ᠨᠧᠾᠧᠮᠢᠶ᠎ᠠ ᠠᠷᠪᠠᠨ ᠨᠢᠭᠡ
ᠶᠧᠷᠦ᠋ᠰᠠᠯᠧᠮ ᠤᠨ ᠰᠢᠨ᠎ᠡ ᠰᠠᠭᠤᠭᠠᠯᠢ
1 ᠠᠷᠠᠳ ᠲᠦᠮᠡᠨ ᠦ ᠤᠳᠤᠷᠢᠳᠤᠭᠴᠢᠳ ᠶᠧᠷᠦ᠋ᠰᠠᠯᠧᠮ ᠳᠤ ᠰᠠᠭᠤᠷᠢᠰᠢᠭᠰᠠᠨ ᠪᠠᠢᠨ᠎ᠠ᠃ ᠪᠤᠰᠤᠳ ᠠᠷᠠᠳ ᠣᠯᠠᠨ ᠰᠢᠪᠠᠭ᠎ᠠ ᠬᠠᠶᠠᠵᠤ᠂ ᠠᠷᠪᠠ ᠠᠴᠠ ᠨᠢᠭᠡ ᠨᠢ ᠠᠷᠢᠭᠤᠨ ᠬᠣᠲᠠ ᠶᠧᠷᠦ᠋ᠰᠠᠯᠧᠮ ᠳᠤ ᠰᠠᠭᠤᠷᠢᠰᠢᠵᠤ᠂ ᠶᠢᠰᠦ ᠨᠢ ᠥᠭᠡᠷ᠎ᠡ ᠬᠣᠲᠠ ᠨᠤᠭᠤᠳ ᠲᠠᠭᠠᠨ ᠦᠯᠡᠳᠡᠬᠦ ᠪᠡᠷ ᠪᠣᠯᠵᠠᠢ᠃ 2 ᠬᠠᠷᠢᠨ ᠰᠠᠢᠨ ᠳᠤᠷ᠎ᠠ ᠠᠴᠠ ᠪᠠᠨ ᠶᠧᠷᠦ᠋ᠰᠠᠯᠧᠮ ᠳᠤ ᠰᠠᠭᠤᠷᠢᠰᠢᠬᠤ ᠭᠡᠰᠡᠨ ᠬᠥᠮᠦᠰ ᠴᠤ ᠪᠠᠢᠭᠰᠠᠨ ᠪᠥᠭᠡᠳ ᠠᠷᠠᠳ ᠲᠦᠮᠡᠨ ᠲᠡᠷᠡ ᠪᠦᠬᠦ ᠬᠥᠮᠦᠰ ᠢ ᠢᠷᠥᠭᠡᠪᠡ᠃
3 ᠶᠧᠷᠦ᠋ᠰᠠᠯᠧᠮ ᠳᠤ ᠰᠠᠭᠤᠷᠢᠰᠢᠭᠰᠠᠨ ᠮᠤᠵᠢ ᠶᠢᠨ ᠲᠡᠷᠢᠭᠦᠳ ᠭᠡᠪᠡᠯ᠄ (ᠲᠠᠬᠢᠯᠴᠢᠳ᠂ ᠯᠧᠸᠢᠴᠦᠳ᠂ ᠠᠷᠢᠭᠤᠨ ᠥᠷᠭᠥᠭᠡᠨ ᠦ ᠦᠢᠯᠡᠴᠢᠯᠡᠭᠴᠢᠳ᠂ ᠰᠣᠯᠣᠮᠣᠨ ᠤ ᠲᠦᠰᠢᠮᠡᠳ ᠦᠨ ᠦᠷ᠎ᠡ ᠤᠳᠤᠮ ᠵᠡᠷᠭᠡ ᠢᠰᠷᠧᠯᠴᠦᠳ ᠶᠦᠳᠠ ᠶᠢᠨ ᠬᠣᠲᠠ ᠲᠣᠰᠬᠣᠨ ᠳᠤ ᠥᠪᠡᠷ ᠥᠪᠡᠷ ᠦᠨ ᠢᠶᠠᠨ ᠡᠵᠡᠮᠰᠢᠯ ᠭᠠᠵᠠᠷ ᠲᠤ ᠰᠠᠭᠤᠷᠢᠰᠢᠭᠰᠠᠨ ᠪᠠᠢᠬᠤ ᠳᠤ᠂ 4 ᠶᠦᠳᠠᠴᠤᠳ ᠪᠣᠯᠣᠨ ᠪᠢᠨᠶᠠᠮᠢᠨᠴᠤᠳ ᠤᠨ ᠵᠠᠷᠢᠮ ᠨᠢ ᠶᠧᠷᠦ᠋ᠰᠠᠯᠧᠮ ᠳᠤ ᠰᠠᠭᠤᠷᠢᠰᠢᠪᠠ᠃) ᠶᠦᠳᠠ ᠶᠢᠨ ᠦᠷ᠎ᠡ ᠤᠳᠤᠮ ᠠᠴᠠ ᠫᠧᠷᠧᠽ ᠤᠨ ᠬᠣᠢᠴᠢ ᠠᠲ᠋ᠠᠢᠶᠠ (ᠮᠠᠬᠠᠯᠠᠯᠧᠯ ᠤᠨ ᠳᠥᠴᠢ᠂ ᠱᠧᠹᠠᠲ᠋ᠢᠶ᠎ᠠ ᠶᠢᠨ ᠭᠤᠴᠢ᠂ ᠠᠮᠠᠷᠢᠶ᠎ᠠ ᠶᠢᠨ ᠵᠢᠴᠢ᠂ ᠽᠧᠺᠠᠷᠢᠶ᠎ᠠ ᠶᠢᠨ ᠠᠴᠢ᠂ ᠦᠽᠢᠶ᠎ᠠ ᠶᠢᠨ ᠬᠦᠦ) ᠨᠠᠷ᠂ 5 ᠮᠠᠶᠠᠰᠧᠶ᠎ᠠ (ᠰᠢᠯᠣᠨᠣᠲ ᠤᠨ ᠬᠦᠦ ᠪᠣᠯᠬᠤ ᠽᠧᠺᠠᠷᠢᠶ᠎ᠠ ᠶᠢᠨ ᠲᠠᠴᠢ᠂ ᠶᠣᠶᠠᠷᠢᠪ ᠤᠨ ᠳᠥᠴᠢ᠂ ᠠᠳᠠᠢᠶᠠ ᠶᠢᠨ ᠭᠤᠴᠢ᠂ ᠬᠠᠽᠠᠢᠶᠠ ᠶᠢᠨ ᠵᠢᠴᠢ᠂ ᠺᠣᠯ ᠬᠣᠽᠧ ᠶᠢᠨ ᠠᠴᠢ᠂ ᠪᠠᠷᠦ᠋ᠺ ᠤᠨ ᠬᠦᠦ) ᠨᠠᠷ ᠪᠠᠢᠪᠠ᠃ 6 ᠶᠧᠷᠦ᠋ᠰᠠᠯᠧᠮ ᠳᠤ ᠰᠠᠭᠤᠷᠢᠰᠢᠭᠰᠠᠨ ᠫᠧᠷᠧᠽ ᠤᠨ ᠦᠷ᠎ᠡ ᠤᠳᠤᠮ ᠳᠥᠷᠪᠡᠨ ᠵᠠᠭᠤ ᠵᠢᠷᠠᠨ ᠨᠠᠢ᠌ᠮᠠᠨ ᠬᠥᠮᠦᠨ ᠪᠠᠢᠭᠰᠠᠨ ᠪᠥᠭᠡᠳ ᠲᠡᠳᠡ ᠪᠦᠭᠦᠳᠡ ᠴᠢᠳᠠᠪᠤᠷᠢᠯᠢᠭ᠋ ᠬᠥᠮᠦᠰ ᠪᠠᠢᠪᠠ᠃
7 ᠪᠢᠨᠶᠠᠮᠢᠨ ᠤ ᠦᠷ᠎ᠡ ᠤᠳᠤᠮ ᠠᠴᠠ ᠰᠠᠯᠦ᠋ (ᠶᠧᠱᠠᠢᠶ᠎ᠠ ᠶᠢᠨ ᠬᠦᠦ ᠢᠲ᠋ᠢᠶᠧᠯ ᠤᠨ ᠲᠠᠴᠢ᠂ ᠮᠠᠶᠠᠰᠧᠶ᠎ᠠ ᠶᠢᠨ ᠳᠥᠴᠢ᠂ ᠺᠣᠯᠠᠢᠶᠠ ᠶᠢᠨ ᠭᠤᠴᠢ᠂ ᠫᠧᠳᠠᠶᠠ ᠶᠢᠨ ᠵᠢᠴᠢ᠂ ᠶᠣᠶᠧᠳ᠋ ᠤᠨ ᠠᠴᠢ᠂ ᠮᠧᠱᠦ᠋ᠯᠠᠮ ᠤᠨ ᠬᠦᠦ) ᠨᠠᠷ ᠠᠴᠠ ᠭᠠᠳᠠᠨ᠎ᠠ 8 ᠭᠠᠪᠠᠢ ᠪᠠ ᠰᠠᠯᠠᠢ ᠨᠠᠷ ᠴᠤ ᠪᠤᠢ᠂ ᠲᠡᠳᠡ ᠪᠦᠭᠦᠳᠡ ᠶᠢᠰᠦᠨ ᠵᠠᠭᠤ ᠬᠣᠷᠢᠨ ᠨᠠᠢ᠌ᠮᠠᠨ ᠬᠥᠮᠦᠨ ᠪᠠᠢᠪᠠ᠃ 9 ᠲᠡᠳᠡᠨ ᠦ ᠵᠠᠬᠢᠷᠤᠭᠴᠢ ᠪᠣᠯ ᠽᠢᠺᠷᠢ ᠶᠢᠨ ᠬᠦᠦ ᠶᠣᠶᠧᠯ᠂ ᠲᠡᠷᠡ ᠬᠣᠲᠠ ᠶᠢᠨ ᠣᠷᠣᠯᠠᠭᠴᠢ ᠵᠠᠬᠢᠷᠤᠭᠴᠢ ᠨᠢ ᠬᠠᠰᠧᠨᠦ᠋ᠶᠠ ᠶᠢᠨ ᠬᠦᠦ ᠶᠦᠳᠠ ᠪᠠᠢᠯ᠎ᠠ᠃
10 ᠲᠠᠬᠢᠯᠴᠢᠳ ᠤᠨ ᠳᠤᠮᠳᠠ ᠠᠴᠠ ᠶᠣᠶᠠᠷᠢᠪ ᠤᠨ ᠬᠦᠦ ᠶᠧᠳᠠᠢᠶ᠎ᠠ᠂ ᠶᠠᠺᠢᠨ᠂ 11 ᠰᠧᠷᠠᠢᠶ᠎ᠠ (ᠪᠤᠷᠬᠠᠨ ᠤ ᠥᠷᠭᠥᠭᠡᠨ ᠦ ᠬᠠᠮᠢᠶᠠᠷᠤᠭᠴᠢ ᠠᠾᠢᠲ᠋ᠦ᠋ᠪ ᠤᠨ ᠳᠥᠴᠢ᠂ ᠮᠧᠷᠠᠶᠣᠲ ᠤᠨ ᠭᠤᠴᠢ᠂ ᠽᠠᠳᠣᠺ ᠤᠨ ᠵᠢᠴᠢ᠂ ᠮᠧᠱᠦ᠋ᠯᠠᠮ ᠤᠨ ᠠᠴᠢ᠂ ᠾᠢᠯᠺᠢᠶ᠎ᠠ ᠶᠢᠨ ᠬᠦᠦ) ᠨᠠᠷ᠂ 12 ᠪᠠᠰᠠ ᠲᠡᠳᠡᠨ ᠲᠡᠢ ᠬᠠᠮᠲᠤ ᠠᠷᠢᠭᠤᠨ ᠥᠷᠭᠥᠭᠡᠨ ᠦ ᠠᠵᠢᠯ ᠢ ᠭᠦᠢᠴᠡᠳᠬᠡᠳᠡᠭ ᠨᠠᠢ᠌ᠮᠠᠨ ᠵᠠᠭᠤ ᠬᠣᠷᠢᠨ ᠬᠣᠶᠠᠷ ᠬᠠᠮᠲᠤᠷᠠᠭᠴᠢ ᠪᠠᠢᠭᠰᠠᠨ ᠪᠠ ᠠᠳᠠᠢᠶᠠ (ᠮᠠᠯᠺᠢᠶ᠎ᠠ ᠶᠢᠨ ᠲᠠᠴᠢ᠂ ᠫᠠᠱᠦ᠋ᠷ ᠤᠨ ᠳᠥᠴᠢ᠂ ᠽᠧᠺᠠᠷᠢᠶ᠎ᠠ ᠶᠢᠨ ᠭᠤᠴᠢ᠂ ᠠᠮᠽᠢ ᠶᠢᠨ ᠵᠢᠴᠢ᠂ ᠫᠧᠯᠠᠶᠠ ᠶᠢᠨ ᠠᠴᠢ᠂ ᠶᠧᠷᠣᠬᠠᠮ ᠤᠨ ᠬᠦᠦ) ᠨᠠᠷ᠂ 13 ᠲᠡᠭᠦᠨ ᠦ ᠬᠠᠮᠲᠤᠷᠠᠭᠴᠢ᠂ ᠬᠣᠶᠠᠷ ᠵᠠᠭᠤ ᠳᠥᠴᠢᠨ ᠬᠣᠶᠠᠷ ᠠᠢᠮᠠᠭ ᠤᠨ ᠲᠡᠷᠢᠭᠦᠨ᠂ ᠠᠮᠠᠱᠰᠠᠢ (ᠢᠮᠧᠷ ᠤᠨ ᠭᠤᠴᠢ᠂ ᠮᠧᠱᠢᠯᠧᠮᠣᠲ ᠤᠨ ᠵᠢᠴᠢ᠂ ᠠᠽᠠᠢ ᠶᠢᠨ ᠠᠴᠢ᠂ ᠠᠽᠠᠷᠧᠯ ᠤᠨ ᠬᠦᠦ) ᠨᠠᠷ᠂ 14 ᠪᠠᠰᠠ ᠲᠡᠳᠡᠨ ᠦ ᠬᠠᠮᠲᠤᠷᠠᠭᠴᠢ᠂ ᠵᠠᠭᠤ ᠬᠣᠷᠢᠨ ᠨᠠᠢ᠌ᠮᠠᠨ ᠴᠢᠳᠠᠪᠤᠷᠢᠯᠢᠭ᠋ ᠬᠥᠮᠦᠨ ᠪᠠᠢᠭᠰᠠᠨ ᠪᠥᠭᠡᠳ ᠡᠳᠡᠨ ᠦ ᠵᠠᠬᠢᠷᠤᠭᠴᠢ ᠨᠢ ᠬᠠᠭᠧᠳᠣᠯᠢᠮ ᠤᠨ ᠬᠦᠦ ᠽᠠᠪᠳᠢᠶᠧᠯ ᠪᠠᠢᠪᠠ᠃
15 ᠯᠧᠸᠢᠴᠦᠳ ᠡᠴᠡ ᠱᠧᠮᠠᠢᠶ᠎ᠠ (ᠪᠦᠨᠢ ᠶᠢᠨ ᠭᠤᠴᠢ᠂ ᠬᠠᠱᠠᠪᠢᠶ᠎ᠠ ᠶᠢᠨ ᠵᠢᠴᠢ᠂ ᠠᠽᠷᠢᠺᠠᠮ ᠤᠨ ᠠᠴᠢ᠂ ᠬᠠᠱᠦ᠋ᠪ ᠤᠨ ᠬᠦᠦ) ᠨᠠᠷ᠂ 16 ᠪᠤᠷᠬᠠᠨ ᠤ ᠥᠷᠭᠥᠭᠡᠨ ᠦ ᠭᠠᠳᠠᠨᠠᠬᠢ ᠠᠵᠢᠯ ᠢ ᠬᠠᠷᠢᠭᠤᠴᠠᠭᠰᠠᠨ ᠯᠧᠸᠢᠴᠦᠳ ᠦᠨ ᠤᠳᠤᠷᠢᠳᠤᠭᠴᠢ ᠱᠠᠪᠧᠲ᠋ᠠᠢ᠂ ᠶᠣᠽᠠᠪᠠᠳ᠋ ᠨᠠᠷ᠂ 17 ᠮᠥᠨ ᠮᠠᠲ᠋ᠠᠨᠢᠶ᠎ᠠ (ᠮᠠᠭᠲᠠᠭᠠᠯ ᠪᠠ ᠳᠠᠭᠠᠳᠬᠠᠯ ᠤᠨ ᠤᠳᠤᠷᠢᠳᠤᠭᠴᠢ ᠠᠰᠠᠹ ᠤᠨ ᠵᠢᠴᠢ᠂ ᠽᠠᠪᠳᠢ ᠶᠢᠨ ᠠᠴᠢ᠂ ᠮᠢᠺᠠ ᠶᠢᠨ ᠬᠦᠦ) ᠨᠠᠷ᠂ ᠲᠡᠳᠡᠨ ᠦ ᠬᠠᠮᠲᠤᠷᠠᠭᠴᠢᠳ ᠤᠨ ᠳᠣᠲᠣᠷᠠᠬᠢ ᠣᠷᠣᠯᠠᠭᠴᠢ ᠪᠠᠺᠪᠦ᠋ᠺᠢᠶᠠ ᠬᠢᠭᠡᠳ ᠠᠪᠳᠠ (ᠶᠧᠳᠦ᠋ᠲ᠋ᠦ᠋ᠨ ᠤ ᠵᠢᠴᠢ᠂ ᠭᠠᠯᠠᠯ ᠤᠨ ᠠᠴᠢ᠂ ᠱᠠᠮᠦ᠋ᠶᠠ ᠶᠢᠨ ᠬᠦᠦ) ᠨᠠᠷ ᠪᠠᠢᠵᠤ᠂ 18 ᠠᠷᠢᠭᠤᠨ ᠬᠣᠲᠠ ᠳᠠᠬᠢ ᠯᠧᠸᠢᠴᠦᠳ ᠨᠢ ᠨᠡᠢᠲᠡ ᠬᠣᠶᠠᠷ ᠵᠠᠭᠤ ᠨᠠᠶᠠᠨ ᠳᠥᠷᠪᠡᠨ ᠬᠥᠮᠦᠨ ᠪᠠᠢᠪᠠ᠃
