ᠨᠧᠾᠧᠮᠢᠶ᠎ᠠ ᠶᠢᠰᠦ
ᠢᠰᠷᠧᠯᠴᠦᠳ ᠨᠢᠭᠦᠯ ᠢᠶᠡᠨ ᠤᠯᠠᠢᠪᠠ
1 ᠲᠤᠰ ᠰᠠᠷ᠎ᠠ ᠶᠢᠨ ᠬᠣᠷᠢᠨ ᠳᠥᠷᠪᠡᠨ ᠳᠦ ᠢᠰᠷᠧᠯᠴᠦᠳ ᠳᠠᠬᠢᠨ ᠴᠤᠭᠯᠠᠷᠠᠪᠠ᠃ ᠡᠨᠡ ᠤᠳᠠᠭ᠎ᠠ ᠲᠡᠳᠡ ᠲᠣᠯᠣᠭᠠᠢ ᠳᠡᠭᠡᠷ᠎ᠡ ᠪᠡᠨ ᠰᠢᠷᠣᠢ ᠰᠠᠴᠤᠨ᠂ ᠲᠠᠭᠠᠷ ᠤᠭᠯᠠᠵᠤ᠂ ᠪᠠᠴᠠᠭ ᠪᠠᠷᠢᠵᠠᠭᠠᠪᠠ᠃ 2 ᠢᠰᠷᠧᠯ ᠤᠨ ᠦᠷ᠎ᠡ ᠬᠣᠢᠴᠢ ᠥᠪᠡᠷᠰᠡᠳ ᠢ ᠪᠠᠨ ᠪᠦᠬᠦ ᠬᠠᠷᠢ ᠶᠢᠨ ᠬᠢᠨ ᠡᠴᠡ ᠲᠤᠰᠠᠭᠠᠷᠯᠠᠭᠰᠠᠨ ᠪᠠᠢᠪᠠ᠃ ᠲᠡᠳᠡ ᠪᠣᠰᠴᠤ ᠥᠪᠡᠷᠰᠡᠳ ᠦᠨ ᠢᠶᠠᠨ ᠨᠢᠭᠦᠯ ᠪᠣᠯᠣᠨ ᠡᠴᠢᠭᠡ ᠡᠪᠦᠭᠡᠳ ᠦᠨ ᠢᠶᠠᠨ ᠭᠡᠮ ᠪᠤᠷᠤᠭᠤ ᠶᠢ ᠤᠯᠠᠢᠪᠠ᠃ 3 ᠲᠡᠳᠡ ᠪᠠᠢᠷᠢᠨ ᠳᠠᠭᠠᠨ ᠵᠣᠭᠰᠣᠨ᠂ ᠡᠳᠦᠷ ᠦᠨ ᠳᠥᠷᠪᠡᠨ ᠦ ᠨᠢᠭᠡ ᠳᠦᠨᠢ ᠶᠣᠬᠣᠸᠠ ᠪᠤᠷᠬᠠᠨ ᠤ ᠪᠠᠨ ᠬᠠᠤᠯᠢ ᠶᠢᠨ ᠨᠣᠮ ᠠᠴᠠ ᠤᠩ᠋ᠰᠢᠭᠰᠠᠨ ᠪᠥᠭᠡᠳ ᠳᠥᠷᠪᠡᠨ ᠦ ᠨᠢᠭᠡ ᠳᠦᠨᠢ ᠨᠢᠭᠦᠯ ᠢᠶᠡᠨ ᠤᠯᠠᠢᠨ᠂ ᠶᠣᠬᠣᠸᠠ ᠪᠤᠷᠬᠠᠨ ᠳᠠᠭᠠᠨ ᠮᠥᠷᠭᠥᠵᠦ ᠪᠠᠢᠯ᠎ᠠ᠃ 4 ᠲᠠᠪᠴᠠᠩ ᠳᠡᠭᠡᠷ᠎ᠡ ᠶᠧᠱᠦ᠋ᠶ᠎ᠠ᠂ ᠪᠠᠨᠢ᠂ ᠺᠠᠳ᠋ᠮᠢᠶᠧᠯ᠂ ᠱᠧᠪᠠᠨᠢᠶ᠎ᠠ᠂ ᠪᠦᠨᠢ᠂ ᠱᠧᠷᠧᠪᠢᠶ᠎ᠠ᠂ ᠪᠠᠨᠢ ᠪᠣᠯᠣᠨ ᠺᠧᠨᠠᠨᠢ ᠵᠡᠷᠭᠡ ᠯᠧᠸᠢᠴᠦᠳ ᠵᠣᠭᠰᠣᠭᠠᠳ ᠪᠤᠷᠬᠠᠨ ᠶᠣᠬᠣᠸᠠ ᠤᠷᠤᠭᠤ ᠪᠠᠨ ᠴᠢᠩᠭ᠍᠎ᠠ ᠳᠠᠭᠤ ᠪᠠᠷ ᠬᠠᠰᠬᠢᠷᠴᠤ ᠪᠠᠢᠯ᠎ᠠ᠃ 5 ᠶᠧᠱᠦ᠋ᠶ᠎ᠠ᠂ ᠺᠠᠳ᠋ᠮᠢᠶᠧᠯ᠂ ᠪᠠᠨᠢ᠂ ᠬᠠᠱᠠᠪᠨᠧᠶᠠ᠂ ᠱᠧᠷᠧᠪᠢᠶ᠎ᠠ᠂ ᠬᠣᠳᠢᠶ᠎ᠠ᠂ ᠱᠧᠪᠠᠨᠢᠶ᠎ᠠ ᠪᠣᠯᠣᠨ ᠫᠧᠲ᠋ᠠᠾᠢᠶᠠ ᠵᠡᠷᠭᠡ ᠯᠧᠸᠢᠴᠦᠳ᠄ 《ᠪᠣᠰᠴᠠᠭ᠎ᠠ᠂ ᠶᠣᠬᠣᠸᠠ ᠪᠤᠷᠬᠠᠨ ᠢᠶᠠᠨ ᠮᠥᠩᠬᠡ ᠶᠢᠨ ᠮᠥᠩᠬᠡᠳᠡ ᠮᠠᠭᠲᠠ︕》 ᠭᠡᠳ᠄ 《ᠲᠠᠨ ᠤ ᠠᠯᠳᠠᠷ ᠨᠡᠷ᠎ᠡ ᠬᠦᠨᠳᠦᠳᠬᠡᠭᠳᠡᠵᠦ ᠬᠠᠮᠤᠭ ᠬᠦᠨᠳᠦᠳᠬᠡᠯ ᠪᠠ ᠮᠠᠭᠲᠠᠭᠠᠯ ᠤᠨ ᠳᠡᠭᠡᠷ᠎ᠡ ᠡᠷᠭᠦᠮᠵᠢᠯᠡᠭᠳᠡᠬᠦ ᠪᠣᠯᠲᠤᠭᠠᠢ︕
6 ᠶᠣᠬᠣᠸᠠ ᠲᠠ᠂ ᠵᠥᠪᠬᠡᠨ ᠲᠠ ᠯᠠ ᠲᠩᠷᠢ᠂ ᠬᠠᠮᠤᠭ ᠤᠨ ᠳᠡᠭᠡᠳᠦ ᠲᠩᠷᠢ ᠶᠢ ᠪᠦᠬᠦ ᠡᠷᠬᠡᠰ ᠲᠡᠢ ᠨᠢ ᠬᠠᠮᠲᠤ ᠭᠠᠵᠠᠷ ᠢ ᠲᠡᠭᠦᠨ ᠦ ᠳᠡᠭᠡᠷᠡᠬᠢ ᠪᠦᠬᠦᠨ ᠲᠡᠢ ᠬᠠᠮᠲᠤ ᠲᠠᠩᠭᠢᠰ ᠢ ᠲᠡᠭᠦᠨ ᠳᠣᠲᠣᠷᠠᠬᠢ ᠪᠦᠬᠦᠨ ᠲᠡᠢ ᠨᠢ ᠪᠦᠲᠦᠭᠡᠭᠰᠡᠨ ᠲᠠ ᠯᠠ ᠡᠨᠡ ᠪᠦᠬᠦᠨ ᠳᠦ ᠠᠮᠢ ᠥᠭᠭᠥᠭᠰᠡᠨ ᠲᠩᠷᠢ ᠶᠢᠨ ᠲᠦᠮᠡᠨ ᠣᠯᠠᠨ ᠲᠠᠨ ᠳᠤ ᠪᠥᠬᠥᠢᠳᠡᠭ᠃
7 ᠲᠠ ᠪᠣᠯ ᠶᠣᠬᠣᠸᠠ ᠪᠤᠷᠬᠠᠨ ᠲᠠ ᠠᠪᠷᠠᠮ ᠢ ᠰᠣᠩ᠋ᠭᠣᠵᠤ ᠺᠠᠯᠳᠧᠶᠠᠴᠤᠳ ᠤᠨ ᠦᠦᠷ ᠡᠴᠡ ᠭᠠᠷᠭᠠᠵᠤ ᠲᠡᠭᠦᠨ ᠳᠦ ᠠᠪᠷᠠᠬᠠᠮ ᠨᠡᠷ᠎ᠡ ᠶᠢ ᠥᠭᠭᠥᠭᠰᠡᠨ᠂
8 ᠲᠡᠭᠦᠨ ᠦ ᠵᠢᠷᠦᠬᠡ ᠥᠪᠡᠷ ᠦᠨ ᠲᠠᠨᠢ ᠡᠮᠦᠨ᠎ᠡ ᠦᠨᠡᠨᠴᠢ ᠪᠠᠢᠬᠤ ᠶᠢ ᠬᠠᠷᠠᠭᠠᠳ ᠲᠡᠭᠦᠨ ᠦ ᠦᠷ᠎ᠡ ᠤᠳᠤᠮ ᠳᠤ ᠺᠠᠨᠠᠨᠴᠤᠳ᠂ ᠾᠢᠲ᠋ᠴᠦᠳ᠂ ᠠᠮᠣᠷᠢᠴᠤᠳ ᠫᠧᠷᠢᠽᠴᠦᠳ᠂ ᠶᠧᠪᠦ᠋ᠰᠴᠦᠳ᠂ ᠭᠢᠷᠭᠠᠱᠴᠤᠳ ᠤᠨ ᠭᠠᠵᠠᠷ ᠢ ᠥᠭᠬᠦ ᠪᠡᠷ ᠲᠡᠭᠦᠨ ᠲᠡᠢ ᠭᠡᠷ᠎ᠡ ᠪᠠᠢᠭᠤᠯᠵᠤ ᠠᠮᠠᠯᠠᠭᠰᠠᠨ ᠢᠶᠠᠨ ᠪᠡᠶᠡᠯᠡᠭᠦᠯᠦᠭᠰᠡᠨ ᠪᠢᠯᠡ᠂ ᠤᠴᠢᠷ ᠨᠢ ᠲᠠ ᠵᠥᠪᠲᠦ᠂ ᠦᠨᠡᠨ ᠶᠤᠮ᠃
9 ᠲᠠ ᠡᠴᠢᠭᠡ ᠡᠪᠦᠭᠡᠳ ᠦᠨ ᠮᠠᠨᠢ ᠶᠧᠵᠢᠫᠲ ᠲᠤ ᠵᠣᠪᠠᠯᠠᠩ ᠠᠮᠰᠠᠬᠤ ᠶᠢ ᠬᠠᠷᠠᠭᠰᠠᠨ ᠤᠯᠠᠭᠠᠨ ᠲᠠᠩᠭᠢᠰ ᠤᠨ ᠳᠡᠷᠭᠡᠳᠡᠬᠢ ᠣᠷᠢᠯᠠᠭᠠᠨ ᠢ ᠨᠢ ᠰᠣᠨᠣᠰᠣᠭᠰᠠᠨ
10 ᠲᠡᠭᠡᠭᠡᠳ ᠲᠡᠮᠳᠡᠭ ᠪᠠ ᠭᠠᠢᠬᠠᠮᠰᠢᠭ ᠢ ᠦᠢᠯᠡᠳᠦᠨ ᠹᠠᠷᠠᠣ᠋ ᠪᠣᠯᠣᠨ ᠪᠦᠬᠦ ᠲᠦᠰᠢᠮᠡᠳ ᠢ ᠨᠢ ᠭᠠᠵᠠᠷ ᠤᠨ ᠪᠦᠬᠦ ᠠᠷᠠᠳ ᠲᠦᠮᠡᠨ ᠲᠡᠢ ᠨᠢ ᠬᠠᠮᠲᠤ ᠴᠣᠬᠢᠭᠰᠠᠨ ᠤᠴᠢᠷ ᠨᠢ ᠡᠴᠢᠭᠡ ᠡᠪᠦᠭᠡᠳ ᠲᠦ ᠮᠢᠨᠢ ᠲᠡᠳᠡᠨ ᠦ ᠣᠮᠣᠷᠬᠠᠭᠰᠠᠨ ᠢ ᠲᠠ ᠮᠡᠳᠡᠭᠰᠡᠨ ᠲᠡᠢᠨ ᠬᠦ ᠲᠠᠨ ᠤ ᠨᠡᠷ᠎ᠡ ᠠᠯᠳᠠᠷᠰᠢᠵᠤ ᠥᠨᠥᠳᠥᠷ ᠲᠦ ᠬᠦᠷᠦᠭᠰᠡᠨ ᠪᠢᠯᠡ᠃
11 ᠲᠡᠳᠡᠨ ᠦ ᠡᠮᠦᠨ᠎ᠡ ᠲᠠ ᠲᠠᠩᠭᠢᠰ ᠢ ᠬᠤᠪᠢᠶᠠᠵᠤ ᠲᠡᠭᠦᠨ ᠦ ᠳᠤᠮᠳᠠᠭᠤᠷ ᠬᠠᠭᠤᠷᠠᠢ ᠭᠠᠵᠠᠷ ᠢᠶᠠᠷ ᠥᠩᠭᠡᠷᠡᠭᠦᠯᠵᠦ ᠨᠡᠬᠡᠭᠴᠢᠳ ᠢ ᠨᠢ ᠲᠠ ᠬᠦᠴᠦᠲᠦ ᠳᠠᠪᠠᠯᠭᠠᠨ ᠢᠶᠠᠷ ᠭᠦᠨ ᠤᠷᠤᠭᠤ ᠴᠢᠯᠠᠭᠤ ᠮᠡᠲᠦ ᠰᠢᠳᠡᠭᠰᠡᠨ᠃
12 ᠡᠳᠦᠷ ᠨᠢ ᠡᠭᠦᠯᠡᠨ ᠪᠠᠭᠠᠨ᠎ᠠ ᠪᠠᠷ ᠲᠡᠳᠡᠨ ᠢ ᠬᠥᠲᠥᠯᠥᠨ ᠰᠥᠨᠢ ᠨᠢ ᠭᠠᠯ ᠪᠠᠭᠠᠨ᠎ᠠ ᠪᠠᠷ ᠵᠠᠮ ᠢ ᠨᠢ ᠭᠡᠷᠡᠯᠲᠦᠭᠦᠯᠦᠭᠰᠡᠨ᠃
13 ᠲᠠ ᠰᠢᠨᠠᠢ ᠠᠭᠤᠯᠠᠨ ᠳᠡᠭᠡᠷ᠎ᠡ ᠪᠠᠭᠤᠵᠤ ᠢᠷᠡᠨ ᠲᠩᠷᠢ ᠡᠴᠡ ᠲᠡᠳᠡᠨ ᠳᠦ ᠶᠠᠷᠢᠭᠰᠠᠨ ᠵᠥᠪ ᠭᠣᠣᠯᠴᠢ ᠬᠠᠤᠯᠢ ᠶᠣᠰᠣ ᠬᠢᠭᠡᠳ ᠰᠠᠢᠨ ᠰᠠᠢᠬᠠᠨ ᠲᠣᠭᠲᠠᠭᠠᠯ ᠲᠤᠰᠢᠶᠠᠯ ᠢ ᠰᠣᠶᠣᠷᠬᠠᠭᠰᠠᠨ᠃
14 ᠠᠷᠢᠭᠤᠨ ᠠᠮᠠᠷᠠᠯ ᠤᠨ ᠡᠳᠦᠷ ᠢᠶᠡᠨ ᠲᠠ ᠲᠡᠳᠡᠨ ᠳᠦ ᠮᠡᠳᠡᠭᠦᠯᠵᠦ ᠵᠠᠷᠤᠴᠠ ᠮᠣᠰᠧ ᠪᠠᠷ ᠢᠶᠠᠨ ᠳᠠᠮᠵᠢᠭᠤᠯᠤᠨ ᠵᠢᠭᠠᠪᠤᠷᠢ ᠪᠠ ᠬᠠᠤᠯᠢ ᠨᠤᠭᠤᠳ ᠢ ᠥᠭᠭᠥᠭᠰᠡᠨ᠃
15 ᠥᠯᠥᠰᠬᠦ ᠳᠦᠨᠢ ᠲᠠ ᠲᠩᠷᠢ ᠶᠢᠨ ᠬᠦᠨᠡᠰᠦ ᠪᠡᠷ ᠬᠠᠩ᠋ᠭᠠᠵᠤ ᠤᠮᠳᠠᠭᠠᠰᠬᠤ ᠳᠤᠨᠢ ᠲᠠ ᠬᠠᠳᠠᠨ ᠤ ᠤᠰᠤ ᠪᠠᠷ ᠤᠮᠳᠠᠯᠠᠵᠤ ᠥᠪᠡᠷᠰᠡᠳ ᠲᠤᠨᠢ ᠥᠭᠭᠥᠨ᠎ᠡ ᠭᠡᠵᠦ ᠲᠠᠩ᠋ᠭᠠᠷᠢᠭᠯᠠᠭᠰᠠᠨ ᠭᠠᠵᠠᠷ ᠢ 〈ᠡᠵᠡᠮᠰᠢᠬᠦ ᠪᠡᠷ ᠶᠠᠪᠤ〉 ᠭᠡᠵᠦ ᠲᠠ ᠲᠡᠳᠡᠨ ᠳᠦ ᠠᠢᠯᠠᠳᠬᠤ ᠳᠤ
16 ᠡᠴᠢᠭᠡ ᠡᠪᠦᠭᠡᠳ ᠮᠠᠨᠢ ᠶᠡᠬᠡᠷᠬᠡᠭ ᠪᠠᠢᠳᠠᠯ ᠭᠠᠷᠭᠠᠵᠤ ᠲᠠᠨ ᠤ ᠲᠤᠰᠢᠶᠠᠯ ᠤᠳ ᠢ ᠦᠯᠦ ᠰᠣᠨᠣᠰᠣᠨ ᠵᠥᠷᠢᠭᠦᠳᠯᠡᠪᠡ᠃
17 ᠲᠡᠳᠡ ᠰᠣᠨᠣᠰᠬᠤ ᠶᠢ ᠦᠯᠦ ᠬᠦᠰᠡᠵᠦ ᠲᠡᠳᠡᠨ ᠦ ᠳᠤᠮᠳᠠ ᠦᠢᠯᠡᠳᠦᠭᠰᠡᠨ ᠭᠠᠢᠬᠠᠮᠰᠢᠭᠲᠤ ᠦᠢᠯᠡᠰ ᠢ ᠲᠠᠨᠢ ᠤᠮᠠᠷᠲᠠᠵᠤ ᠤᠷᠪᠠᠯᠭ᠎ᠠ ᠪᠣᠰᠣᠯᠭ᠎ᠠ ᠭᠠᠷᠭᠠᠵᠤ ᠵᠥᠷᠢᠭᠦᠳᠯᠡᠭᠡᠳ ᠥᠪᠡᠷᠰᠡᠳ ᠢᠶᠡᠨ ᠤᠳᠤᠷᠢᠳᠤᠭᠴᠢ ᠲᠣᠮᠢᠯᠠᠵᠤ ᠪᠣᠭᠣᠯᠴᠢᠯᠠᠯ ᠤᠷᠤᠭᠤ ᠪᠠᠨ ᠪᠤᠴᠠᠬᠤ ᠭᠡᠪᠡ ᠬᠠᠷᠢᠨ ᠲᠠ ᠪᠣᠯ ᠥᠷᠥᠰᠢᠶᠡᠯ ᠦᠨ ᠪᠤᠷᠬᠠᠨ ᠡᠨᠡᠷᠢᠩᠭᠦᠢ ᠪᠥᠭᠡᠳ ᠥᠷᠥᠪᠴᠢ ᠠᠭᠤᠷᠯᠠᠬᠤ ᠳᠠᠭᠠᠨ ᠤᠳᠠᠭᠠᠨ ᠬᠠᠢᠷ᠎ᠠ ᠡᠨᠡᠷᠢᠯ ᠢᠶᠠᠷ ᠪᠢᠯᠬᠠᠮ᠎ᠠ ᠪᠣᠯᠬᠣᠷ ᠲᠡᠳᠡᠨ ᠢ ᠲᠠ ᠣᠷᠬᠢᠭᠰᠠᠨ ᠦᠭᠡᠢ᠃
18 ᠲᠡᠳᠡ ᠴᠢᠳᠬᠤᠮᠠᠯ ᠲᠤᠭᠤᠯ ᠪᠦᠲᠦᠭᠡᠵᠦ 〈ᠴᠢᠨᠦ ᠪᠤᠷᠬᠠᠨ ᠡᠨᠡ ᠪᠠᠢᠨ᠎ᠠ ᠴᠢᠮᠠᠶᠢ ᠶᠧᠵᠢᠫᠲ ᠡᠴᠡ ᠭᠠᠷᠭᠠᠭᠰᠠᠨ〉 ᠭᠡᠵᠦ ᠥᠪᠡᠷ ᠬᠣᠭᠣᠷᠣᠨᠳᠣ ᠪᠠᠨ ᠶᠠᠷᠢᠯᠴᠠᠵᠤ ᠲᠠᠨ ᠢ ᠶᠡᠬᠡᠳᠡ ᠳᠣᠷᠣᠮᠵᠢᠯᠠᠬᠤ ᠳᠤ ᠴᠤ
19 ᠲᠠᠨ ᠤ ᠥᠷᠥᠪᠳᠥᠯ ᠠᠭᠤᠤ ᠤᠴᠢᠷ ᠴᠥᠯ ᠳᠤ ᠲᠡᠳᠡᠨ ᠢ ᠣᠷᠬᠢᠭ᠎ᠠ ᠦᠭᠡᠢ ᠡᠳᠦᠷ ᠨᠢ ᠡᠭᠦᠯᠡᠨ ᠪᠠᠭᠠᠨ᠎ᠠ ᠪᠠᠷ ᠵᠠᠮ ᠢ ᠨᠢ ᠬᠥᠲᠥᠯᠥᠨ ᠰᠥᠨᠢ ᠨᠢ ᠭᠠᠯ ᠪᠠᠭᠠᠨ᠎ᠠ ᠪᠠᠷ ᠶᠠᠪᠤᠬᠤ ᠵᠠᠮ ᠢ ᠨᠢ ᠭᠡᠷᠡᠯᠲᠦᠭᠦᠯᠵᠦ ᠲᠡᠳᠡᠨ ᠡᠴᠡ ᠶᠡᠷᠦ ᠰᠠᠯᠤᠭᠰᠠᠨ ᠦᠭᠡᠢ᠃
20 ᠰᠠᠢᠨ ᠰᠦᠨᠡᠰᠦ ᠪᠡᠨ ᠰᠣᠶᠣᠷᠬᠠᠵᠤ ᠲᠡᠳᠡᠨ ᠳᠦ ᠲᠠ ᠵᠢᠭᠠᠪᠤᠷᠢᠯᠠᠪᠠ ᠠᠩ᠋ᠭᠠᠬᠤ ᠳᠤᠨᠢ ᠲᠠ ᠤᠰᠤ ᠬᠠᠩ᠋ᠭᠠᠵᠤ ᠠᠮᠠᠨ ᠠᠴᠠ ᠨᠢ ᠲᠠ ᠮᠠᠨᠨᠠ ᠪᠠᠨ ᠬᠠᠷᠠᠮᠨᠠᠭ᠎ᠠ ᠦᠭᠡᠢ᠂
21 ᠲᠠ ᠳᠥᠴᠢᠨ ᠵᠢᠯ ᠲᠡᠳᠬᠦᠭᠰᠡᠨ ᠢᠶᠡᠷ ᠴᠥᠯ ᠳᠤ ᠲᠡᠳᠡ ᠭᠠᠴᠢᠭᠳᠠᠭᠠ ᠦᠭᠡᠢ ᠬᠤᠪᠴᠠᠰᠤ ᠨᠢ ᠡᠯᠡᠭᠳᠡᠭᠡ ᠦᠭᠡᠢ ᠬᠥᠯ ᠨᠢ ᠬᠣᠯᠭᠣᠭᠠ ᠦᠭᠡᠢ᠃
22 ᠲᠠ ᠬᠠᠭᠠᠨᠴᠢᠯᠠᠯ ᠪᠠ ᠦᠨᠳᠦᠰᠦᠲᠡᠨ ᠨᠦᠭᠦᠳ ᠢ ᠥᠭᠴᠦ ᠬᠢᠯᠢ ᠬᠢᠵᠠᠭᠠᠷ ᠢ ᠨᠢ ᠬᠤᠪᠢ ᠪᠣᠯᠭᠠᠨ ᠰᠣᠶᠣᠷᠬᠠᠬᠤ ᠳᠤ ᠲᠡᠳᠡ ᠬᠧᠰᠢᠪᠣᠨ ᠤ ᠬᠠᠭᠠᠨ ᠰᠢᠬᠣᠨ ᠤ ᠭᠠᠵᠠᠷ ᠢ᠂ ᠪᠠᠱᠠᠨ ᠤ ᠬᠠᠭᠠᠨ ᠣᠭ ᠤᠨ ᠭᠠᠵᠠᠷ ᠢ ᠡᠵᠡᠯᠡᠪᠡ᠃
23 ᠮᠥᠨ ᠲᠡᠳᠡᠨ ᠦ ᠬᠥᠪᠡᠭᠦᠳ ᠢ ᠲᠩᠷᠢ ᠶᠢᠨ ᠣᠳᠣᠳ ᠮᠡᠲᠦ ᠣᠯᠠᠨ ᠪᠣᠯᠭᠠᠵᠤ ᠡᠴᠢᠭᠡ ᠡᠪᠦᠭᠡᠳ ᠲᠤᠨᠢ ᠣᠴᠢᠵᠤ ᠡᠵᠡᠮᠰᠢᠬᠦ ᠶᠢ ᠵᠠᠬᠢᠭᠰᠠᠨ ᠡᠵᠡᠮᠰᠢᠯ ᠭᠠᠵᠠᠷ ᠲᠠᠭᠠᠨ ᠲᠡᠳᠡᠨ ᠢ ᠣᠷᠣᠭᠤᠯᠪᠠ᠃
24 ᠲᠡᠷᠡ ᠡᠵᠡᠮᠰᠢᠯ ᠭᠠᠵᠠᠷ ᠲᠤ ᠬᠥᠪᠡᠭᠦᠳ ᠢ ᠨᠢ ᠲᠠ ᠣᠷᠣᠭᠤᠯᠵᠤ ᠲᠡᠳᠡᠨ ᠦ ᠡᠮᠦᠨ᠎ᠡ ᠲᠠ ᠤᠤᠭᠠᠯ ᠺᠠᠨᠠᠨᠴᠤᠳ ᠢ ᠳᠣᠷᠣᠢᠲᠠᠭᠤᠯᠵᠠᠢ ᠺᠠᠨᠠᠨᠴᠤᠳ ᠢ ᠲᠠ ᠬᠠᠭᠠᠳ ᠲᠠᠢ ᠨᠢ ᠬᠠᠮᠲᠤ ᠭᠠᠵᠠᠷ ᠤᠨ ᠣᠯᠠᠨ ᠦᠨᠳᠦᠰᠦᠲᠡᠨ ᠲᠡᠢ ᠨᠢ ᠬᠠᠮᠲᠤ ᠭᠠᠷ ᠲᠤᠨᠢ ᠲᠡᠳᠡᠨ ᠳᠦ ᠲᠤᠰᠢᠶᠠᠭᠰᠠᠨ ᠳᠤ ᠬᠦᠰᠡᠭᠰᠡᠨ ᠢᠶᠡᠨ ᠲᠡᠳᠡ ᠦᠢᠯᠡᠳᠴᠦ
25 ᠪᠡᠬᠢᠯᠡᠯᠲᠡ ᠲᠠᠢ ᠬᠣᠲᠠ ᠨᠤᠭᠤᠳ ᠢ ᠨᠢ ᠪᠡᠯᠴᠢᠭᠡᠷ ᠰᠢᠮ᠎ᠡ ᠲᠠᠢ ᠭᠠᠵᠠᠷ ᠢ ᠨᠢ ᠣᠯᠵᠤ ᠪᠠᠶᠠᠯᠢᠭ ᠳᠦᠭᠦᠷᠡᠩ ᠭᠡᠷ ᠢ ᠨᠢ ᠪᠠᠰᠠ ᠮᠠᠯᠲᠠᠭᠰᠠᠨ ᠬᠤᠳᠳᠤᠭ ᠢ ᠨᠢ ᠦᠵᠦᠮ᠂ ᠴᠢᠳᠦᠨ ᠦ ᠬᠦᠷᠢᠶᠡᠯᠡᠩ ᠢ ᠨᠢ ᠣᠯᠠᠨ ᠵᠢᠮᠢᠰ ᠤᠨ ᠮᠣᠳᠣ ᠶᠢ ᠨᠢ ᠡᠵᠡᠮᠰᠢᠨ ᠲᠠᠪᠠᠲᠠᠢ ᠲᠠᠭᠠᠲᠠᠢ ᠢᠳᠡᠵᠡᠭᠡᠵᠦ ᠲᠠᠨ ᠤ ᠠᠭᠤᠤ ᠰᠠᠢᠨ ᠰᠠᠢᠬᠠᠨ ᠳᠤ ᠪᠠᠶᠠᠰᠴᠠᠢ᠃
26 ᠭᠡᠪᠡᠴᠦ ᠲᠡᠳᠡ ᠳᠤᠭᠤᠯᠭᠠᠪᠤᠷᠢ ᠦᠭᠡᠢ ᠪᠣᠯᠵᠤ ᠭᠡᠳᠡᠷᠭᠦ ᠪᠡᠨ ᠲᠠᠨ ᠠᠴᠠ ᠲᠡᠷᠰᠯᠡᠵᠦ ᠲᠠᠨ ᠤ ᠬᠠᠤᠯᠢ ᠵᠢᠷᠤᠮ ᠢ ᠨᠢᠷᠤᠭᠤᠨ ᠠᠷᠤ ᠳᠠᠭᠠᠨ ᠣᠷᠬᠢᠨ ᠡᠷᠭᠢᠭᠦᠯᠵᠦ ᠠᠪᠴᠢᠷᠠᠬᠤ ᠪᠠᠷ ᠢᠳᠬᠠᠭᠰᠠᠨ ᠡᠰᠢ ᠦᠵᠡᠭᠦᠯᠦᠭᠴᠢᠳ ᠢ ᠲᠠᠨᠢ ᠠᠯᠠᠵᠤ ᠦᠨᠡᠬᠡᠷ ᠲᠠᠨ ᠢ ᠳᠣᠷᠣᠮᠵᠢᠯᠠᠭᠰᠠᠨ ᠪᠢᠯᠡ᠃
27 ᠲᠡᠭᠡᠬᠦ ᠳᠦ ᠲᠠ ᠲᠡᠳᠡᠨ ᠢ ᠳᠠᠢᠰᠤᠨ ᠤ ᠬᠢᠨᠢ ᠭᠠᠷ ᠲᠤ ᠥᠭᠴᠦ ᠳᠠᠢᠰᠤᠨ ᠨᠤᠭᠤᠳ ᠨᠢ ᠲᠡᠳᠡᠨ ᠢ ᠳᠠᠷᠤᠯᠠᠨ ᠵᠣᠪᠠᠭᠠᠵᠤ ᠪᠠᠢᠪᠠ ᠵᠣᠪᠠᠯᠠᠩ ᠳᠤ ᠪᠠᠢᠬᠤ ᠳᠠᠭᠠᠨ ᠲᠡᠳᠡ ᠲᠠᠨ ᠳᠤ ᠬᠠᠨᠳᠤᠨ ᠬᠠᠰᠬᠢᠷᠪᠠᠯ ᠲᠩᠷᠢ ᠡᠴᠡ ᠲᠠ ᠰᠣᠨᠣᠰᠣᠭᠠᠳ ᠠᠭᠤᠤ ᠥᠷᠥᠪᠳᠥᠯ ᠦᠨ ᠢᠶᠠᠨ ᠤᠯᠠᠮ ᠢᠶᠠᠷ ᠠᠪᠤᠷᠠᠭᠴᠢᠳ ᠢ ᠢᠯᠡᠭᠡᠵᠦ ᠳᠠᠢᠰᠤᠨ ᠤ ᠬᠢᠨᠢ ᠭᠠᠷ ᠠᠴᠠ ᠠᠪᠤᠷᠠᠳᠠᠭ
28 ᠠᠮᠤᠰᠬᠢᠮᠠᠭᠴᠠ ᠪᠠᠨ ᠯᠠ ᠲᠡᠳᠡ ᠲᠠᠨ ᠤ ᠡᠮᠦᠨ᠎ᠡ ᠠᠬᠢᠭᠠᠳ ᠮᠠᠭᠤ ᠶᠢ ᠦᠢᠯᠡᠳᠴᠡᠢ ᠲᠡᠭᠡᠬᠦ ᠳᠦ ᠲᠠ ᠲᠡᠳᠡᠨ ᠢ ᠳᠠᠢᠰᠤᠨ ᠤ ᠬᠢᠨᠢ ᠭᠠᠷ ᠲᠤ ᠣᠷᠬᠢᠵᠤ ᠳᠠᠢᠰᠤᠨ ᠨᠤᠭᠤᠳ ᠨᠢ ᠲᠡᠳᠡᠨ ᠢ ᠨᠣᠶᠠᠷᠬᠠᠵᠤ ᠪᠠᠢᠪᠠ᠂ ᠬᠠᠷᠢᠨ ᠲᠠᠨ ᠤᠷᠤᠭᠤ ᠡᠷᠭᠢᠨ ᠬᠠᠰᠬᠢᠷᠬᠤ ᠳᠤᠨᠢ ᠲᠩᠷᠢ ᠡᠴᠡ ᠲᠠ ᠰᠣᠨᠣᠰᠣᠭᠠᠳ ᠥᠷᠥᠪᠳᠥᠯ ᠦᠨ ᠢᠶᠠᠨ ᠤᠯᠠᠮ ᠢᠶᠠᠷ ᠡᠷᠭᠢᠨ ᠡᠷᠭᠢᠨ ᠠᠪᠤᠷᠠᠵᠠᠢ᠃
29 ᠬᠠᠤᠯᠢ ᠤᠷᠤᠭᠤ ᠪᠠᠨ ᠡᠷᠭᠢᠭᠦᠯᠬᠦ ᠪᠡᠷ ᠲᠡᠳᠡᠨ ᠢ ᠲᠠ ᠢᠳᠬᠠᠵᠠᠢ ᠬᠠᠷᠢᠨ ᠲᠡᠳᠡ ᠪᠠᠷᠳᠠᠮᠨᠠᠵᠤ ᠲᠤᠰᠢᠶᠠᠯ ᠢ ᠲᠠᠨᠢ ᠡᠰᠡ ᠰᠣᠨᠣᠰᠴᠤ ᠵᠢᠷᠤᠮ ᠤᠳ ᠢ ᠲᠠᠨᠢ ᠵᠥᠷᠢᠴᠡᠵᠡᠢ ᠡᠳᠡᠭᠡᠷ ᠢᠶᠡᠷ ᠬᠥᠮᠦᠨ ᠠᠮᠢᠳᠤᠷᠠᠳᠠᠭ᠂ ᠬᠠᠷᠢᠨ ᠲᠡᠳᠡ ᠮᠥᠷᠥ ᠪᠡᠨ ᠰᠢᠯᠭᠡᠭᠡᠵᠦ ᠬᠦᠵᠦᠭᠦᠦ ᠪᠡᠨ ᠭᠦᠵᠦᠭᠦᠳᠯᠡᠨ ᠲᠠᠨ ᠤ ᠬᠢ ᠶᠢ ᠡᠰᠡ ᠰᠣᠨᠣᠰᠪᠠ᠃
