠦᠭᠡᠢ ᠭᠡᠵᠦ ᠰᠠᠨᠠᠭᠤᠯᠵᠠᠢ᠃

66 ᠴᠤᠭᠯᠠᠷᠠᠭᠰᠠᠨ ᠬᠥᠮᠦᠰ ᠨᠢ ᠪᠦᠭᠦᠳᠡ ᠳᠥᠷᠪᠡᠨ ᠲᠦᠮᠡ ᠬᠣᠶᠠᠷ ᠮᠢᠩ᠋ᠭ᠎ᠠ ᠭᠤᠷᠪᠠᠨ ᠵᠠᠭᠤ ᠵᠢᠷᠠ ᠪᠠᠢᠪᠠ᠃ 67 ᠡᠭᠦᠨ ᠡᠴᠡ ᠭᠠᠳᠠᠨ᠎ᠠ ᠳᠣᠯᠣᠭᠠᠨ ᠮᠢᠩ᠋ᠭ᠎ᠠ ᠭᠤᠷᠪᠠᠨ ᠵᠠᠭᠤ ᠭᠤᠴᠢᠨ ᠳᠣᠯᠣᠭᠠᠨ ᠡᠷᠡᠭᠲᠡᠢ ᠡᠮᠡᠭᠲᠡᠢ ᠵᠠᠷᠤᠴᠠ ᠪᠠ ᠬᠣᠶᠠᠷ ᠵᠠᠭᠤᠨ ᠡᠷᠡᠭᠲᠡᠢ ᠡᠮᠡᠭᠲᠡᠢ ᠳᠠᠭᠤᠴᠢᠨ ᠪᠠᠢᠪᠠ᠃ 68 ᠪᠠᠰᠠ ᠳᠣᠯᠣᠭᠠᠨ ᠵᠠᠭᠤ ᠭᠤᠴᠢᠨ ᠵᠢᠷᠭᠤᠭᠠᠨ ᠮᠣᠷᠢ᠂ ᠬᠣᠶᠠᠷ ᠵᠠᠭᠤ ᠳᠥᠴᠢᠨ ᠲᠠᠪᠤᠨ ᠯᠠᠭᠤᠰᠠ᠂ 69 ᠳᠥᠷᠪᠡᠨ ᠵᠠᠭᠤ ᠭᠤᠴᠢᠨ ᠲᠠᠪᠤᠨ ᠲᠡᠮᠡᠭᠡ᠂ ᠵᠢᠷᠭᠤᠭᠠᠨ ᠮᠢᠩ᠋ᠭ᠎ᠠ ᠳᠣᠯᠣᠭᠠᠨ ᠵᠠᠭᠤ ᠬᠣᠷᠢᠨ ᠡᠯᠵᠢᠭᠡ ᠪᠠᠢᠪᠠ᠃

