1 2 3 4 5 6 7 8 9 10 11 12 13


ᠨᠧᠾᠧᠮᠢᠶ᠎ᠠ ᠠᠷᠪᠠᠨ ᠭᠤᠷᠪᠠ
 ᠶᠠᠩᠵᠤ ᠪᠦᠷᠢ ᠶᠢᠨ ᠰᠢᠨᠡᠴᠢᠯᠡᠯᠲᠡ

1 ᠲᠡᠷᠡ ᠡᠳᠦᠷ ᠮᠣᠰᠧ ᠶᠢᠨ ᠨᠣᠮ ᠠᠴᠠ ᠴᠢᠩᠭ᠍᠎ᠠ ᠪᠠᠷ ᠤᠩ᠋ᠰᠢᠬᠤ ᠳᠤ᠂ ᠠᠷᠠᠳ ᠲᠦᠮᠡᠨ ᠰᠣᠨᠣᠰᠴᠤ᠂ ᠲᠡᠭᠦᠨ ᠳᠦ ᠳᠠᠷᠠᠭᠠᠬᠢ ᠵᠦᠢᠯ ᠪᠢᠴᠢᠭᠳᠡᠭᠰᠡᠨ ᠢ ᠣᠯᠵᠤ ᠮᠡᠳᠡᠪᠡ᠃ ᠠᠮᠣᠨ ᠬᠥᠮᠦᠨ᠂ ᠡᠰᠡᠪᠡᠯ ᠮᠣᠶᠠᠪ ᠬᠥᠮᠦᠨ ᠬᠡᠵᠢᠶ᠎ᠡ ᠴᠤ ᠪᠤᠷᠬᠠᠨ ᠤ ᠴᠢᠭᠤᠯᠭᠠᠨ ᠳᠤ ᠣᠷᠣᠵᠤ ᠪᠣᠯᠬᠤ ᠦᠭᠡᠢ᠃ 2 ᠤᠴᠢᠷ ᠨᠢ ᠲᠡᠳᠡ ᠢᠰᠷᠧᠯᠴᠦᠳ ᠢ ᠪᠣᠣᠪᠣ ᠤᠰᠤ ᠲᠠᠢ ᠤᠭᠲᠤᠭ᠎ᠠ ᠦᠭᠡᠢ ᠮᠥᠷᠳᠡᠭᠡᠨ ᠲᠡᠳᠡᠨ ᠳᠦ ᠬᠠᠷᠢᠶᠠᠯ ᠬᠢᠯᠭᠡᠬᠦ ᠪᠡᠷ ᠪᠠᠯᠠᠮ ᠢ ᠬᠥᠯᠥᠰᠥᠯᠡᠭᠰᠡᠨ ᠪᠢᠯᠡ᠃ ᠬᠠᠷᠢᠨ ᠪᠢᠳᠡᠨ ᠦ ᠪᠤᠷᠬᠠᠨ ᠬᠠᠷᠢᠶᠠᠯ ᠢ ᠨᠢ ᠢᠷᠥᠭᠡᠯ ᠪᠣᠯᠭᠠᠭᠰᠠᠨ ᠶᠤᠮ᠃ 3 ᠠᠷᠠᠳ ᠲᠦᠮᠡᠨ ᠡᠨᠡ ᠰᠤᠷᠭᠠᠯ ᠢ ᠰᠣᠨᠣᠰᠣᠭᠠᠳ᠂ ᠢᠰᠷᠧᠯ ᠤᠨ ᠳᠤᠮᠳᠠ ᠠᠴᠠ ᠬᠠᠷᠢ ᠤᠳᠤᠮ ᠲᠠᠢ ᠪᠦᠭᠦᠳᠡ ᠶᠢ ᠢᠯᠭᠠᠪᠠ᠃

4 ᠡᠭᠦᠨ ᠡᠴᠡ ᠡᠮᠦᠨ᠎ᠡ ᠡᠢᠮᠦ ᠶᠠᠪᠤᠳᠠᠯ ᠪᠣᠯᠵᠠᠢ᠄ ᠮᠠᠨ ᠤ ᠪᠤᠷᠬᠠᠨ ᠤ ᠥᠷᠭᠥᠭᠡᠨ ᠦ ᠥᠷᠥᠭᠡ ᠨᠦᠭᠦᠳ ᠢ ᠬᠠᠷᠢᠭᠤᠴᠠᠬᠤ ᠪᠠᠷ ᠲᠣᠮᠢᠯᠠᠭᠳᠠᠭᠰᠠᠨ ᠲᠠᠬᠢᠯᠴᠢ ᠡᠯᠢᠶᠠᠱᠢᠪ ᠪᠣᠯ ᠲᠣᠪᠢᠶ᠎ᠠ ᠶᠢᠨ ᠰᠠᠳᠤᠨ ᠤᠴᠢᠷ ᠠᠴᠠ 5 ᠲᠣᠪᠢᠶ᠎ᠠ ᠳᠤ ᠲᠣᠮᠣ ᠥᠷᠥᠭᠡ ᠪᠡᠯᠡᠳᠬᠡᠵᠦ ᠥᠭᠴᠡᠢ᠃ ᠤᠤᠯ ᠨᠢ ᠲᠡᠷᠡ ᠥᠷᠥᠭᠡᠨ ᠳᠦ ᠲᠤᠰᠢᠶᠠᠯ ᠤᠨ ᠶᠣᠰᠣᠭᠠᠷ ᠢᠳᠡᠭᠡᠨ ᠲᠠᠬᠢᠯ᠂ ᠭᠦᠭᠦᠯ᠂ ᠰᠠᠪᠠ ᠰᠠᠭᠤᠯᠠᠭ᠎ᠠ ᠨᠤᠭᠤᠳ ᠬᠢᠭᠡᠳ ᠦᠷ᠎ᠡ ᠲᠠᠷᠢᠶᠠᠨ ᠤ ᠠᠷᠪᠠᠨ ᠤ ᠨᠢᠭᠡ᠂ ᠰᠢᠨ᠎ᠡ ᠳᠠᠷᠠᠰᠤ᠂ ᠲᠣᠰᠣ ᠬᠢᠭᠡᠳ ᠯᠧᠸᠢᠴᠦᠳ᠂ ᠳᠠᠭᠤᠴᠢᠳ᠂ ᠬᠠᠭᠠᠯᠭᠠᠴᠢᠳ ᠪᠣᠯᠣᠨ ᠲᠠᠬᠢᠯᠴᠢᠳ ᠲᠤ ᠥᠭᠬᠦ ᠬᠠᠨᠳᠢᠪ ᠢ ᠬᠠᠳᠠᠭᠠᠯᠠᠳᠠᠭ ᠪᠠᠢᠭᠰᠠᠨ ᠶᠤᠮ᠃ 6 ᠬᠠᠷᠢᠨ ᠡᠨᠡ ᠪᠦᠬᠦ ᠶᠠᠪᠤᠳᠠᠯ ᠪᠣᠯᠵᠤ ᠪᠠᠢᠬᠤ ᠳᠤ᠂ ᠪᠢ ᠶᠧᠷᠦ᠋ᠰᠠᠯᠧᠮ ᠳᠤ ᠪᠠᠢᠭᠰᠠᠨ ᠦᠭᠡᠢ᠂ ᠪᠠᠪᠢᠯᠣᠨ ᠤ ᠬᠠᠭᠠᠨ ᠠᠷᠲ᠋ᠠᠱᠠᠰᠲ᠋ᠠ ᠶᠢᠨ ᠭᠤᠴᠢᠨ ᠬᠣᠶᠠᠳᠤᠭᠠᠷ ᠣᠨ ᠳᠤ ᠬᠠᠭᠠᠨ ᠳᠤ ᠪᠠᠷᠠᠭᠠᠯᠬᠠᠬᠤ ᠪᠠᠷ ᠶᠠᠪᠤᠭᠰᠠᠨ ᠪᠠᠢᠪᠠ᠃ ᠬᠡᠰᠡᠭ ᠬᠤᠭᠤᠴᠠᠭᠠᠨ ᠤ ᠳᠠᠷᠠᠭ᠎ᠠ ᠪᠢ ᠬᠠᠭᠠᠨ ᠠᠴᠠ ᠵᠥᠪᠰᠢᠶᠡᠷᠡᠯ ᠣᠯᠵᠤ᠂ 7 ᠶᠧᠷᠦ᠋ᠰᠠᠯᠧᠮ ᠳᠤ ᠢᠷᠡᠭᠰᠡᠨ ᠦ ᠳᠠᠷᠠᠭ᠎ᠠ᠂ ᠲᠣᠪᠢᠶ᠎ᠠ ᠶᠢᠨ ᠲᠥᠯᠥᠭᠡ ᠦᠢᠯᠡᠳᠦᠭᠰᠡᠨ ᠡᠯᠢᠶᠠᠱᠢᠪ ᠤᠨ ᠮᠠᠭᠤ ᠬᠡᠷᠡᠭ᠂ ᠲᠤᠬᠠᠢᠯᠠᠪᠠᠯ ᠲᠡᠭᠦᠨ ᠳᠦ ᠪᠤᠷᠬᠠᠨ ᠤ ᠥᠷᠭᠥᠭᠡᠨ ᠦ ᠬᠦᠷᠢᠶᠡᠨ ᠳᠦ ᠥᠷᠥᠭᠡ ᠪᠡᠯᠡᠳᠬᠡᠵᠦ ᠥᠭᠭᠥᠭᠰᠡᠨ ᠢ ᠮᠡᠳᠡᠪᠡ᠃ 8 ᠡᠨᠡ ᠨᠢ ᠨᠠᠳᠠ ᠳᠤ ᠲᠤᠩ ᠲᠠᠭ᠎ᠠ ᠦᠭᠡᠢ ᠪᠠᠢᠭᠰᠠᠨ ᠪᠣᠯᠬᠣᠷ ᠪᠢ ᠲᠡᠷᠡ ᠥᠷᠥᠭᠡᠨ ᠡᠴᠡ ᠲᠣᠪᠢᠶ᠎ᠠ ᠶᠢᠨ ᠪᠦᠬᠦ ᠡᠳ᠋ ᠬᠣᠭᠰᠢᠯ ᠢ ᠭᠠᠷᠭᠠᠵᠤ ᠬᠠᠶᠠᠪᠠ᠃ 9 ᠲᠡᠭᠡᠭᠡᠳ ᠪᠢ ᠲᠤᠰᠢᠶᠠᠯ ᠪᠠᠭᠤᠯᠭᠠᠵᠤ᠂ ᠲᠡᠷᠡ ᠥᠷᠥᠭᠡ ᠨᠦᠭᠦᠳ ᠢ ᠴᠡᠪᠡᠷᠯᠡᠭᠦᠯᠦᠭᠡᠳ ᠲᠡᠨᠳᠡ ᠪᠤᠷᠬᠠᠨ ᠤ ᠥᠷᠭᠥᠭᠡᠨ ᠦ ᠰᠠᠪᠠ ᠰᠠᠭᠤᠯᠠᠭ᠎ᠠ ᠶᠢ ᠢᠳᠡᠭᠡᠨ ᠡᠷᠭᠦᠯ ᠤᠳ ᠪᠠ ᠭᠦᠭᠦᠯ ᠲᠡᠢ ᠨᠢ ᠬᠠᠮᠲᠤ ᠪᠤᠴᠠᠭᠠᠵᠤ ᠠᠪᠴᠢᠷᠠᠭᠤᠯᠪᠠ᠃

10 ᠮᠥᠨ ᠯᠧᠸᠢᠴᠦᠳ ᠦᠨ ᠬᠤᠪᠢ ᠥᠭᠭᠥᠭᠳᠡᠭᠡ ᠦᠭᠡᠢ ᠶᠢ ᠪᠢ ᠮᠡᠳᠡᠪᠡ᠃ ᠦᠢᠯᠡᠴᠢᠯᠡᠵᠦ ᠪᠠᠢᠭᠰᠠᠨ ᠯᠧᠸᠢᠴᠦᠳ ᠪᠠ ᠳᠠᠭᠤᠴᠢᠳ ᠪᠦᠭᠦᠳᠡᠭᠡᠷ ᠢᠶᠡᠨ ᠲᠠᠷᠢᠶ᠎ᠠ ᠤᠷᠤᠭᠤ ᠪᠠᠨ ᠶᠠᠪᠤᠵᠠᠭᠠᠭᠰᠠᠨ ᠪᠠᠢᠯ᠎ᠠ᠃ 11 ᠪᠢ᠄ 《ᠪᠤᠷᠬᠠᠨ ᠤ ᠥᠷᠭᠥᠭᠡ ᠶᠠᠭᠠᠬᠢᠭᠠᠳ ᠡᠢᠨ ᠬᠦ ᠣᠷᠬᠢᠭᠳᠠᠪᠠ︖》 ᠬᠡᠮᠡᠨ ᠲᠦᠰᠢᠮᠡᠳ ᠢ ᠵᠢᠮᠡᠯᠡᠵᠦ᠂ ᠯᠧᠸᠢᠴᠦᠳ ᠢ ᠴᠤᠭᠯᠠᠭᠤᠯᠤᠭᠠᠳ ᠠᠯᠪᠠᠨ ᠳᠤᠨᠢ ᠪᠤᠴᠠᠭᠠᠨ ᠲᠠᠯᠪᠢᠭᠰᠠᠨ ᠳᠤ᠂ 12 ᠶᠦᠳᠠᠢᠴᠤᠳ ᠪᠦᠭᠦᠳᠡᠭᠡᠷ ᠦᠷ᠎ᠡ ᠲᠠᠷᠢᠶ᠎ᠠ᠂ ᠳᠠᠷᠠᠰᠤ ᠪᠠ ᠲᠣᠰᠣᠨ ᠤ ᠪᠠᠨ ᠠᠷᠪᠠᠨ ᠤ ᠨᠢᠭᠡ ᠶᠢ ᠬᠥᠮᠥᠷᠭᠡ ᠶᠢᠨ ᠥᠷᠥᠭᠡ ᠨᠦᠭᠦᠳ ᠲᠦ ᠠᠪᠴᠢᠷᠠᠵᠠᠭᠠᠪᠠ᠃ 13 ᠪᠢ ᠲᠠᠬᠢᠯᠴᠢ ᠱᠧᠯᠧᠮᠢᠶ᠎ᠠ᠂ ᠪᠢᠴᠢᠭᠡᠴᠢ ᠽᠠᠳᠣᠺ᠂ ᠯᠧᠸᠢ ᠬᠥᠮᠦᠨ ᠫᠧᠳᠠᠶᠠ ᠪᠠᠷ ᠬᠥᠮᠥᠷᠭᠡ ᠶᠢ ᠬᠠᠷᠢᠭᠤᠴᠠᠭᠤᠯᠵᠤ᠂ ᠮᠠᠲ᠋ᠠᠨᠢᠶ᠎ᠠ ᠶᠢᠨ ᠠᠴᠢ᠂ ᠽᠠᠺᠦ᠋ᠷ ᠤᠨ ᠬᠦᠦ ᠬᠠᠨᠠᠨ ᠢ ᠲᠡᠳᠡᠨ ᠦ ᠲᠤᠰᠠᠯᠠᠭᠴᠢ ᠪᠣᠯᠭᠠᠪᠠ᠃ ᠲᠡᠳᠡ ᠪᠦᠭᠦᠳᠡ ᠢᠲᠡᠭᠡᠮᠵᠢᠲᠡᠢ ᠬᠡᠮᠡᠨ ᠦᠵᠡᠭᠳᠡᠳᠡᠭ ᠤᠴᠢᠷ ᠠᠴᠠ ᠠᠬ᠎ᠠ ᠳᠡᠭᠦᠦ ᠨᠠᠷ ᠲᠡᠭᠡᠨ ᠬᠤᠪᠢ ᠶᠢ ᠨᠢ ᠬᠤᠪᠢᠶᠠᠷᠢᠯᠠᠬᠤ ᠡᠭᠦᠷᠭᠡ ᠲᠠᠢ ᠪᠣᠯᠣᠭᠰᠠᠨ ᠶᠤᠮ᠃ 14 ᠪᠤᠷᠬᠠᠨ ᠮᠢᠨᠢ᠂ ᠡᠢᠨ ᠬᠦ ᠦᠢᠯᠡᠳᠦᠭᠰᠡᠨ ᠢ ᠮᠢᠨᠢ ᠰᠠᠨᠠᠭᠠᠴᠢ᠃ ᠪᠤᠷᠬᠠᠨ ᠤ ᠪᠠᠨ ᠥᠷᠭᠥᠭᠡ ᠪᠠ ᠲᠡᠨᠳᠡᠬᠢ ᠦᠢᠯᠡᠴᠢᠯᠡᠯ ᠦᠨ ᠲᠥᠯᠥᠭᠡ ᠭᠦᠢᠴᠡᠳᠬᠡᠭᠰᠡᠨ ᠦᠨᠡᠨᠴᠢ ᠦᠢᠯᠡᠰ ᠢ ᠮᠢᠨᠢ ᠪᠦᠦ ᠮᠠᠷᠲᠠᠭᠠᠴᠢ︕

15 ᠲᠡᠷᠡ ᠡᠳᠦᠷ ᠤᠳ ᠲᠤ ᠪᠢ ᠶᠦᠳᠠ ᠳᠤ ᠠᠮᠠᠷᠠᠯ ᠤᠨ ᠡᠳᠦᠷ ᠢᠶᠡᠷ ᠬᠥᠮᠦᠰ ᠦᠵᠦᠮ ᠦᠨ ᠰᠢᠬᠠᠭᠤᠷᠭ᠎ᠠ ᠭᠢᠰᠬᠢᠵᠦ᠂ ᠦᠷ᠎ᠡ ᠲᠠᠷᠢᠶ᠎ᠠ ᠶᠢ ᠡᠯᠵᠢᠭᠡᠨ ᠳᠦ ᠠᠴᠢᠵᠤ᠂ ᠳᠠᠷᠠᠰᠤ᠂ ᠦᠵᠦᠮ᠂ ᠢᠨᠵᠢᠷ ᠪᠣᠯᠣᠨ ᠪᠦᠬᠦ ᠲᠥᠷᠥᠯ ᠦᠨ ᠠᠴᠢᠶ᠎ᠠ ᠶᠢ ᠠᠮᠠᠷᠠᠯ ᠤᠨ ᠡᠳᠦᠷ ᠢᠶᠡᠷ ᠶᠧᠷᠦ᠋ᠰᠠᠯᠧᠮ ᠳᠤ ᠠᠪᠴᠢᠷᠠᠵᠤ ᠪᠠᠢᠬᠤ ᠶᠢ ᠦᠵᠡᠭᠡᠳ ᠲᠡᠳᠡᠨ ᠳᠦ ᠲᠡᠷᠡ ᠡᠳᠦᠷ ᠢᠶᠡᠷ ᠬᠦᠨᠡᠰᠦ ᠬᠤᠳᠠᠯᠳᠤᠵᠤ ᠪᠣᠯᠬᠤ ᠦᠭᠡᠢ ᠶᠢ ᠰᠠᠨᠠᠭᠤᠯᠪᠠ᠃ 16 ᠶᠧᠷᠦ᠋ᠰᠠᠯᠧᠮ ᠳᠤ ᠰᠠᠭᠤᠳᠠᠭ ᠲᠢᠷ ᠤᠨ ᠬᠥᠮᠦᠰ ᠴᠤ ᠠᠮᠠᠷᠠᠯ ᠤᠨ ᠡᠳᠦᠷ ᠵᠢᠭᠠᠰᠤ ᠪᠣᠯᠣᠨ ᠪᠦᠬᠦ ᠲᠥᠷᠥᠯ ᠦᠨ ᠪᠠᠷᠠᠭ᠎ᠠ ᠶᠢ ᠭᠠᠳᠠᠨ᠎ᠠ ᠠᠴᠠ ᠣᠷᠣᠭᠤᠯᠵᠤ᠂ ᠲᠡᠭᠦᠨ ᠢ ᠪᠠᠨ ᠶᠧᠷᠦ᠋ᠰᠠᠯᠧᠮ ᠳᠤ ᠠᠮᠠᠷᠠᠯ ᠤᠨ ᠡᠳᠦᠷ ᠶᠦᠳᠠᠴᠤᠳ ᠲᠤ ᠬᠤᠳᠠᠯᠳᠤᠵᠤ ᠪᠠᠢᠪᠠ᠃ 17 ᠪᠢ ᠶᠦᠳᠠ ᠶᠢᠨ ᠨᠣᠶᠠᠳ ᠢ ᠵᠢᠮᠡᠯᠡᠨ᠄ 《ᠲᠠ ᠨᠠᠷ ᠶᠠᠭᠤᠨ ᠳᠤ ᠮᠠᠭᠤ ᠶᠢ ᠦᠢᠯᠡᠳᠴᠦ ᠠᠮᠠᠷᠠᠯ ᠤᠨ ᠡᠳᠦᠷ ᠢ ᠵᠥᠷᠢᠴᠡᠵᠦ ᠪᠠᠢᠨ᠎ᠠ ᠪᠤᠢ︖ 18 ᠲᠠᠨ ᠤ ᠡᠴᠢᠭᠡ ᠨᠦᠭᠦᠳ ᠡᠨᠡ ᠮᠡᠲᠦ ᠶᠢ ᠦᠢᠯᠡᠳᠦᠭᠰᠡᠨ ᠢᠶᠡᠷ ᠪᠤᠷᠬᠠᠨ ᠮᠠᠨᠢ ᠪᠢᠳᠡᠨ ᠳᠡᠭᠡᠷ᠎ᠡ ᠪᠣᠯᠣᠨ ᠡᠨᠡ ᠬᠣᠲᠠ ᠶᠢᠨ ᠳᠡᠭᠡᠷ᠎ᠡ ᠡᠨᠡ ᠪᠦᠬᠦ ᠭᠠᠢ ᠭᠠᠮᠰᠢᠭ ᠢ ᠠᠪᠴᠢᠷᠠᠭᠰᠠᠨ ᠪᠢᠰᠢ ᠤᠤ︖ ᠲᠡᠭᠡᠭᠰᠡᠨ ᠪᠠᠢᠬᠤ ᠳᠤ ᠲᠠ ᠨᠠᠷ ᠠᠮᠠᠷᠠᠯ ᠤᠨ ᠡᠳᠦᠷ ᠢ ᠵᠥᠷᠢᠴᠡᠨ᠂ ᠢᠰᠷᠧᠯ ᠤᠨ ᠳᠡᠭᠡᠷᠡᠬᠢ ᠲᠡᠭᠦᠨ ᠦ ᠠᠭᠤᠷ ᠬᠢᠯᠢᠩ ᠢ ᠨᠡᠮᠡᠭᠳᠡᠭᠦᠯᠵᠦ ᠪᠠᠢᠨ᠎ᠠ》 ᠭᠡᠪᠡ᠃

19 ᠢᠩᠭᠢᠭᠡᠳ ᠠᠮᠠᠷᠠᠯ ᠤᠨ ᠡᠳᠦᠷ ᠪᠣᠯᠬᠤ ᠠᠴᠠ ᠡᠮᠦᠨ᠎ᠡ ᠬᠠᠷᠠᠩ᠋ᠭᠤᠢ ᠪᠣᠯᠵᠤ ᠪᠠᠢᠬᠤ ᠳᠤ᠂ ᠪᠢ ᠲᠤᠰᠢᠶᠠᠯ ᠪᠠᠭᠤᠯᠭᠠᠨ ᠶᠧᠷᠦ᠋ᠰᠠᠯᠧᠮ ᠤᠨ ᠬᠠᠭᠠᠯᠭ᠎ᠠ ᠨᠤᠭᠤᠳ ᠢ ᠬᠠᠭᠠᠯᠭᠠᠵᠤ᠂ ᠠᠮᠠᠷᠠᠯ ᠤᠨ ᠡᠳᠦᠷ ᠥᠩᠭᠡᠷᠡᠲᠡᠯ᠎ᠡ ᠨᠡᠭᠡᠭᠡᠯᠭᠡ ᠦᠭᠡᠢ᠃ ᠲᠡᠭᠡᠭᠡᠳ ᠠᠮᠠᠷᠠᠯ ᠤᠨ ᠡᠳᠦᠷ ᠶᠠᠮᠠᠷ ᠴᠤ ᠠᠴᠢᠶ᠎ᠠ ᠣᠷᠣᠭᠤᠯᠬᠤ ᠦᠭᠡᠢ ᠪᠠᠢᠬᠤ ᠶᠢᠨ ᠲᠤᠯᠠᠳᠠ ᠪᠢ ᠵᠠᠷᠢᠮ ᠵᠠᠷᠤᠴᠠ ᠨᠠᠷ ᠢᠶᠠᠨ ᠬᠠᠭᠠᠯᠭᠠᠨ ᠳᠡᠭᠡᠷ᠎ᠡ ᠵᠣᠭᠰᠣᠭᠠᠪᠠ᠃ 20 ᠭᠡᠪᠡᠴᠦ ᠲᠥᠷᠥᠯ ᠪᠦᠷᠢ ᠶᠢᠨ ᠪᠠᠷᠠᠭᠠᠨ ᠤ ᠬᠤᠳᠠᠯᠳᠤᠭᠠᠴᠢᠳ ᠪᠠ ᠮᠠᠢᠮᠠᠢᠴᠢᠳ ᠭᠠᠭᠴᠠ ᠬᠣᠶᠠᠷ ᠤᠳᠠᠭ᠎ᠠ ᠶᠧᠷᠦ᠋ᠰᠠᠯᠧᠮ ᠤᠨ ᠭᠠᠳᠠᠨ᠎ᠠ ᠬᠣᠨᠣᠵᠤ ᠪᠠᠢᠪᠠ᠃ 21 ᠪᠢ ᠲᠡᠳᠡᠨ ᠳᠦ ᠠᠩ᠋ᠬᠠᠷᠤᠭᠤᠯᠵᠤ᠄ 《ᠲᠠ ᠨᠠᠷ ᠶᠠᠭᠤᠨ ᠳᠤ ᠬᠡᠷᠡᠮ ᠦᠨ ᠭᠠᠳᠠᠨ᠎ᠠ ᠬᠣᠨᠣᠵᠤ ᠪᠠᠢᠨ᠎ᠠ ᠪᠤᠢ︖ ᠬᠡᠷᠪᠡ ᠲᠠ ᠨᠠᠷ ᠳᠠᠬᠢᠭᠠᠳ ᠢᠩᠭᠢᠪᠡᠯ ᠪᠢ ᠪᠠᠷᠢᠨ᠎ᠠ ᠰᠢᠦ》 ᠭᠡᠰᠡᠨ ᠳᠦ᠂ ᠲᠡᠷᠡ ᠴᠠᠭ ᠠᠴᠠ ᠬᠣᠢᠰᠢ ᠲᠡᠳᠡ ᠠᠮᠠᠷᠠᠯ ᠤᠨ ᠡᠳᠦᠷ ᠢᠷᠡᠬᠦ ᠪᠡᠨ ᠪᠣᠯᠢᠪᠠ᠃ 22 ᠪᠢ ᠪᠠᠰᠠ ᠯᠧᠸᠢᠴᠦᠳ ᠲᠦ ᠪᠡᠶ᠎ᠡ ᠪᠡᠨ ᠠᠷᠢᠭᠤᠰᠬᠠᠭᠠᠳ ᠬᠠᠭᠠᠯᠭ᠎ᠠ ᠨᠤᠭᠤᠳ ᠳᠡᠭᠡᠷ᠎ᠡ ᠣᠴᠢᠵᠤ ᠬᠠᠷᠠᠭᠤᠯ ᠵᠣᠭᠰᠣᠨ ᠠᠮᠠᠷᠠᠯ ᠤᠨ ᠡᠳᠦᠷ ᠢ ᠠᠷᠢᠭᠤᠨ ᠢᠶᠠᠷ ᠰᠠᠬᠢᠬᠤ ᠶᠢ ᠲᠤᠰᠢᠶᠠᠪᠠ᠃ ᠡᠢᠨ ᠬᠦ ᠦᠢᠯᠡᠳᠦᠭᠰᠡᠨ ᠢ ᠮᠢᠨᠢ ᠴᠤ ᠰᠠᠨᠠᠭᠠᠴᠢ︕ ᠪᠤᠷᠬᠠᠨ ᠮᠢᠨᠢ᠂ ᠦᠯᠡᠮᠵᠢ ᠶᠡᠬᠡ ᠬᠠᠢᠷ᠎ᠠ ᠪᠠᠷ ᠢᠶᠠᠨ ᠨᠠᠮᠠᠶᠢ ᠥᠷᠥ ᠡᠪᠡᠳᠦᠭᠡᠴᠢ︕

