ᠨᠧᠾᠧᠮᠢᠶ᠎ᠠ ᠬᠣᠶᠠᠷ
ᠨᠧᠾᠧᠮᠢᠶ᠎ᠠ ᠶᠦᠳᠠ ᠳᠤ ᠢᠯᠡᠭᠡᠭᠳᠡᠪᠡ
1 ᠠᠷᠲ᠋ᠠᠱᠠᠰᠲ᠋ᠠ ᠬᠠᠭᠠᠨ ᠤ ᠬᠣᠷᠢᠳᠤᠭᠠᠷ ᠣᠨ ᠤ ᠨᠢᠰᠠᠨ ᠰᠠᠷ᠎ᠠ 2 ᠪᠠᠢᠪᠠ᠃ ᠬᠠᠭᠠᠨ ᠤ ᠡᠮᠦᠨ᠎ᠡ ᠳᠠᠷᠠᠰᠤ ᠪᠠᠢᠭᠰᠠᠨ ᠪᠥᠭᠡᠳ ᠪᠢ ᠲᠡᠷᠡ ᠳᠠᠷᠠᠰᠤ ᠶᠢ ᠠᠪᠴᠤ ᠬᠠᠭᠠᠨ ᠳᠤ ᠪᠠᠷᠢᠪᠠ᠃ ᠪᠢ ᠤᠷᠢᠳᠤ ᠨᠢ ᠲᠡᠭᠦᠨ ᠦ ᠡᠮᠦᠨ᠎ᠡ ᠭᠤᠨᠢᠭᠯᠠᠩ᠋ᠭᠤᠢ ᠪᠠᠢᠵᠤ ᠥᠩᠭᠡᠷᠡᠭᠡ ᠦᠭᠡᠢ᠃ 2 ᠲᠡᠢᠮᠦ ᠪᠣᠯᠬᠣᠷ ᠬᠠᠭᠠᠨ ᠨᠠᠳᠠ ᠠᠴᠠ᠄ 《ᠴᠢ ᠡᠪᠡᠳᠴᠢᠨ ᠲᠤᠰᠤᠭᠠ ᠦᠭᠡᠢ ᠠᠲᠠᠯ᠎ᠠ ᠪᠠᠨ ᠴᠢᠷᠠᠢ ᠴᠢᠨᠢ ᠶᠠᠭᠠᠬᠢᠭᠠᠳ ᠭᠤᠨᠢᠭ ᠲᠠᠢ ᠪᠠᠢᠨ᠎ᠠ ᠪᠤᠢ︖ ᠴᠢ ᠰᠡᠳᠬᠢᠯ ᠳᠡᠭᠡᠨ ᠭᠠᠷᠴᠠᠭ᠎ᠠ ᠦᠭᠡᠢ ᠭᠤᠨᠢᠭ ᠲᠠᠢ ᠪᠠᠢᠨ᠎ᠠ》 ᠭᠡᠰᠡᠨ ᠳᠦ᠂ ᠪᠢ ᠮᠠᠰᠢ ᠶᠡᠬᠡ ᠠᠶᠤᠪᠠ᠃ 3 ᠪᠢ ᠬᠠᠭᠠᠨ ᠳᠤ᠄ 《ᠬᠠᠭᠠᠨ ᠮᠥᠩᠬᠡ ᠨᠠᠰᠤᠯᠠᠬᠤ ᠪᠣᠯᠲᠤᠭᠠᠢ᠂ ᠡᠴᠢᠭᠡ ᠡᠪᠦᠭᠡᠳ ᠦᠨ ᠮᠢᠨᠢ ᠪᠤᠯᠠᠰᠢ ᠪᠠᠢᠭ᠎ᠠ ᠬᠣᠲᠠ ᠡᠵᠡᠭᠦᠢᠷᠡᠵᠦ᠂ ᠬᠠᠭᠠᠯᠭ᠎ᠠ ᠨᠤᠭᠤᠳ ᠨᠢ ᠭᠠᠯ ᠳᠤ ᠰᠢᠲᠠᠭᠳᠠᠭᠰᠠᠨ ᠪᠠᠢᠬᠤ ᠳᠤ ᠮᠢᠨᠦ ᠴᠢᠷᠠᠢ ᠬᠡᠷᠬᠢᠨ ᠭᠤᠨᠢᠭ ᠦᠭᠡᠢ ᠪᠠᠢᠬᠤ ᠪᠢᠯᠡ︖》 ᠭᠡᠬᠦ ᠳᠦ᠂ 4 ᠬᠠᠭᠠᠨ ᠨᠠᠳᠠ ᠳᠤ᠄ 《ᠴᠢ ᠶᠠᠭᠤ ᠬᠦᠰᠡᠵᠦ ᠪᠠᠢᠭ᠎ᠠ ᠪᠤᠢ︖》 ᠭᠡᠯᠡ᠃ ᠪᠢ ᠲᠩᠷᠢ ᠶᠢᠨ ᠪᠤᠷᠬᠠᠨ ᠳᠤ ᠲᠦᠷ ᠳᠠᠭᠠᠳᠬᠠᠭᠠᠳ 5 ᠬᠠᠭᠠᠨ ᠳᠤ᠄ 《ᠬᠡᠷᠪᠡ ᠬᠠᠭᠠᠨ ᠲᠠᠭᠠᠯᠠᠵᠤ᠂ ᠮᠥᠨ ᠲᠠᠨ ᠤ ᠵᠠᠷᠤᠴᠠ ᠲᠠᠭᠠᠯᠠᠯ ᠢ ᠲᠠᠨᠢ ᠣᠯᠣᠭᠰᠠᠨ ᠪᠣᠯ᠂ ᠨᠠᠮᠠᠶᠢ ᠶᠦᠳᠠ ᠤᠷᠤᠭᠤ ᠢᠯᠡᠭᠡᠵᠦ᠂ ᠡᠴᠢᠭᠡ ᠡᠪᠦᠭᠡᠳ ᠦᠨ ᠮᠢᠨᠢ ᠪᠤᠯᠠᠰᠢ ᠪᠠᠢᠭ᠎ᠠ ᠬᠣᠲᠠ ᠶᠢ ᠳᠠᠬᠢᠨ ᠪᠣᠰᠬᠠᠬᠤ ᠶᠢ ᠵᠥᠪᠰᠢᠶᠡᠷᠡᠨ᠎ᠡ ᠤᠤ︖》 ᠭᠡᠪᠡ᠃ 6 ᠬᠠᠲᠤᠨ ᠨᠢ ᠳᠡᠷᠭᠡᠳᠡ ᠨᠢ ᠰᠠᠭᠤᠵᠤ ᠪᠠᠢᠭᠰᠠᠨ ᠪᠥᠭᠡᠳ ᠬᠠᠭᠠᠨ ᠨᠠᠳᠠ ᠠᠴᠠ᠄ 《ᠴᠢ ᠶᠠᠪᠤᠪᠠᠯ ᠬᠡᠳᠦᠢ ᠤᠳᠠᠬᠤ ᠪᠤᠢ︖ ᠬᠡᠳᠦᠢ ᠳᠦ ᠪᠤᠴᠠᠵᠤ ᠢᠷᠡᠬᠦ ᠪᠤᠢ︖》 ᠭᠡᠵᠦ ᠠᠰᠠᠭᠤᠪᠠ᠃ ᠨᠠᠮᠠᠶᠢ ᠢᠯᠡᠭᠡᠬᠦ ᠶᠢ ᠬᠠᠭᠠᠨ ᠲᠠᠭᠠᠯᠠᠭᠰᠠᠨ ᠲᠤᠯᠠ ᠪᠢ ᠴᠠᠭ ᠢ ᠲᠣᠪᠯᠠᠨ ᠬᠡᠯᠡᠭᠡᠳ 7 ᠬᠠᠭᠠᠨ ᠳᠤ᠄ 《ᠬᠡᠷᠪᠡ ᠬᠠᠭᠠᠨ ᠲᠠᠭᠠᠯᠠᠪᠠᠯ᠂ ᠨᠠᠮᠠᠶᠢ ᠶᠦᠳᠠ ᠬᠦᠷᠲᠡᠯ᠎ᠡ ᠨᠡᠪᠲᠡᠷᠡᠭᠦᠯᠬᠦ ᠶᠢᠨ ᠲᠤᠯᠠᠳᠠ ᠡᠶᠦ᠋ᠹᠷᠠᠲ᠋ᠧᠰ ᠮᠥᠷᠡᠨ ᠦ ᠥᠷᠥᠨ᠎ᠡ ᠲᠠᠯ᠎ᠠ ᠶᠢᠨ ᠮᠤᠵᠢ ᠶᠢᠨ ᠵᠠᠬᠢᠷᠤᠭᠴᠢᠳ ᠲᠤ ᠢᠯᠡᠭᠡᠬᠦ ᠵᠥᠪᠰᠢᠶᠡᠷᠡᠯ ᠦᠨ ᠪᠢᠴᠢᠭ ᠢᠶᠠᠨ ᠨᠠᠳᠠ ᠳᠤ ᠥᠭᠭᠥᠨ᠎ᠡ ᠤᠤ︖ 8 ᠪᠠᠰᠠ ᠬᠠᠭᠠᠨ ᠤ ᠣᠢ ᠶᠢ ᠰᠠᠬᠢᠭᠴᠢ ᠠᠰᠠᠹ ᠲᠤ ᠵᠠᠬᠢᠳᠠᠯ ᠪᠢᠴᠢᠵᠦ᠂ ᠠᠷᠢᠭᠤᠨ ᠥᠷᠭᠥᠭᠡᠨ ᠦ ᠳᠡᠷᠭᠡᠳᠡᠬᠢ ᠰᠢᠯᠲᠦᠭᠡᠨ ᠦ ᠬᠠᠭᠠᠯᠭ᠎ᠠ ᠨᠤᠭᠤᠳ᠂ ᠬᠣᠲᠠ ᠶᠢᠨ ᠬᠡᠷᠡᠮ ᠪᠣᠯᠣᠨ ᠮᠢᠨᠦ ᠣᠴᠢᠵᠤ ᠰᠠᠭᠤᠬᠤ ᠪᠠᠢᠰᠢᠩ ᠢ ᠪᠠᠷᠢᠬᠤ ᠮᠣᠳᠣ ᠶᠢ ᠨᠠᠳᠠ ᠳᠤ ᠬᠠᠩ᠋ᠭᠠᠯᠭᠠᠨᠠ ᠤᠤ︖》 ᠭᠡᠬᠦ ᠳᠦ᠂ ᠪᠤᠷᠬᠠᠨ ᠤ ᠮᠢᠨᠢ ᠢᠪᠡᠭᠡᠯᠲᠦ ᠮᠤᠲᠤᠷ ᠮᠢᠨᠦ ᠳᠡᠭᠡᠷ᠎ᠡ ᠪᠠᠢᠭᠰᠠᠨ ᠲᠤᠯᠠ ᠬᠠᠭᠠᠨ ᠲᠡᠳᠡᠭᠡᠷ ᠢ ᠵᠥᠪᠰᠢᠶᠡᠷᠡᠭᠰᠡᠨ ᠪᠠᠢᠯ᠎ᠠ᠃
9 ᠬᠠᠭᠠᠨ ᠨᠠᠳᠠ ᠲᠠᠢ ᠬᠠᠮᠲᠤ ᠴᠡᠷᠢᠭ ᠤᠨ ᠨᠣᠶᠠᠳ ᠪᠣᠯᠣᠨ ᠮᠣᠷᠢᠲᠠᠳ ᠢᠯᠡᠭᠡᠭᠰᠡᠨ ᠶᠤᠮ᠃ ᠪᠢ ᠡᠶᠦ᠋ᠹᠷᠠᠲ᠋ᠧᠰ ᠮᠥᠷᠡᠨ ᠦ ᠥᠷᠥᠨ᠎ᠡ ᠲᠠᠯ᠎ᠠ ᠶᠢᠨ ᠮᠤᠵᠢ ᠶᠢᠨ ᠵᠠᠬᠢᠷᠤᠭᠴᠢᠳ ᠤᠷᠤᠭᠤ ᠣᠴᠢᠵᠤ᠂ ᠬᠠᠭᠠᠨ ᠤ ᠵᠠᠬᠢᠳᠠᠯ ᠢ ᠲᠡᠳᠡᠨ ᠳᠦ ᠭᠠᠷᠳᠠᠭᠤᠯᠪᠠ᠃ 10 ᠲᠡᠢᠨ ᠬᠦ ᠢᠰᠷᠧᠯᠴᠦᠳ ᠦᠨ ᠰᠠᠢᠨ ᠰᠠᠢᠬᠠᠨ ᠢ ᠬᠠᠢᠬᠤ ᠪᠠᠷ ᠨᠢᠭᠡᠨ ᠬᠥᠮᠦᠨ ᠢᠷᠡᠭᠰᠡᠨ ᠢ ᠰᠣᠨᠣᠰᠣᠭᠠᠳ ᠾᠣᠷᠣᠨ ᠬᠥᠮᠦᠨ ᠰᠠᠨᠪᠠᠯᠠᠲ ᠪᠠ ᠠᠮᠣᠨ ᠬᠥᠮᠦᠨ᠂ ᠲᠦᠰᠢᠮᠡᠯ ᠲᠣᠪᠢᠶ᠎ᠠ ᠨᠠᠷ ᠮᠠᠰᠢ ᠶᠡᠬᠡ ᠳᠤᠷ᠎ᠠ ᠦᠭᠡᠶᠢᠴᠡᠪᠡ᠃