30 ᠣᠯᠠᠨ ᠵᠢᠯ ᠢᠶᠠᠷ ᠲᠠ ᠲᠡᠳᠡᠨ ᠢ ᠬᠦᠯᠢᠴᠡᠵᠡᠢ ᠥᠪᠡᠷ ᠦᠨ ᠢᠶᠠᠨ ᠰᠦᠨᠡᠰᠦ ᠪᠠ ᠡᠰᠢ ᠦᠵᠡᠭᠦᠯᠦᠭᠴᠢᠳ ᠢᠶᠠᠷ ᠳᠠᠮᠵᠢᠭᠤᠯᠤᠨ ᠢᠳᠬᠠᠵᠠᠢ ᠬᠠᠷᠢᠨ ᠲᠡᠳᠡ ᠪᠠᠰᠠ ᠠᠩ᠋ᠬᠠᠷᠤᠯ ᠲᠠᠯᠪᠢᠭ᠎ᠠ ᠦᠭᠡᠢ ᠤᠴᠢᠷ ᠠᠴᠠ ᠬᠠᠷᠢ ᠬᠥᠮᠦᠰ ᠦᠨ ᠭᠠᠷ ᠲᠤ ᠲᠠ ᠲᠡᠳᠡᠨ ᠢ ᠥᠭᠴᠡᠢ
31 ᠲᠡᠭᠡᠭᠰᠡᠨ ᠪᠣᠯᠪᠠᠴᠤ ᠠᠭᠤᠤ ᠥᠷᠥᠪᠳᠥᠯ ᠦᠨ ᠢᠶᠠᠨ ᠤᠯᠠᠮ ᠢᠶᠠᠷ ᠲᠡᠳᠡᠨ ᠢ ᠲᠠ ᠡᠴᠦᠰᠯᠡᠭᠦᠯᠦᠭᠡ ᠦᠭᠡᠢ᠂ ᠣᠷᠬᠢᠭ᠎ᠠ ᠴᠤ ᠦᠭᠡᠢ ᠤᠴᠢᠷ ᠨᠢ ᠲᠠ ᠪᠣᠯ ᠡᠨᠡᠷᠢᠩᠭᠦᠢ ᠪᠥᠭᠡᠳ ᠥᠷᠥᠪᠴᠢ ᠪᠤᠷᠬᠠᠨ ᠪᠢᠯᠡ᠃
32 ᠣᠳᠣ ᠪᠢᠳᠡᠨ ᠦ ᠪᠤᠷᠬᠠᠨ ᠠᠤᠭ᠎ᠠ ᠬᠦᠴᠦᠲᠡᠢ᠂ ᠰᠦᠷᠳᠡᠮᠡᠷ ᠪᠥᠭᠡᠳ ᠬᠠᠢᠷ᠎ᠠ ᠶᠢᠨ ᠭᠡᠷ᠎ᠡ ᠪᠡᠨ ᠰᠠᠬᠢᠭᠴᠢ ᠪᠤᠷᠬᠠᠨ ᠮᠢᠨᠢ ᠠᠰᠢᠷᠢᠶ᠎ᠠ ᠶᠢᠨ ᠬᠠᠭᠠᠳ ᠤᠨ ᠡᠳᠦᠷ ᠤᠳ ᠠᠴᠠ ᠥᠨᠥᠳᠥᠷ ᠬᠦᠷᠲᠡᠯ᠎ᠡ ᠥᠪᠡᠷᠰᠡᠳ ᠲᠦ ᠮᠢᠨᠢ᠂ ᠬᠠᠭᠠᠳ ᠨᠣᠶᠠᠳ ᠲᠤ ᠮᠢᠨᠢ ᠪᠠᠰᠠ ᠲᠠᠬᠢᠯᠴᠢ ᠬᠢᠭᠡᠳ ᠡᠰᠢ ᠦᠵᠡᠭᠦᠯᠦᠭᠴᠢᠳ ᠲᠤ ᠮᠠᠨᠢ ᠡᠴᠢᠭᠡ ᠡᠪᠦᠭᠡᠳ ᠲᠦ ᠮᠢᠨᠢ ᠬᠢᠭᠡᠳ ᠠᠷᠠᠳ ᠲᠦᠮᠡᠨ ᠳᠡᠭᠡᠨ ᠤᠴᠠᠷᠠᠭᠰᠠᠨ ᠡᠨᠡ ᠪᠦᠬᠦᠨ ᠢ ᠥᠴᠦᠬᠡᠨ ᠬᠡᠮᠡᠨ ᠪᠦᠦ ᠦᠵᠡᠭᠡᠴᠢ︕
33 ᠪᠦᠬᠦᠢᠯᠡ ᠤᠴᠠᠷᠠᠭᠰᠠᠨ ᠵᠦᠢᠯ ᠳᠡᠭᠡᠷ᠎ᠡ ᠮᠢᠨᠢ ᠪᠦᠷ ᠲᠠ ᠯᠠ ᠵᠥᠪ ᠪᠠᠢᠭᠰᠠᠨ ᠲᠠ ᠢᠲᠡᠭᠡᠮᠵᠢᠲᠠᠢ ᠪᠠᠷ ᠬᠢᠵᠦ ᠪᠢᠳᠡ ᠪᠤᠷᠤᠭᠤ ᠶᠢ ᠦᠢᠯᠡᠳᠴᠡᠢ
34 ᠬᠠᠭᠠᠳ᠂ ᠵᠠᠬᠢᠷᠤᠭᠴᠢᠳ᠂ ᠲᠠᠬᠢᠯᠴᠢᠳ ᠬᠢᠭᠡᠳ ᠡᠴᠢᠭᠡ ᠡᠪᠦᠭᠡᠳ ᠮᠠᠨᠢ ᠪᠦᠷ ᠲᠠᠨ ᠤ ᠰᠤᠷᠭᠠᠯ ᠢ ᠳᠠᠭᠠᠭ᠎ᠠ ᠦᠭᠡᠢ ᠲᠤᠰᠢᠶᠠᠯ ᠬᠢᠭᠡᠳ ᠰᠠᠨᠠᠭᠤᠯᠭ᠎ᠠ ᠪᠠᠨ ᠥᠭᠬᠦ ᠳᠦ ᠲᠠᠨᠢ ᠲᠡᠳᠡ ᠠᠩ᠋ᠬᠠᠷᠤᠯ ᠲᠠᠯᠪᠢᠭ᠎ᠠ ᠦᠭᠡᠢ
35 ᠥᠪᠡᠷᠰᠡᠳ ᠳᠤᠨᠢ ᠲᠠᠨ ᠤ ᠰᠣᠶᠣᠷᠬᠠᠭᠰᠠᠨ ᠠᠭᠤᠵᠢᠮ ᠰᠢᠮ᠎ᠡ ᠲᠠᠢ ᠨᠤᠲᠤᠭ ᠲᠤ ᠲᠡᠳᠡ ᠦᠯᠡᠮᠵᠢ ᠰᠠᠢᠨ ᠰᠠᠢᠬᠠᠨ ᠢᠶᠠᠷ ᠲᠠᠨᠢ ᠪᠠᠶᠠᠰᠴᠤ ᠬᠠᠭᠠᠨᠴᠢᠯᠠᠯ ᠤᠨ ᠢᠶᠠᠨ ᠳᠣᠲᠣᠷ᠎ᠠ ᠪᠠᠢᠬᠤ ᠳᠠᠭᠠᠨ ᠮᠥᠨ ᠲᠠᠨ ᠳᠤ ᠦᠢᠯᠡᠴᠢᠯᠡᠭᠡ ᠦᠭᠡᠢ ᠮᠠᠭᠤ ᠦᠢᠯᠡ ᠡᠴᠡ ᠪᠡᠨ ᠴᠤ ᠡᠷᠭᠢᠭᠡ ᠦᠭᠡᠢ᠃
36 ᠬᠠᠷᠠᠭᠠᠴᠢ᠂ ᠥᠨᠥᠳᠥᠷ ᠪᠢᠳᠡ ᠪᠣᠭᠣᠯ ᠪᠣᠯᠵᠠᠢ ᠠᠯᠢᠮ᠎ᠠ ᠵᠢᠮᠢᠰ ᠢ ᠨᠢ ᠢᠳᠡᠭᠦᠯᠵᠦ ᠰᠠᠢᠨ ᠢ ᠨᠢ ᠠᠮᠰᠠᠭᠤᠯᠬᠤ ᠪᠠᠷ ᠡᠴᠢᠭᠡ ᠡᠪᠦᠭᠡᠳ ᠲᠦ ᠮᠠᠨᠢ ᠲᠠᠨ ᠤ ᠥᠭᠭᠥᠭᠰᠡᠨ ᠡᠨᠡ ᠨᠤᠲᠤᠭ ᠳᠡᠭᠡᠷ᠎ᠡ ᠪᠢᠳᠡ ᠪᠣᠭᠣᠯ ᠪᠣᠯᠵᠠᠢ᠃
37 ᠥᠪᠡᠷᠰᠡᠳ ᠦᠨ ᠮᠢᠨᠢ ᠭᠡᠮ ᠨᠢᠭᠦᠯ ᠦᠨ ᠤᠯᠠᠮ ᠢᠶᠠᠷ ᠡᠯᠪᠡᠭ ᠦᠷ᠎ᠡ ᠵᠢᠮᠢᠰ ᠨᠢ ᠴᠤ ᠥᠪᠡᠷᠰᠡᠳ ᠦᠨ ᠮᠢᠨᠢ ᠳᠡᠭᠡᠷ᠎ᠡ ᠲᠠᠨ ᠤ ᠲᠠᠯᠪᠢᠭᠰᠠᠨ ᠥᠨᠥᠬᠢ ᠬᠠᠭᠠᠳ ᠤᠨ ᠬᠢ ᠪᠣᠯᠵᠠᠢ ᠮᠢᠬᠠᠨ ᠪᠡᠶ᠎ᠡ ᠮᠢᠨᠢ ᠴᠤ ᠮᠠᠯ ᠰᠦᠷᠦᠭ ᠮᠢᠨᠢ ᠴᠤ ᠲᠡᠳᠡᠨ ᠦ ᠮᠡᠳᠡᠯ ᠳᠦ ᠣᠷᠣᠵᠤ ᠮᠠᠨ ᠤ ᠵᠣᠪᠠᠯᠠᠩ ᠮᠠᠰᠢ ᠶᠡᠬᠡ ᠪᠣᠯᠵᠠᠢ》 ᠭᠡᠪᠡ᠃
ᠬᠠᠤᠯᠢ ᠶᠢ ᠰᠠᠬᠢᠬᠤ ᠭᠡᠷ᠎ᠡ
38 ᠪᠢᠳᠡ ᠡᠨᠡ ᠪᠦᠬᠦᠨ ᠢ ᠦᠵᠡᠭᠡᠳ ᠪᠠᠲᠤ ᠭᠡᠷ᠎ᠡ ᠪᠠᠢᠭᠤᠯᠤᠨ᠂ ᠡᠭᠦᠨ ᠢ ᠪᠢᠴᠢᠭᠰᠡᠨ ᠪᠥᠭᠡᠳ ᠡᠭᠦᠨ ᠦ ᠳᠡᠭᠡᠷ᠎ᠡ ᠮᠠᠨ ᠤ ᠨᠣᠶᠠᠳ᠂ ᠯᠧᠸᠢᠴᠦᠳ ᠪᠣᠯᠣᠨ ᠲᠠᠬᠢᠯᠴᠢᠳ ᠲᠠᠮᠠᠭ᠎ᠠ ᠪᠠᠨ ᠳᠠᠷᠤᠵᠤ ᠪᠠᠢᠯ᠎ᠠ᠃