23 ᠪᠢ ᠲᠡᠷᠡ ᠡᠳᠦᠷ ᠤᠳ ᠲᠤ ᠠᠱᠠᠳᠣᠳ᠋᠂ ᠠᠮᠣᠨ ᠪᠤᠶᠤ ᠮᠣᠶᠠᠪ ᠤᠨ ᠡᠮᠡᠭᠲᠡᠢᠴᠦᠳ ᠲᠡᠢ ᠭᠡᠷᠯᠡᠭᠰᠡᠨ ᠶᠦᠳᠠᠢᠴᠤᠳ ᠢ ᠴᠤ ᠣᠯᠵᠤ ᠦᠵᠡᠪᠡ᠃ 24 ᠲᠡᠳᠡᠨ ᠦ ᠬᠡᠦᠬᠡᠳ ᠤᠳ ᠤᠨ ᠬᠠᠭᠠᠰ ᠨᠢ ᠠᠱᠠᠳᠣᠳ᠋ ᠬᠡᠯᠡ ᠪᠡᠷ᠂ ᠡᠰᠡᠪᠡᠯ ᠥᠭᠡᠷ᠎ᠡ ᠦᠨᠳᠦᠰᠦᠲᠡᠨ ᠦ ᠬᠡᠯᠡ ᠪᠡᠷ ᠶᠠᠷᠢᠳᠠᠭ ᠪᠣᠯᠪᠠᠴᠤ ᠶᠦᠳᠠ ᠬᠡᠯᠡ ᠪᠡᠷ ᠶᠠᠷᠢᠵᠤ ᠴᠢᠳᠠᠬᠤ ᠦᠭᠡᠢ ᠪᠠᠢᠪᠠ᠃ 25 ᠪᠢ ᠲᠡᠳᠡᠨ ᠢ ᠪᠤᠷᠤᠭᠤᠰᠢᠶᠠᠵᠤ᠂ ᠬᠠᠷᠢᠶᠠᠨ᠂ ᠵᠠᠷᠢᠮ ᠢ ᠨᠢ ᠵᠣᠳᠣᠵᠤ᠂ ᠦᠰᠦ ᠶᠢ ᠨᠢ ᠵᠤᠯᠭᠠᠭᠠᠨ᠂ ᠪᠤᠷᠬᠠᠨ ᠤ ᠨᠡᠷ᠎ᠡ ᠪᠡᠷ ᠲᠠᠩ᠋ᠭᠠᠷᠢᠭᠯᠠᠭᠤᠯᠵᠤ᠄ 《ᠲᠠ ᠨᠠᠷ ᠥᠬᠢᠳ ᠢᠶᠠᠨ ᠲᠡᠳᠡᠨ ᠦ ᠬᠥᠪᠡᠭᠦᠳ ᠲᠦ ᠥᠭᠴᠦ ᠪᠣᠯᠬᠤ ᠦᠭᠡᠢ᠂ ᠲᠡᠳᠡᠨ ᠦ ᠥᠬᠢᠳ ᠢ ᠴᠤ ᠬᠥᠪᠡᠭᠦᠳ ᠲᠡᠭᠡᠨ᠂ ᠡᠰᠡᠪᠡᠯ ᠥᠪᠡᠷᠰᠡᠳ ᠲᠡᠭᠡᠨ ᠠᠪᠴᠤ ᠪᠣᠯᠬᠤ ᠦᠭᠡᠢ᠃ 26 ᠢᠰᠷᠧᠯ ᠤᠨ ᠬᠠᠭᠠᠨ ᠰᠣᠯᠣᠮᠣᠨ ᠡᠳᠡᠭᠡᠷ ᠵᠦᠢᠯ ᠢᠶᠠᠷ ᠨᠢᠭᠦᠯ ᠦᠢᠯᠡᠳᠦᠭᠰᠡᠨ ᠪᠢᠰᠢ ᠤᠤ︖ ᠣᠯᠠᠨ ᠦᠨᠳᠦᠰᠦᠲᠡᠨ ᠦ ᠳᠤᠮᠳᠠ ᠲᠡᠭᠦᠨ ᠰᠢᠭ ᠬᠠᠭᠠᠨ ᠪᠠᠢᠭ᠎ᠠ ᠦᠭᠡᠢ᠃ ᠪᠤᠷᠬᠠᠨ ᠲᠡᠭᠦᠨ ᠢ ᠬᠠᠢᠷᠠᠯᠠᠨ᠂ ᠪᠦᠬᠦ ᠢᠰᠷᠧᠯ ᠤᠨ ᠳᠡᠭᠡᠷ᠎ᠡ ᠬᠠᠭᠠᠨ ᠢᠶᠠᠷ ᠡᠷᠭᠦᠮᠵᠢᠯᠡᠭᠰᠡᠨ ᠪᠣᠯᠪᠠᠴᠤ ᠬᠠᠷᠢ ᠡᠮᠡᠭᠲᠡᠢᠴᠦᠳ ᠲᠡᠭᠦᠨ ᠢ ᠬᠦᠷᠲᠡᠯ᠎ᠡ ᠨᠢᠭᠦᠯ ᠦᠢᠯᠡᠳᠬᠦ ᠳᠦ ᠬᠦᠷᠭᠡᠭᠰᠡᠨ᠃ 27 ᠲᠡᠢᠮᠦ ᠪᠠᠢᠬᠤ ᠳᠤ ᠪᠤᠷᠬᠠᠨ ᠤ ᠮᠠᠨᠢ ᠡᠰᠡᠷᠭᠦ ᠦᠨᠡᠨᠴᠢ ᠪᠤᠰᠤ ᠬᠠᠨᠳᠤᠵᠤ᠂ ᠬᠠᠷᠢ ᠡᠮᠡᠭᠲᠡᠢᠴᠦᠳ ᠲᠡᠢ ᠭᠡᠷᠯᠡᠨ ᠡᠨᠡ ᠪᠦᠬᠦ ᠠᠶᠤᠮᠰᠢᠭᠲᠤ ᠪᠤᠵᠠᠷ ᠢ ᠦᠢᠯᠡᠳᠴᠦ ᠪᠠᠢᠭ᠎ᠠ ᠶᠢ ᠴᠢᠨᠢ ᠣᠳᠣ ᠪᠢᠳᠡ ᠰᠣᠨᠣᠰᠬᠤ ᠶᠣᠰᠣᠲᠠᠢ ᠭᠡᠵᠢ ᠤᠤ︖》 ᠭᠡᠪᠡ᠃

28 ᠶᠣᠢᠶᠠᠳᠠ ᠶᠢᠨ ᠬᠥᠪᠡᠭᠦᠳ ᠦᠨ ᠨᠢᠭᠡ᠂ ᠲᠡᠷᠢᠭᠦᠨ ᠲᠠᠬᠢᠯᠴᠢ ᠡᠯᠢᠶᠠᠱᠢᠪ ᠤᠨ ᠠᠴᠢ ᠬᠦᠷᠲᠡᠯ᠎ᠡ ᠾᠣᠷᠣᠨ ᠬᠥᠮᠦᠨ ᠰᠠᠨᠪᠠᠯᠠᠲ ᠤᠨ ᠬᠦᠷᠭᠡᠨ ᠪᠣᠯᠣᠭᠰᠠᠨ ᠪᠠᠢᠪᠠ᠃ ᠲᠡᠢᠮᠦ ᠡᠴᠡ ᠪᠢ ᠲᠡᠭᠦᠨ ᠢ ᠥᠪᠡᠷ ᠡᠴᠡ ᠪᠡᠨ ᠵᠠᠢᠯᠠᠭᠤᠯᠪᠠ᠃ 29 ᠲᠡᠳᠡᠨ ᠢ ᠪᠦᠦ ᠮᠠᠷᠲᠠᠭᠠᠴᠢ᠂ ᠪᠤᠷᠬᠠᠨ ᠮᠢᠨᠢ᠃ ᠲᠡᠳᠡ ᠲᠠᠬᠢᠯᠴᠢ ᠶᠢᠨ ᠲᠤᠰᠢᠶᠠᠯ ᠢ᠂ ᠮᠥᠨ ᠲᠠᠬᠢᠯᠴᠢᠳ ᠪᠠ ᠯᠧᠸᠢᠴᠦᠳ ᠦᠨ ᠭᠡᠷ᠎ᠡ ᠶᠢ ᠪᠤᠵᠠᠷᠯᠠᠭᠰᠠᠨ ᠶᠤᠮ᠃

30 ᠡᠢᠨ ᠬᠦ ᠪᠢ ᠲᠠᠬᠢᠯᠴᠢᠳ ᠪᠠ ᠯᠧᠸᠢᠴᠦᠳ ᠢ ᠬᠠᠷᠢ ᠶᠢᠨ ᠠᠯᠢᠪᠠ ᠪᠦᠬᠦᠨ ᠡᠴᠡ ᠠᠷᠢᠭᠤᠰᠬᠠᠵᠤ᠂ ᠡᠭᠦᠷᠭᠡ ᠶᠢ ᠨᠢ ᠲᠣᠭᠲᠠᠭᠠᠵᠤ ᠥᠪᠡᠷ ᠥᠪᠡᠷ ᠦᠨ ᠬᠢᠨᠢ ᠠᠵᠢᠯ ᠳᠤ ᠲᠣᠮᠢᠯᠠᠪᠠ᠃ 31 ᠪᠢ ᠪᠠᠰᠠ ᠲᠣᠭᠲᠠᠭᠠᠭᠰᠠᠨ ᠴᠠᠭ ᠲᠤ ᠲᠡᠳᠡᠨ ᠢᠶᠡᠷ ᠲᠦᠯᠡᠰᠢ ᠬᠠᠩ᠋ᠭᠠᠯᠭᠠᠵᠤ᠂ ᠠᠩ᠋ᠬᠠᠨ ᠤ ᠦᠷ᠎ᠡ ᠵᠢᠮᠢᠰ ᠢ ᠠᠪᠴᠢᠷᠠᠭᠤᠯᠬᠤ ᠪᠠᠷ ᠪᠣᠯᠪᠠ᠃ ᠪᠤᠷᠬᠠᠨ ᠮᠢᠨᠢ᠂ ᠨᠠᠮᠠᠶᠢ ᠰᠠᠨᠠᠵᠤ᠂ ᠰᠠᠢᠨ ᠰᠠᠢᠬᠠᠨ ᠢᠶᠠᠨ ᠬᠠᠢᠷᠠᠯᠠᠭᠠᠴᠢ︕