ᠶᠧᠷᠦ᠋ᠰᠠᠯᠧᠮ ᠤᠨ ᠬᠡᠷᠡᠮ ᠢ ᠪᠠᠢᠴᠠᠭᠠᠪᠠ
11 ᠪᠢ ᠶᠧᠷᠦ᠋ᠰᠠᠯᠧᠮ ᠳᠤ ᠬᠦᠷᠴᠦ᠂ ᠲᠡᠨᠳᠡ ᠭᠤᠷᠪᠠ ᠬᠣᠨᠣᠭᠰᠠᠨ ᠤ ᠳᠠᠷᠠᠭ᠎ᠠ᠂ 12 ᠴᠥᠭᠡᠬᠡᠨ ᠬᠥᠮᠦᠨ ᠲᠡᠢ ᠬᠠᠮᠲᠤ ᠰᠥᠨᠢ ᠪᠠᠷ ᠭᠠᠷᠪᠠ᠃ ᠪᠤᠷᠬᠠᠨ ᠨᠠᠮᠠᠶᠢ ᠶᠧᠷᠦ᠋ᠰᠠᠯᠧᠮ ᠤᠨ ᠲᠥᠯᠥᠭᠡ ᠠᠵᠢᠯᠯᠠᠭᠤᠯᠬᠤ ᠪᠠᠷ ᠰᠡᠳᠬᠢᠯ ᠳᠤ ᠮᠢᠨᠢ ᠶᠠᠭᠤ ᠬᠢᠭᠰᠡᠨ ᠢ ᠪᠢ ᠬᠡᠨ ᠳᠦ ᠴᠤ ᠬᠡᠯᠡᠭᠡ ᠦᠭᠡᠢ ᠪᠥᠭᠡᠳ ᠤᠨᠤᠵᠤ ᠶᠠᠪᠤᠭᠰᠠᠨ ᠤᠨᠤᠭ᠎ᠠ ᠠᠴᠠ ᠮᠢᠨᠢ ᠥᠭᠡᠷ᠎ᠡ ᠠᠮᠢᠲᠠᠨ ᠲᠡᠨᠳᠡ ᠪᠠᠢᠭᠰᠠᠨ ᠦᠭᠡᠢ᠃ 13 ᠰᠥᠨᠢ ᠪᠠᠷ ᠪᠢ ᠬᠥᠨᠳᠡᠢ ᠶᠢᠨ ᠬᠠᠭᠠᠯᠭ᠎ᠠ ᠪᠠᠷ ᠭᠠᠷᠴᠤ᠂ ᠯᠤᠤᠲᠤ ᠬᠤᠳᠳᠤᠭ ᠢᠶᠠᠷ ᠳᠠᠮᠵᠢᠨ ᠪᠠᠭᠠᠰᠤᠨ ᠬᠠᠭᠠᠯᠭ᠎ᠠ ᠬᠦᠷᠲᠡᠯ᠎ᠡ ᠶᠠᠪᠤᠵᠤ ᠦᠵᠡᠬᠦ ᠳᠦ᠂ ᠶᠧᠷᠦ᠋ᠰᠠᠯᠧᠮ ᠤᠨ ᠬᠠᠨ᠎ᠠ ᠬᠡᠷᠡᠮ ᠤᠳ ᠨᠤᠷᠠᠭᠠᠭᠳᠠᠵᠤ᠂ ᠬᠠᠭᠠᠯᠭ᠎ᠠ ᠨᠤᠭᠤᠳ ᠨᠢ ᠭᠠᠯ ᠳᠤ ᠰᠢᠲᠠᠭᠳᠠᠭᠰᠠᠨ ᠪᠠᠢᠯ᠎ᠠ᠃ 14 ᠲᠡᠭᠡᠭᠡᠳ ᠪᠢ ᠣᠷᠭᠢᠯᠤᠭᠤᠷ ᠤᠨ ᠬᠠᠭᠠᠯᠭ᠎ᠠ ᠪᠠᠷ ᠳᠠᠮᠵᠢᠨ ᠬᠠᠭᠠᠨ ᠤ ᠴᠥᠭᠥᠷᠥᠮ ᠬᠦᠷᠬᠦ ᠳᠦ᠂ ᠴᠠᠰᠢ ᠨᠢ ᠤᠨᠤᠭ᠎ᠠ ᠲᠠᠢ ᠨᠡᠪᠲᠡᠷᠡᠬᠦ ᠠᠷᠭ᠎ᠠ ᠦᠭᠡᠢ ᠪᠣᠯᠵᠠᠢ᠃ 15 ᠲᠡᠢᠮᠦ ᠡᠴᠡ ᠪᠢ ᠰᠥᠨᠢ ᠪᠠᠷ ᠵᠢᠯᠠᠭ᠎ᠠ ᠳᠠᠭᠠᠨ ᠶᠠᠪᠤᠵᠤ ᠬᠡᠷᠡᠮ ᠢ ᠰᠢᠨᠵᠢᠭᠰᠡᠨ ᠦ ᠳᠠᠷᠠᠭ᠎ᠠ᠂ ᠡᠷᠭᠢᠭᠡᠳ ᠬᠥᠨᠳᠡᠢ ᠶᠢᠨ ᠬᠠᠭᠠᠯᠭ᠎ᠠ ᠪᠠᠷ ᠳᠠᠮᠵᠢᠨ ᠪᠤᠴᠠᠪᠠ᠃ 16 ᠭᠡᠪᠡᠴᠦ ᠲᠦᠰᠢᠮᠡᠳ ᠮᠢᠨᠦ ᠬᠠᠮᠢᠭᠠᠰᠢ ᠪᠠᠨ ᠶᠠᠪᠤᠵᠤ᠂ ᠶᠠᠭᠤ ᠬᠢᠭᠰᠡᠨ ᠢ ᠠᠩᠵᠠᠭᠠᠷᠠᠭᠰᠠᠨ ᠦᠭᠡᠢ᠃ ᠪᠢ ᠶᠦᠳᠠᠢᠴᠤᠳ ᠲᠤ᠂ ᠲᠠᠬᠢᠯᠴᠢᠳ ᠲᠤᠨᠢ ᠴᠤ᠂ ᠨᠣᠶᠠᠳ ᠲᠤᠨᠢ ᠴᠤ᠂ ᠲᠦᠰᠢᠮᠡᠳ ᠲᠤᠨᠢ ᠴᠤ᠂ ᠠᠵᠢᠯ ᠬᠢᠬᠦ ᠬᠥᠮᠦᠰ ᠲᠤᠨᠢ ᠴᠤ ᠶᠠᠭᠤ ᠴᠤ ᠬᠡᠯᠡᠭᠡ ᠦᠭᠡᠢ ᠪᠠᠢᠪᠠ᠃
17 ᠳᠠᠷᠠᠭ᠎ᠠ ᠨᠢ ᠪᠢ ᠲᠡᠳᠡᠨ ᠳᠦ᠄ 《ᠲᠠ ᠨᠠᠷ ᠪᠢᠳᠡᠨ ᠦ ᠬᠦᠨᠳᠦ ᠪᠠᠢᠳᠠᠯ ᠢ ᠬᠠᠷᠠᠵᠤ ᠪᠠᠢᠭ᠎ᠠ ᠪᠢᠵᠡ ᠳᠠ᠂ ᠶᠧᠷᠦ᠋ᠰᠠᠯᠧᠮ ᠡᠵᠡᠭᠦᠢᠷᠡᠵᠦ᠂ ᠬᠠᠭᠠᠯᠭ᠎ᠠ ᠨᠤᠭᠤᠳ ᠨᠢ ᠭᠠᠯ ᠳᠤ ᠰᠢᠲᠠᠭᠠᠭᠳᠠᠭᠰᠠᠨ ᠪᠠᠢᠨ᠎ᠠ᠃ ᠶᠠᠪᠤᠵᠠᠭᠠᠶ᠎ᠠ᠂ ᠣᠳᠣ ᠪᠢᠳᠡ ᠶᠧᠷᠦ᠋ᠰᠠᠯᠧᠮ ᠤᠨ ᠬᠡᠷᠡᠮ ᠢ ᠳᠠᠬᠢᠨ ᠪᠣᠰᠬᠠᠴᠠᠭᠠᠶᠠ᠃ ᠪᠢᠳᠡ ᠭᠤᠲᠤᠮᠰᠢᠭ ᠪᠣᠯᠣᠭᠠᠳ ᠪᠠᠢᠵᠤ ᠪᠣᠯᠬᠤ ᠦᠭᠡᠢ》 ᠭᠡᠳ 18 ᠪᠤᠷᠬᠠᠨ ᠤ ᠮᠢᠨᠢ ᠮᠤᠲᠤᠷ ᠨᠠᠮᠠᠶᠢ ᠢᠪᠡᠭᠡᠭᠰᠡᠨ ᠢᠶᠡᠷ ᠬᠠᠭᠠᠨ ᠨᠠᠳᠠ ᠳᠤ ᠶᠠᠭᠤ ᠠᠢᠯᠠᠳᠤᠭᠰᠠᠨ ᠢ ᠲᠡᠳᠡᠨ ᠳᠦ ᠬᠡᠯᠡᠬᠦ ᠳᠦ᠂ ᠲᠡᠳᠡ᠄ 《ᠲᠡᠭᠡᠶ᠎ᠡ᠂ ᠳᠠᠬᠢᠨ ᠪᠠᠷᠢᠵᠠᠭᠠᠶ᠎ᠠ》 ᠭᠡᠪᠡ᠃ ᠡᠢᠨ ᠬᠦ ᠲᠡᠳᠡ ᠡᠨᠡ ᠰᠠᠢᠨ ᠠᠵᠢᠯ ᠳᠤ ᠭᠠᠷ ᠣᠷᠣᠯᠴᠠᠪᠠ᠃ 19 ᠭᠡᠪᠡᠴᠦ ᠾᠣᠷᠣᠨ ᠬᠥᠮᠦᠨ ᠰᠠᠨᠪᠠᠯᠠᠲ᠂ ᠠᠮᠣᠨ ᠬᠥᠮᠦᠨ ᠲᠦᠰᠢᠮᠡᠯ ᠲᠣᠪᠢᠶ᠎ᠠ ᠬᠢᠭᠡᠳ ᠠᠷᠠᠪ ᠬᠥᠮᠦᠨ ᠭᠧᠱᠧᠮ ᠡᠭᠦᠨ ᠢ ᠰᠣᠨᠣᠰᠣᠭᠠᠳ ᠪᠢᠳᠡᠨ ᠢ ᠱᠣᠣᠯᠠᠨ ᠪᠠᠰᠤᠮᠵᠢᠯᠠᠵᠤ᠄ 《ᠲᠠ ᠨᠠᠷ ᠶᠠᠭᠤ ᠬᠢᠵᠦ ᠪᠠᠢᠭ᠎ᠠ ᠨᠢ ᠡᠨᠡ ᠪᠤᠢ︖ ᠲᠠ ᠨᠠᠷ ᠬᠠᠭᠠᠨ ᠠᠴᠠ ᠲᠡᠷᠰᠯᠡᠬᠦ ᠭᠡᠵᠦ ᠪᠠᠢᠨ᠎ᠠ ᠤᠤ︖》 ᠭᠡᠬᠦ ᠳᠦ᠂ 20 ᠪᠢ ᠬᠠᠷᠢᠭᠤᠯᠤᠨ᠄ 《ᠲᠩᠷᠢ ᠶᠢᠨ ᠪᠤᠷᠬᠠᠨ ᠪᠢᠳᠡᠨ ᠢ ᠠᠮᠵᠢᠯᠲᠠ ᠲᠠᠢ ᠪᠣᠯᠭᠠᠨ᠎ᠠ᠃ ᠲᠡᠭᠦᠨ ᠦ ᠵᠠᠷᠤᠴᠠ ᠪᠢᠳᠡ ᠪᠣᠰᠴᠠᠭᠠᠵᠤ ᠪᠠᠷᠢᠨ᠎ᠠ᠂ ᠬᠠᠷᠢᠨ ᠲᠠ ᠨᠠᠷ ᠶᠧᠷᠦ᠋ᠰᠠᠯᠧᠮ ᠳᠤ ᠶᠠᠮᠠᠷ ᠴᠤ ᠬᠤᠪᠢ᠂ ᠡᠷᠬᠡ᠂ ᠳᠤᠷᠠᠰᠬᠠᠯ ᠪᠠᠢᠬᠤ ᠦᠭᠡᠢ》 ᠭᠡᠵᠦ ᠬᠡᠯᠡᠪᠡ᠃