1 2 3 4 5 6 7 8 9 10 11 12 13


ᠨᠧᠾᠧᠮᠢᠶ᠎ᠠ ᠠᠷᠪᠠ

1 ᠲᠡᠭᠦᠨ ᠳᠡᠭᠡᠷ᠎ᠡ ᠲᠠᠮᠠᠭ᠎ᠠ ᠪᠠᠨ ᠳᠠᠷᠤᠭᠰᠠᠨ ᠬᠥᠮᠦᠰ ᠨᠢ᠄ ᠬᠠᠺᠠᠯᠢᠶ᠎ᠠ ᠶᠢᠨ ᠬᠦᠦ ᠵᠠᠬᠢᠷᠤᠭᠴᠢ ᠨᠧᠾᠧᠮᠢᠶ᠎ᠠ ᠬᠢᠭᠡᠳ ᠽᠧᠳᠧᠺᠢᠶ᠎ᠠ᠂ 2 ᠰᠧᠷᠠᠢᠶ᠎ᠠ᠂ ᠠᠽᠠᠷᠢᠶ᠎ᠠ᠂ ᠶᠧᠷᠧᠮᠢᠶ᠎ᠠ᠂ 3 ᠫᠠᠱᠦ᠋ᠷ᠂ ᠠᠮᠠᠷᠢᠶ᠎ᠠ᠂ ᠮᠠᠯᠺᠢᠶ᠎ᠠ᠂ 4 ᠬᠠᠲ᠋ᠦ᠋ᠱ᠂ ᠱᠧᠪᠠᠨᠢᠶ᠎ᠠ᠂ ᠮᠠᠯᠦ᠋ᠺ᠂ 5 ᠬᠠᠷᠢᠮ᠂ ᠮᠧᠷᠧᠮᠣᠲ᠂ ᠣᠪᠠᠳᠢᠶ᠎ᠠ᠂ 6 ᠳ᠋ᠠᠨᠢᠶᠧᠯ᠂ ᠬᠢᠨᠧᠲ᠋ᠣᠨ᠂ ᠪᠠᠷᠦ᠋ᠺ᠂ 7 ᠮᠧᠱᠦ᠋ᠯᠠᠮ᠂ ᠠᠪᠢᠶᠠ᠂ ᠮᠢᠶᠠᠮᠢᠨ᠂ 8 ᠮᠠᠽᠢᠶ᠎ᠠ᠂ ᠪᠢᠯᠭᠠᠢ᠂ ᠱᠧᠮᠠᠢᠶ᠎ᠠ ᠵᠡᠷᠭᠡ ᠲᠠᠬᠢᠯᠴᠢᠳ᠂ ᠪᠠᠰᠠ 9 ᠯᠧᠸᠢᠴᠦᠳ ᠡᠴᠡ ᠠᠽᠠᠨᠢᠶ᠎ᠠ ᠶᠢᠨ ᠬᠦᠦ ᠶᠧᠱᠦ᠋ᠶ᠎ᠠ᠂ ᠾᠧᠨᠠᠳᠠᠳ᠋ ᠤᠨ ᠬᠥᠪᠡᠭᠦᠳ ᠪᠢᠨᠣᠢ᠂ ᠺᠠᠳ᠋ᠮᠢᠶᠧᠯ᠂ 10 ᠮᠥᠨ ᠲᠡᠳᠡᠨ ᠦ ᠠᠬ᠎ᠠ ᠳᠡᠭᠦᠦᠰ ᠱᠧᠪᠠᠨᠢᠶ᠎ᠠ᠂ ᠬᠣᠳᠢᠶ᠎ᠠ᠂ ᠺᠧᠯᠢᠲ᠋ᠠ᠂ ᠫᠧᠯᠠᠶ᠎ᠠ᠂ ᠬᠠᠨᠠᠨ᠂ 11 ᠮᠢᠺᠠ᠂ ᠷᠧᠬᠣᠪ᠂ ᠬᠠᠱᠠᠪᠢᠶ᠎ᠠ᠂ 12 ᠽᠠᠺᠦ᠋ᠷ᠂ ᠱᠧᠷᠧᠪᠢᠶ᠎ᠠ᠂ ᠱᠧᠪᠠᠨᠢᠶ᠎ᠠ᠂ 13 ᠬᠣᠳᠢᠶ᠎ᠠ᠂ ᠪᠠᠨᠢ᠂ ᠪᠧᠨᠢᠨᠦ᠋᠂ 14 ᠠᠷᠠᠳ ᠲᠦᠮᠡᠨ ᠦ ᠤᠳᠤᠷᠢᠳᠤᠭᠴᠢᠳ ᠠᠴᠠ ᠫᠠᠷᠣᠱ᠂ ᠫᠠᠬᠠᠲ ᠮᠣᠶᠠᠪ᠂ ᠡᠯᠠᠮ᠂ ᠽᠠᠲ᠋ᠦ᠋᠂ ᠪᠠᠨᠢ᠂ 15 ᠪᠦᠨᠢ᠂ ᠠᠽᠭᠠᠳ᠋᠂ ᠪᠧᠪᠠᠢ᠂ 16 ᠠᠳᠣᠨᠢᠶ᠎ᠠ᠂ ᠪᠢᠭᠸᠠᠢ᠂ ᠠᠳᠢᠨ᠂ 17 ᠠᠲ᠋ᠧᠷ᠂ ᠾᠧᠽᠧᠺᠢᠶ᠎ᠠ᠂ ᠠᠽᠦ᠋ᠷ᠂ 18 ᠬᠣᠳᠢᠶ᠎ᠠ᠂ ᠬᠠᠱᠦ᠋ᠮ᠂ ᠪᠡᠽᠠᠢ᠂ 19 ᠬᠠᠷᠢᠹ᠂ ᠠᠨᠠᠲ᠋ᠣᠲ᠂ ᠨᠧᠪᠠᠢ᠂ 20 ᠮᠠᠬᠠᠫᠢᠶᠠᠱ᠂ ᠮᠧᠱᠦ᠋ᠯᠠᠮ᠂ ᠾᠧᠽᠢᠷ᠂ 21 ᠮᠧᠱᠧᠽᠠᠪᠧᠯ᠂ ᠽᠠᠳᠣᠺ᠂ ᠶᠠᠳᠦ᠋ᠶᠠ᠂ 22 ᠫᠧᠯᠠᠲ᠋ᠢᠶ᠎ᠠ᠂ ᠬᠠᠨᠠᠨ᠂ ᠠᠨᠠᠢᠶ᠎ᠠ᠂ 23 ᠬᠣᠱᠧᠶ᠎ᠠ᠂ ᠬᠠᠨᠠᠨᠢᠶ᠎ᠠ᠂ ᠬᠠᠱᠦ᠋ᠪ᠂ 24 ᠬᠠᠯᠣᠾᠧᠱ᠂ ᠫᠢᠯᠬ᠎ᠠ᠂ ᠱᠣᠪᠧᠺ᠂ 25 ᠷᠧᠾᠦ᠋ᠮ᠂ ᠬᠠᠱᠠᠪᠨᠠ᠂ ᠮᠠᠶᠠᠰᠧᠶ᠎ᠠ 26 ᠠᠾᠢᠶᠠ᠂ ᠬᠠᠨᠠᠨ᠂ ᠠᠨᠠᠨ᠂ 27 ᠮᠠᠯᠦ᠋ᠺ᠂ ᠬᠠᠷᠢᠮ᠂ ᠪᠠᠨᠠ ᠨᠠᠷ ᠪᠠᠢᠪᠠ᠃