19 ᠬᠠᠭᠠᠯᠭᠠᠴᠢᠳ ᠠᠴᠠ ᠠᠺᠦ᠋ᠪ᠂ ᠲᠠᠯᠮᠣᠨ ᠪᠣᠯᠣᠨ ᠲᠡᠳᠡᠨ ᠦ ᠬᠠᠮᠲᠤ ᠬᠠᠭᠠᠯᠭ᠎ᠠ ᠮᠠᠨᠠᠳᠠᠭ ᠵᠠᠭᠤ ᠳᠠᠯᠠᠨ ᠬᠣᠶᠠᠷ ᠬᠥᠮᠦᠨ ᠪᠠᠢᠪᠠ᠃ 20 ᠪᠤᠰᠤᠳ ᠲᠠᠬᠢᠯᠴᠢᠳ᠂ ᠯᠧᠸᠢᠴᠦᠳ ᠪᠣᠯᠣᠨ ᠢᠰᠷᠧᠯᠴᠦᠳ ᠨᠢ ᠶᠦᠳᠠ ᠶᠢᠨ ᠪᠦᠬᠦ ᠬᠣᠲᠠ ᠲᠣᠰᠬᠣᠨ ᠳᠤ᠂ ᠡᠵᠡᠮᠰᠢᠯ ᠭᠠᠵᠠᠷ ᠲᠠᠭᠠᠨ ᠰᠠᠭᠤᠷᠢᠰᠢᠭᠰᠠᠨ ᠪᠠᠢᠪᠠ᠃ 21 ᠠᠷᠢᠭᠤᠨ ᠥᠷᠭᠥᠭᠡᠨ ᠦ ᠦᠢᠯᠡᠴᠢᠯᠡᠭᠴᠢᠳ ᠣᠹᠧᠯ ᠳᠤ ᠰᠠᠭᠤᠷᠢᠰᠢᠵᠤ᠂ ᠲᠡᠳᠡᠨ ᠦ ᠬᠠᠮᠢᠶᠠᠷᠤᠭᠴᠢ ᠨᠢ ᠽᠢᠬᠠ᠂ ᠬᠢᠱᠫᠠ ᠨᠠᠷ ᠪᠠᠢᠪᠠ᠃
22 ᠶᠧᠷᠦ᠋ᠰᠠᠯᠧᠮ ᠳᠠᠬᠢ ᠯᠧᠸᠢᠴᠦᠳ ᠦᠨ ᠬᠠᠷᠠᠭᠠᠯᠵᠠᠭᠴᠢ ᠨᠢ ᠮᠢᠺᠠ ᠶᠢᠨ ᠭᠤᠴᠢ᠂ ᠮᠠᠲ᠋ᠠᠨᠢᠶ᠎ᠠ ᠶᠢᠨ ᠵᠢᠴᠢ᠂ ᠬᠠᠱᠠᠪᠢᠶ᠎ᠠ ᠶᠢᠨ ᠠᠴᠢ᠂ ᠪᠠᠨᠢ ᠶᠢᠨ ᠬᠦᠦ ᠦᠽᠢ ᠪᠠᠢᠪᠠ᠃ ᠲᠡᠷᠡ ᠪᠣᠯ ᠪᠤᠷᠬᠠᠨ ᠤ ᠥᠷᠭᠥᠭᠡᠨ ᠦ ᠮᠥᠷᠭᠥᠯ ᠦᠨ ᠳᠠᠭᠤᠤ ᠶᠢ ᠳᠠᠭᠤᠯᠠᠳᠠᠭ ᠪᠠᠢᠭᠰᠠᠨ ᠠᠰᠠᠹ ᠤᠨ ᠦᠷ᠎ᠡ ᠤᠳᠤᠮ ᠶᠤᠮ᠃ 23 ᠳᠠᠭᠤᠴᠢᠳ ᠤᠨ ᠡᠳᠦᠷ ᠲᠤᠲᠤᠮ ᠤᠨ ᠬᠢᠬᠦ ᠦᠢᠯᠡᠴᠢᠯᠡᠯ ᠨᠢ ᠬᠠᠭᠠᠨ ᠤ ᠵᠠᠷᠯᠢᠭ ᠤᠨ ᠳᠠᠭᠠᠤ ᠲᠣᠭᠲᠠᠭᠠᠭᠳᠠᠭᠰᠠᠨ ᠪᠠᠢᠪᠠ᠃ 24 ᠶᠦᠳᠠ ᠶᠢᠨ ᠬᠥᠪᠡᠭᠦᠨ ᠽᠧᠷᠠ ᠶᠢᠨ ᠦᠷ᠎ᠡ ᠤᠳᠤᠮ ᠮᠧᠱᠧᠽᠠᠪᠧᠯ ᠤᠨ ᠬᠦᠦ ᠫᠧᠲ᠋ᠠᠾᠢᠶᠠ ᠬᠠᠭᠠᠨ ᠢ ᠲᠥᠯᠥᠭᠡᠯᠡᠨ ᠠᠷᠠᠳ ᠲᠦᠮᠡᠨ ᠦ ᠪᠦᠬᠦ ᠠᠳᠠᠯ ᠶᠠᠪᠤᠳᠠᠯ ᠢ ᠬᠠᠮᠢᠶᠠᠷᠳᠠᠭ ᠪᠠᠢᠪᠠ᠃
25 ᠶᠦᠳᠠᠴᠤᠳ ᠤᠨ ᠵᠠᠷᠢᠮ ᠨᠢ ᠲᠠᠷᠢᠶᠠᠨ ᠲᠠᠯᠠᠪᠠᠢ ᠲᠠᠢ ᠲᠣᠰᠬᠣᠳ ᠲᠤ ᠰᠠᠭᠤᠷᠢᠰᠢᠪᠠ᠃ ᠵᠠᠷᠢᠮ ᠨᠢ ᠺᠢᠷᠢᠶᠠᠲ ᠠᠷᠪᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ ᠲᠤ᠂ ᠵᠠᠷᠢᠮ ᠨᠢ ᠳ᠋ᠢᠪᠣᠨ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ ᠲᠤ᠂ ᠶᠧᠺᠠᠪᠽᠧᠯ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ ᠲᠤ ᠰᠠᠭᠤᠷᠢᠰᠢᠵᠤ᠂ 26 ᠪᠠᠰᠠ ᠵᠠᠷᠢᠮ ᠨᠢ ᠶᠧᠱᠦ᠋ᠶ᠎ᠠ ᠳᠤ᠂ ᠮᠣᠯᠠᠳᠠ ᠳᠤ᠂ ᠪᠧᠲ ᠫᠧᠯᠧᠲ ᠲᠤ᠂ 27 ᠬᠠᠽᠠᠷ ᠱᠦᠶ᠎ᠠ ᠳᠤ᠂ ᠪᠧᠷ ᠱᠧᠪᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ ᠲᠤ᠂ 28 ᠽᠢᠺᠯᠠᠭ ᠲᠤ᠂ ᠮᠧᠺᠣᠨᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ ᠲᠤ᠂ 29 ᠧᠨ ᠷᠢᠮᠣᠨ ᠳᠤ᠂ ᠽᠣᠷᠠ ᠳᠤ᠂ ᠶᠠᠷᠮᠦ᠋ᠲ ᠲᠤ᠂ 30 ᠽᠠᠨᠣᠶᠠ᠂ ᠠᠳᠦ᠋ᠯᠠᠮ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ ᠲᠤ᠂ ᠯᠠᠺᠢᠱ ᠪᠣᠯᠣᠨ ᠲᠡᠭᠦᠨ ᠦ ᠲᠠᠯᠠᠪᠠᠢ ᠨᠤᠭᠤᠳ᠂ ᠠᠽᠧᠺᠠ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ ᠲᠤ ᠰᠠᠭᠤᠷᠢᠰᠢᠪᠠ᠃ ᠲᠡᠢᠨ ᠬᠦ ᠲᠡᠳᠡ ᠪᠧᠷ ᠱᠧᠪᠠ ᠠᠴᠠ ᠾᠢᠨᠣᠮ ᠤᠨ ᠬᠥᠨᠳᠡᠢ ᠬᠦᠷᠲᠡᠯ᠎ᠡ ᠰᠠᠭᠤᠷᠢᠰᠢᠵᠠᠢ᠃ 31 ᠪᠢᠨᠶᠠᠮᠢᠨᠴᠤᠳ ᠭᠧᠪᠠ ᠠᠴᠠ ᠴᠢᠨᠠᠭᠰᠢ᠂ ᠮᠢᠺᠮᠠᠰ᠂ ᠠᠶ᠎ᠠ᠂ ᠪᠧᠲ᠋ᠧᠯ ᠪᠣᠯᠣᠨ ᠡᠷᠭᠢᠨ ᠲᠣᠭᠣᠷᠢᠨ ᠤ ᠬᠢᠨᠢ ᠲᠣᠰᠬᠣᠳ ᠲᠤ᠂ 32 ᠮᠥᠨ ᠠᠨᠠᠲ᠋ᠣᠲ᠂ ᠨᠣᠪ᠂ ᠠᠨᠠᠨᠢᠶ᠎ᠠ᠂ 33 ᠬᠠᠽᠣᠷ᠂ ᠷᠠᠮᠠ᠂ ᠬᠢᠲ᠋ᠠᠢᠮ᠂ 34 ᠬᠠᠳᠢᠳ᠋᠂ ᠽᠧᠪᠣᠢᠮ᠂ ᠨᠧᠪᠠᠯᠠᠲ᠂ 35 ᠯᠣᠳ᠋᠂ ᠣᠨᠣ᠋ ᠬᠢᠭᠡᠳ ᠤᠷᠠᠨ ᠳᠠᠷᠬᠠᠳ ᠤᠨ ᠬᠥᠨᠳᠡᠢ ᠳᠦ ᠰᠠᠭᠤᠷᠢᠰᠢᠪᠠ᠃ 36 ᠮᠥᠨ ᠶᠦᠳᠠ ᠳᠤ ᠪᠠᠢᠭᠰᠠᠨ ᠯᠧᠸᠢᠴᠦᠳ ᠦᠨ ᠵᠠᠷᠢᠮ ᠪᠦᠯᠦᠭ ᠤᠳ ᠨᠢ ᠪᠢᠨᠶᠠᠮᠢᠨ ᠤ ᠨᠤᠲᠤᠭ ᠲᠤ ᠰᠠᠭᠤᠷᠢᠰᠢᠪᠠ᠃