70 ᠵᠠᠷᠢᠮ ᠠᠢᠮᠠᠭ ᠤᠨ ᠲᠡᠷᠢᠭᠦᠨ ᠨᠢ ᠪᠠᠷᠢᠯᠭ᠎ᠠ ᠶᠢᠨ ᠠᠵᠢᠯ ᠳᠤ ᠵᠣᠷᠢᠭᠤᠯᠤᠨ ᠬᠠᠨᠳᠢᠪ ᠡᠷᠭᠦᠭᠰᠡᠨ ᠪᠠᠢᠨ᠎ᠠ᠃ ᠵᠠᠬᠢᠷᠤᠭᠴᠢ ᠮᠢᠩ᠋ᠭᠠᠨ ᠳ᠋ᠷᠠᠺᠮᠠ 4 ᠠᠯᠲᠠ᠂ ᠲᠠᠪᠢᠨ ᠰᠠᠪᠠ᠂ ᠲᠠᠪᠤᠨ ᠵᠠᠭᠤ ᠭᠤᠴᠢᠨ ᠲᠠᠬᠢᠯᠴᠢ ᠶᠢᠨ ᠬᠤᠪᠴᠠᠰᠤ ᠶᠢ ᠬᠥᠮᠥᠷᠭᠡ ᠳᠦ ᠣᠷᠣᠭᠤᠯᠵᠠᠢ᠃ 71 ᠵᠠᠷᠢᠮ ᠠᠢᠮᠠᠭ ᠤᠨ ᠲᠡᠷᠢᠭᠦᠨ ᠨᠢ ᠠᠵᠢᠯ ᠤᠨ ᠰᠠᠩ ᠳᠤ ᠬᠣᠶᠠᠷ ᠲᠦᠮᠡᠨ ᠳ᠋ᠷᠠᠺᠮᠠ 5 ᠠᠯᠲᠠ᠂ ᠬᠣᠶᠠᠷ ᠮᠢᠩ᠋ᠭ᠎ᠠ ᠬᠣᠶᠠᠷ ᠵᠠᠭᠤᠨ ᠮᠢᠨᠠ 6 ᠮᠥᠩᠭᠥ ᠡᠷᠭᠦᠪᠡ᠃ 72 ᠦᠯᠡᠳᠡᠭᠰᠡᠨ ᠬᠥᠮᠦᠰ ᠦᠨ ᠡᠷᠭᠦᠭᠰᠡᠨ ᠵᠦᠢᠯᠡᠰ ᠭᠡᠪᠡᠯ᠂ ᠬᠣᠶᠠᠷ ᠲᠦᠮᠡᠨ ᠳ᠋ᠷᠠᠺᠮᠠ 7 ᠠᠯᠲᠠ᠂ ᠬᠣᠶᠠᠷ ᠮᠢᠩ᠋ᠭᠠᠨ ᠮᠢᠨᠠ 8 ᠮᠥᠩᠭᠥ ᠪᠠ ᠵᠢᠷᠠᠨ ᠳᠣᠯᠣᠭᠠᠨ ᠲᠠᠬᠢᠯᠴᠢ ᠶᠢᠨ ᠬᠤᠪᠴᠠᠰᠤ ᠪᠠᠢᠪᠠ᠃

73 ᠲᠡᠢᠨ ᠬᠦ ᠲᠠᠬᠢᠯᠴᠢᠳ᠂ ᠯᠧᠸᠢᠴᠦᠳ᠂ ᠬᠠᠭᠠᠯᠭᠠᠴᠢᠳ᠂ ᠳᠠᠭᠤᠴᠢᠳ᠂ ᠠᠷᠠᠳ ᠤᠨ ᠳᠤᠮᠳᠠᠬᠢ ᠬᠡᠰᠡᠭ ᠬᠥᠮᠦᠰ᠂ ᠥᠷᠭᠥᠭᠡᠨ ᠦ ᠦᠢᠯᠡᠴᠢᠯᠡᠭᠴᠢᠳ ᠪᠣᠯᠣᠨ ᠪᠤᠰᠤᠳ ᠪᠦᠬᠦ ᠢᠰᠷᠧᠯᠴᠦᠳ ᠥᠪᠡᠷ ᠥᠪᠡᠷᠰᠡᠳ ᠦᠨ ᠢᠶᠠᠨ ᠬᠣᠲᠠ ᠲᠣᠰᠬᠣᠨ ᠨᠤᠭᠤᠳ ᠲᠤ ᠰᠠᠭᠤᠷᠢᠰᠢᠪᠠ᠃ ᠳᠣᠯᠣᠳᠤᠭᠠᠷ ᠰᠠᠷ᠎ᠠ ᠪᠣᠯᠬᠤ ᠳᠤ ᠢᠰᠷᠧᠯᠴᠦᠳ ᠥᠪᠡᠷᠰᠡᠳ ᠦᠨ ᠢᠶᠠᠨ ᠬᠣᠲᠠ ᠲᠣᠰᠬᠣᠨ ᠳᠤ ᠰᠠᠭᠤᠷᠢᠰᠢᠭᠰᠠᠨ ᠪᠠᠢᠪᠠ᠃