28 ᠲᠡᠳᠡ ᠨᠠᠷ ᠠᠴᠠ ᠭᠠᠳᠠᠨ᠎ᠠ ᠲᠠᠬᠢᠯᠴᠢᠳ᠂ ᠯᠧᠸᠢᠴᠦᠳ᠂ ᠬᠠᠭᠠᠯᠭᠠᠴᠢᠳ᠂ ᠳᠠᠭᠤᠴᠢᠳ᠂ ᠰᠦᠮ᠎ᠡ ᠶᠢᠨ ᠦᠢᠯᠡᠴᠢᠯᠡᠭᠴᠢᠳ ᠪᠣᠯᠣᠨ ᠪᠤᠷᠬᠠᠨ ᠤ ᠬᠠᠤᠯᠢ ᠶᠢ ᠳᠠᠭᠠᠬᠤ ᠪᠠᠷ ᠲᠡᠷᠡ ᠭᠠᠵᠠᠷ ᠤᠨ ᠬᠥᠮᠦᠰ ᠡᠴᠡ ᠥᠪᠡᠷᠰᠡᠳ ᠢ ᠪᠠᠨ ᠲᠤᠰᠠᠭᠠᠷᠯᠠᠭᠰᠠᠨ ᠪᠦᠬᠦ ᠬᠥᠮᠦᠰ᠂ ᠲᠡᠳᠡᠨ ᠦ ᠡᠬᠡᠨᠡᠷ ᠤᠳ᠂ ᠲᠡᠳᠡᠨ ᠦ ᠬᠥᠪᠡᠭᠦᠳ ᠥᠬᠢᠳ᠂ ᠮᠡᠳᠡᠯᠭᠡ ᠲᠠᠢ ᠣᠢᠯᠠᠭᠠᠯᠲᠠ ᠲᠠᠢ ᠪᠦᠬᠦᠨ᠂ 29 ᠨᠣᠶᠠᠨ ᠠᠬ᠎ᠠ ᠳᠡᠭᠦᠦᠰ ᠲᠡᠢ ᠪᠡᠨ ᠨᠢᠭᠡᠳᠦᠨ ᠬᠠᠷᠢᠶᠠᠯ ᠪᠦᠬᠦᠢ ᠲᠠᠩ᠋ᠭᠠᠷᠢᠭ ᠲᠠᠯᠪᠢᠵᠤ᠄ 《ᠪᠢᠳᠡ ᠪᠤᠷᠬᠠᠨ ᠤ ᠵᠠᠷᠤᠴᠠ ᠮᠣᠰᠧ ᠪᠠᠷ ᠳᠠᠮᠵᠢᠭᠤᠯᠤᠨ ᠰᠣᠶᠣᠷᠬᠠᠭᠳᠠᠭᠰᠠᠨ ᠪᠤᠷᠬᠠᠨ ᠤ ᠬᠠᠤᠯᠢ ᠶᠢ ᠳᠠᠭᠠᠨ᠂ ᠪᠢᠳᠡᠨ ᠦ ᠡᠵᠡᠨ ᠶᠣᠬᠣᠸᠠ ᠶᠢᠨ ᠪᠦᠬᠦ ᠲᠤᠰᠢᠶᠠᠯ᠂ ᠲᠣᠭᠲᠠᠭᠠᠯ᠂ ᠵᠢᠭᠠᠪᠤᠷᠢ ᠶᠢ ᠰᠠᠬᠢᠨ ᠪᠡᠶᠡᠯᠡᠭᠦᠯᠦᠶ᠎ᠡ᠃ 30 ᠪᠢᠳᠡ ᠥᠬᠢᠳ ᠢᠶᠠᠨ ᠡᠨᠡ ᠨᠤᠲᠤᠭ ᠤᠨ ᠬᠥᠮᠦᠰ ᠲᠦ ᠥᠭᠬᠦ ᠦᠭᠡᠢ᠂ ᠲᠡᠳᠡᠨ ᠦ ᠥᠬᠢᠳ ᠢ ᠴᠤ ᠬᠥᠪᠡᠭᠦᠳ ᠲᠡᠭᠡᠨ ᠠᠪᠬᠤ ᠦᠭᠡᠢ᠃ 31 ᠡᠨᠡ ᠨᠤᠲᠤᠭ ᠤᠨ ᠬᠥᠮᠦᠰ ᠠᠮᠠᠷᠠᠯ ᠤᠨ ᠡᠳᠦᠷ ᠡᠳ᠋ ᠪᠠᠷᠠᠭ᠎ᠠ᠂ ᠦᠷ᠎ᠡ ᠲᠠᠷᠢᠶ᠎ᠠ ᠠᠪᠴᠢᠷᠠᠵᠤ ᠬᠤᠳᠠᠯᠳᠤᠭᠰᠠᠨ ᠴᠤ ᠪᠢᠳᠡ ᠠᠮᠠᠷᠠᠯ ᠤᠨ ᠡᠳᠦᠷ᠂ ᠡᠰᠡᠪᠡᠯ ᠠᠯᠢ ᠨᠢᠭᠡ ᠠᠷᠢᠭᠤᠨ ᠡᠳᠦᠷ ᠲᠦ ᠲᠡᠳᠡᠨ ᠡᠴᠡ ᠶᠠᠭᠤᠮ᠎ᠠ ᠠᠪᠬᠤ ᠦᠭᠡᠢ ᠪᠥᠭᠡᠳ ᠳᠣᠯᠣᠳᠠᠬᠢ ᠵᠢᠯ ᠪᠦᠷᠢ ᠭᠠᠵᠠᠷ ᠢᠶᠠᠨ ᠠᠮᠠᠷᠠᠭᠠᠵᠤ᠂ ᠪᠦᠬᠦ ᠥᠷᠢ ᠶᠢ ᠴᠤᠴᠠᠯᠤᠨ᠎ᠠ᠃

32 ᠮᠥᠨ ᠪᠢᠳᠡᠨ ᠦ ᠬᠥᠮᠦᠨ ᠪᠣᠯᠭᠠᠨ ᠪᠤᠷᠬᠠᠨ ᠤ ᠪᠠᠨ ᠥᠷᠭᠥᠭᠡᠨ ᠦ ᠦᠢᠯᠡᠴᠢᠯᠡᠯ ᠳᠦ ᠵᠣᠷᠢᠭᠤᠯᠵᠤ᠂ ᠵᠢᠯ ᠪᠣᠯᠭᠠᠨ ᠱᠧᠺᠧᠯ ᠤᠨ ᠭᠤᠷᠪᠠᠨ ᠤ ᠨᠢᠭᠡ 9  ᠶᠢ ᠬᠠᠨᠳᠢᠪᠯᠠᠬᠤ ᠡᠭᠦᠷᠭᠡ ᠪᠡᠨ ᠬᠦᠯᠢᠶᠡᠵᠦ ᠪᠠᠢᠨ᠎ᠠ᠃ 33 ᠲᠡᠳᠡᠭᠡᠷ ᠢ ᠲᠠᠪᠢᠭ ᠪᠣᠣᠪᠣ᠂ ᠪᠠᠢᠩ᠋ᠭᠤ ᠶᠢᠨ ᠢᠳᠡᠭᠡᠨ ᠲᠠᠬᠢᠯ᠂ ᠪᠠᠢᠩ᠋ᠭᠤ ᠶᠢᠨ ᠰᠢᠲᠠᠭᠠᠯᠭᠠᠲᠤ ᠲᠠᠬᠢᠯ᠂ ᠪᠠᠰᠠ ᠠᠮᠠᠷᠠᠯ ᠤᠨ ᠡᠳᠦᠷ᠂ ᠰᠢᠨ᠎ᠡ ᠰᠠᠷ᠎ᠠ ᠶᠢᠨ ᠪᠠᠶᠠᠷ ᠵᠡᠷᠭᠡ ᠲᠣᠭᠲᠠᠭᠰᠠᠨ ᠪᠠᠶᠠᠷ ᠲᠤ ᠡᠷᠭᠦᠬᠦ ᠲᠠᠬᠢᠯ ᠤᠳ ᠬᠢᠭᠡᠳ ᠠᠷᠢᠭᠤᠨ ᠬᠡᠷᠡᠭᠰᠡᠯ ᠤᠳ᠂ ᠢᠰᠷᠧᠯ ᠳᠤ ᠭᠡᠮ ᠦᠨ ᠬᠡᠯᠲᠦᠷᠢᠭᠦᠯᠦᠯᠭᠡ ᠬᠢᠬᠦ ᠨᠢᠭᠦᠯ ᠦᠨ ᠲᠠᠬᠢᠯ ᠪᠣᠯᠣᠨ ᠪᠢᠳᠡᠨ ᠦ ᠪᠤᠷᠬᠠᠨ ᠤ ᠥᠷᠭᠥᠭᠡᠨ ᠦ ᠠᠯᠢᠪᠠ ᠠᠵᠢᠯ ᠳᠤ ᠬᠡᠷᠡᠭᠯᠡᠬᠦ ᠪᠣᠯᠣᠨ᠎ᠠ᠃ 34 ᠪᠠᠰᠠ ᠪᠢᠳᠡ ᠲᠦᠯᠡᠰᠢ ᠬᠠᠩ᠋ᠭᠠᠬᠤ ᠡᠭᠡᠯᠵᠢ ᠶᠢ ᠲᠣᠬᠢᠷᠠᠭᠤᠯᠬᠤ ᠶᠢᠨ ᠲᠤᠯᠠᠳᠠ ᠲᠠᠬᠢᠯᠴᠢᠳ᠂ ᠯᠧᠸᠢᠴᠦᠳ᠂ ᠠᠷᠠᠳ ᠣᠯᠠᠨ ᠪᠦᠭᠦᠳᠡᠭᠡᠷ ᠰᠢᠪᠠᠭ᠎ᠠ ᠬᠠᠶᠠᠵᠤ᠂ ᠠᠢᠮᠠᠭ ᠪᠣᠯᠭᠠᠨ ᠵᠢᠯ ᠪᠦᠷᠢ ᠲᠣᠭᠲᠠᠭᠰᠠᠨ ᠴᠠᠭ ᠲᠠᠭᠠᠨ ᠬᠠᠤᠯᠢ ᠳᠤ ᠪᠢᠴᠢᠭᠳᠡᠭᠰᠡᠨ ᠶᠣᠰᠣᠭᠠᠷ ᠪᠢᠳᠡᠨ ᠦ ᠪᠤᠷᠬᠠᠨ ᠶᠣᠬᠣᠸᠠ ᠶᠢᠨ ᠲᠠᠬᠢᠯ ᠤᠨ ᠰᠢᠷᠡᠭᠡᠨ ᠳᠡᠭᠡᠷ᠎ᠡ ᠰᠢᠲᠠᠭᠠᠬᠤ ᠲᠦᠯᠡᠰᠢ ᠶᠢ ᠪᠢᠳᠡᠨ ᠦ ᠪᠤᠷᠬᠠᠨ ᠤ ᠥᠷᠭᠥᠭᠡᠨ ᠳᠦ ᠠᠪᠴᠢᠷᠠᠬᠤ ᠪᠣᠯᠣᠨ᠎ᠠ᠃ 35 ᠲᠡᠭᠦᠨ ᠡᠴᠡ ᠭᠠᠳᠠᠨ᠎ᠠ ᠪᠢᠳᠡ ᠵᠢᠯ ᠪᠦᠷᠢ ᠬᠤᠷᠢᠶᠠᠯᠲᠠ ᠶᠢᠨ ᠢᠶᠠᠨ ᠳᠡᠭᠡᠵᠢ᠂ ᠲᠥᠷᠥᠯ ᠪᠦᠷᠢ ᠶᠢᠨ ᠮᠣᠳᠣᠨ ᠤ ᠠᠩ᠋ᠬᠠᠨ ᠤ ᠦᠷ᠎ᠡ ᠵᠢᠮᠢᠰ ᠢ ᠶᠣᠬᠣᠸᠠ ᠶᠢᠨ ᠥᠷᠭᠥᠭᠡᠨ ᠳᠦ ᠠᠪᠴᠢᠷᠠᠬᠤ ᠪᠣᠯᠣᠨ᠎ᠠ᠃ 36 ᠮᠥᠨ ᠬᠥᠪᠡᠭᠦᠳ ᠦᠨ ᠢᠶᠠᠨ ᠤᠤᠭᠠᠨ ᠢ᠂ ᠪᠣᠳᠠ ᠪᠣᠭ ᠮᠠᠯ ᠤᠨ ᠢᠶᠠᠨ ᠲᠥᠯ ᠦᠨ ᠤᠤᠭᠠᠨ ᠢ ᠬᠠᠤᠯᠢ ᠳᠤ ᠪᠢᠴᠢᠭᠳᠡᠭᠰᠡᠨ ᠶᠣᠰᠣᠭᠠᠷ ᠪᠢᠳᠡᠨ ᠦ ᠪᠤᠷᠬᠠᠨ ᠤ ᠥᠷᠭᠥᠭᠡ ᠤᠷᠤᠭᠤ ᠲᠡᠨᠳᠡ ᠦᠢᠯᠡᠴᠢᠯᠡᠵᠦ ᠪᠤᠢ ᠲᠠᠬᠢᠯᠴᠢᠳ ᠲᠤ ᠠᠪᠴᠢᠷᠠᠬᠤ ᠪᠣᠯᠣᠨ᠎ᠠ᠃ 37 ᠪᠠᠰᠠ ᠵᠢᠭᠤᠷᠠᠭᠰᠠᠨ ᠭᠤᠯᠢᠷ᠂ ᠢᠳᠡᠭᠡᠨ ᠲᠠᠬᠢᠯ᠂ ᠲᠥᠷᠥᠯ ᠪᠦᠷᠢ ᠶᠢᠨ ᠮᠣᠳᠣᠨ ᠤ ᠦᠷ᠎ᠡ ᠵᠢᠮᠢᠰ᠂ ᠰᠢᠨ᠎ᠡ ᠳᠠᠷᠠᠰᠤ ᠪᠠ ᠲᠣᠰᠣᠨ ᠤ ᠪᠠᠨ ᠳᠡᠭᠡᠵᠢ ᠶᠢ ᠪᠤᠷᠬᠠᠨ ᠤ ᠪᠠᠨ ᠥᠷᠭᠥᠭᠡᠨ ᠦ ᠬᠥᠮᠥᠷᠭᠡ ᠤᠷᠤᠭᠤ ᠲᠠᠬᠢᠯᠴᠢᠳ ᠲᠤ ᠠᠪᠴᠢᠷᠠᠬᠤ ᠪᠥᠭᠡᠳ ᠭᠠᠵᠠᠷ ᠤᠨ ᠤᠷᠭᠤᠴᠠ ᠶᠢᠨ ᠢᠶᠠᠨ ᠠᠷᠪᠠᠨ ᠤ ᠨᠢᠭᠡ ᠶᠢ ᠯᠧᠸᠢᠴᠦᠳ ᠲᠦ ᠠᠪᠴᠢᠷᠠᠬᠤ ᠪᠣᠯᠣᠨ᠎ᠠ᠃ ᠯᠧᠸᠢᠴᠦᠳ ᠪᠣᠯ ᠪᠢᠳᠡᠨ ᠦ ᠠᠵᠤ ᠲᠥᠷᠥᠵᠦ ᠪᠠᠢᠭ᠎ᠠ ᠬᠣᠲᠠ ᠲᠣᠰᠬᠣᠨ ᠪᠦᠷᠢ ᠳᠤ ᠠᠷᠪᠠᠨ ᠤ ᠨᠢᠭᠡ ᠶᠢ ᠬᠦᠷᠲᠡᠬᠦ ᠶᠣᠰᠣᠲᠠᠢ ᠬᠥᠮᠦᠰ ᠶᠤᠮ᠃ 38 ᠯᠧᠸᠢᠴᠦᠳ ᠠᠷᠪᠠᠨ ᠤ ᠨᠢᠭᠡ ᠶᠢ ᠬᠦᠯᠢᠶᠡᠵᠦ ᠠᠪᠬᠤ ᠦᠶ᠎ᠡ ᠳᠦ ᠠᠷᠣᠨ ᠤ ᠦᠷ᠎ᠡ ᠤᠳᠤᠮ ᠤᠨ ᠲᠠᠬᠢᠯᠴᠢᠳ ᠯᠧᠸᠢᠴᠦᠳ ᠲᠡᠢ ᠬᠠᠮᠲᠤ ᠪᠠᠢᠬᠤ ᠪᠠ ᠯᠧᠸᠢᠴᠦᠳ ᠠᠷᠪᠠᠨ ᠤ ᠨᠢᠭᠡ ᠶᠢᠨ ᠢᠶᠠᠨ ᠠᠷᠪᠠᠨ ᠤ ᠨᠢᠭᠡ ᠶᠢ ᠪᠤᠷᠬᠠᠨ ᠤ ᠥᠷᠭᠥᠭᠡ ᠤᠷᠤᠭᠤ᠂ ᠬᠥᠮᠥᠷᠭᠡ ᠶᠢᠨ ᠥᠷᠥᠭᠡ ᠨᠦᠭᠦᠳ ᠲᠦ ᠠᠪᠴᠢᠷᠠᠬᠤ ᠪᠣᠯᠣᠨ᠎ᠠ᠃ 39 ᠢᠰᠷᠧᠯᠴᠦᠳ ᠴᠤ᠂ ᠯᠧᠸᠢᠴᠦᠳ ᠴᠤ ᠦᠷ᠎ᠡ ᠲᠠᠷᠢᠶ᠎ᠠ᠂ ᠰᠢᠨ᠎ᠡ ᠳᠠᠷᠠᠰᠤ ᠪᠠ ᠲᠣᠰᠣᠨ ᠤ ᠡᠷᠭᠦᠯ ᠢ ᠲᠡᠳᠡᠭᠡᠷ ᠥᠷᠥᠭᠡ ᠨᠦᠭᠦᠳ ᠲᠦ ᠠᠪᠴᠢᠷᠠᠬᠤ ᠪᠣᠯᠣᠨ᠎ᠠ᠃ ᠲᠡᠨᠳᠡ ᠠᠷᠢᠭᠤᠨ ᠭᠠᠵᠠᠷ ᠤᠨ ᠬᠡᠷᠡᠭᠰᠡᠯ ᠤᠳ ᠬᠢᠭᠡᠳ ᠦᠢᠯᠡᠴᠢᠯᠡᠵᠦ ᠪᠤᠢ ᠲᠠᠬᠢᠯᠴᠢᠳ᠂ ᠬᠠᠭᠠᠯᠭᠠᠴᠢᠳ᠂ ᠳᠠᠭᠤᠴᠢᠳ ᠪᠤᠢ᠃ ᠲᠡᠢᠨ ᠬᠦ ᠪᠢᠳᠡ ᠪᠤᠷᠬᠠᠨ ᠤ ᠪᠠᠨ ᠥᠷᠭᠥᠭᠡ ᠶᠢ ᠣᠷᠬᠢᠬᠤ ᠦᠭᠡᠢ》 ᠭᠡᠪᠡ᠃