ᠨᠧᠾᠧᠮᠢᠶ᠎ᠠ ᠲᠠᠪᠤ
ᠶᠠᠳᠠᠭᠤᠰ ᠲᠤ ᠲᠤᠰᠠᠯᠠᠪᠠ
1 ᠠᠷᠠᠳ ᠣᠯᠠᠨ ᠪᠣᠯᠣᠨ ᠡᠬᠡᠨᠡᠷ ᠤᠳ ᠨᠢ ᠶᠦᠳᠠᠢ ᠠᠬ᠎ᠠ ᠳᠡᠭᠦᠦᠰ ᠲᠡᠭᠡᠨ ᠥᠨᠳᠥᠷ ᠳᠠᠭᠤ ᠪᠠᠷ ᠭᠣᠮᠣᠳᠠᠯ ᠭᠠᠷᠭᠠᠪᠠ᠃ 2 ᠵᠠᠷᠢᠮ ᠨᠢ᠄ 《ᠪᠢᠳᠡ ᠬᠥᠪᠡᠭᠦᠳ ᠥᠬᠢᠳ ᠲᠠᠢ ᠪᠠᠨ ᠣᠯᠠᠭᠤᠯᠠ ᠪᠠᠢᠭ᠎ᠠ᠂ ᠢᠳᠡᠬᠦ ᠬᠣᠭᠣᠯᠠ ᠲᠠᠢ ᠪᠣᠯᠣᠶ᠎ᠠ ᠭᠡᠪᠡᠯ᠂ ᠠᠮᠤ ᠬᠦᠨᠡᠰᠦ ᠣᠯᠬᠤ ᠬᠡᠷᠡᠭᠲᠡᠢ ᠪᠠᠢᠨ᠎ᠠ》 ᠭᠡᠵᠦ᠂ 3 ᠵᠠᠷᠢᠮ ᠨᠢ᠄ 《ᠥᠯᠥᠰᠬᠥᠯᠡᠩ ᠡᠴᠡ ᠪᠣᠯᠵᠤ ᠪᠢᠳᠡ ᠠᠮᠤ ᠬᠦᠨᠡᠰᠦ ᠣᠯᠬᠤ ᠪᠠᠷ ᠲᠠᠷᠢᠶᠠᠨ ᠲᠠᠯᠠᠪᠠᠢ᠂ ᠦᠵᠦᠮ ᠦᠨ ᠬᠦᠷᠢᠶᠡᠯᠡᠩ᠂ ᠣᠷᠣᠨ ᠰᠠᠭᠤᠴᠠ ᠪᠠᠨ ᠪᠠᠷᠢᠴᠠᠭᠠᠯᠠᠵᠤ ᠪᠠᠢᠨ᠎ᠠ》 ᠭᠡᠵᠦ᠂ 4 ᠪᠠᠰᠠ ᠵᠠᠷᠢᠮ ᠨᠢ᠄ 《ᠪᠢᠳᠡ ᠲᠠᠷᠢᠶᠠᠨ ᠲᠠᠯᠠᠪᠠᠢ᠂ ᠦᠵᠦᠮ ᠦᠨ ᠬᠦᠷᠢᠶᠡᠯᠡᠩ ᠲᠦ ᠮᠢᠨᠢ ᠣᠨᠣᠭᠠᠭᠰᠠᠨ ᠬᠠᠭᠠᠨ ᠤ ᠲᠠᠲᠠᠪᠤᠷᠢ ᠶᠢ ᠲᠥᠯᠥᠬᠦ ᠪᠡᠷ ᠮᠥᠩᠭᠥ ᠵᠢᠭᠡᠯᠡᠭᠰᠡᠨ᠃ 5 ᠪᠢᠳᠡᠨ ᠦ ᠮᠢᠬᠠᠨ ᠪᠡᠶ᠎ᠡ ᠶᠦᠳᠠᠢ ᠠᠬ᠎ᠠ ᠳᠡᠭᠦᠦᠰ ᠦᠨ ᠢᠶᠠᠨ ᠮᠢᠬᠠᠨ ᠪᠡᠶ᠎ᠡ ᠲᠠᠢ ᠠᠳᠠᠯᠢ᠂ ᠪᠢᠳᠡᠨ ᠦ ᠬᠡᠦᠬᠡᠳ ᠤᠳ ᠲᠡᠳᠡᠨ ᠦ ᠬᠡᠦᠬᠡᠳ ᠤᠳ ᠲᠠᠢ ᠠᠳᠠᠯᠢ ᠪᠠᠢᠬᠤ ᠳᠤ᠂ ᠪᠢᠳᠡ ᠬᠥᠪᠡᠭᠦᠳ ᠥᠬᠢᠳ ᠢᠶᠠᠨ ᠪᠣᠭᠣᠯ ᠪᠣᠯᠭᠠᠬᠤ ᠨᠢ ᠤᠤ︖ ᠮᠠᠨ ᠤ ᠵᠠᠷᠢᠮ ᠥᠬᠢᠳ ᠪᠣᠭᠣᠯ ᠪᠣᠯᠴᠢᠬᠠᠭᠰᠠᠨ ᠪᠣᠯᠪᠠᠴᠤ ᠪᠢᠳᠡ ᠶᠠᠭᠠᠬᠢᠵᠤ ᠴᠤ ᠴᠢᠳᠠᠬᠤ ᠦᠭᠡᠢ ᠪᠠᠢᠨ᠎ᠠ᠃ ᠮᠠᠨ ᠤ ᠲᠠᠷᠢᠶᠠᠨ ᠲᠠᠯᠠᠪᠠᠢ᠂ ᠦᠵᠦᠮ ᠦᠨ ᠬᠦᠷᠢᠶᠡᠯᠡᠩ ᠴᠤ ᠪᠤᠰᠤᠳ ᠤᠨ ᠬᠢ ᠪᠣᠯᠵᠠᠢ》 ᠭᠡᠯᠴᠡᠵᠦ ᠪᠠᠢᠪᠠ᠃
6 ᠪᠢ ᠲᠡᠳᠡᠨ ᠦ ᠥᠨᠳᠥᠷ ᠳᠠᠭᠤ ᠪᠠᠷ ᠶᠠᠷᠢᠬᠤ ᠦᠭᠡᠰ ᠢ ᠰᠣᠨᠣᠰᠣᠭᠠᠳ ᠶᠡᠬᠡᠳᠡ ᠠᠭᠤᠷᠯᠠᠪᠠ᠃ 7 ᠪᠢ ᠡᠳᠡᠭᠡᠷ ᠢ ᠲᠤᠩ᠋ᠭᠠᠨ ᠪᠣᠳᠣᠭᠰᠠᠨ ᠤ ᠳᠠᠷᠠᠭ᠎ᠠ᠂ ᠨᠣᠶᠠᠳ ᠲᠦᠰᠢᠮᠡᠳ ᠢ᠄ 《ᠲᠠ ᠨᠠᠷ ᠤᠨ ᠬᠥᠮᠦᠨ ᠪᠣᠯᠭᠠᠨ ᠠᠬ᠎ᠠ ᠳᠡᠭᠦᠦᠰ ᠡᠴᠡ ᠪᠡᠨ ᠬᠦᠦ ᠮᠥᠩᠭᠥ ᠱᠠᠭᠠᠷᠳᠠᠬᠤ ᠨᠢ ᠤᠤ︖》 ᠬᠡᠮᠡᠨ ᠵᠢᠮᠡᠯᠡᠭᠡᠳ ᠡᠳᠡᠭᠡᠷ ᠦᠨ ᠲᠤᠬᠠᠢ ᠶᠠᠷᠢᠯᠴᠠᠬᠤ ᠪᠠᠷ ᠶᠡᠬᠡ ᠴᠢᠭᠤᠯᠭᠠᠨ ᠢ ᠴᠤᠭᠯᠠᠭᠤᠯᠪᠠ᠃ 8 ᠪᠢ ᠲᠡᠳᠡᠨ ᠳᠦ᠄ 《ᠪᠢᠳᠡ ᠬᠠᠷᠢᠴᠤᠳ ᠲᠤ ᠬᠤᠳᠠᠯᠳᠤᠭᠳᠠᠭᠰᠠᠨ ᠶᠦᠳᠠᠢ ᠠᠬ᠎ᠠ ᠳᠡᠭᠦᠦᠰ ᠢᠶᠡᠨ ᠴᠢᠳᠠᠬᠤ ᠶᠢᠨ ᠴᠢᠨᠡᠭᠡ ᠪᠡᠷ ᠢᠶᠠᠨ ᠵᠣᠯᠢᠨ ᠠᠪᠴᠢᠷᠠᠭᠰᠠᠨ ᠪᠠᠢᠬᠤ ᠳᠤ᠂ ᠲᠠ ᠨᠠᠷ ᠠᠬ᠎ᠠ ᠳᠡᠭᠦᠦᠰ ᠢᠶᠡᠨ ᠬᠤᠳᠠᠯᠳᠤᠬᠤ ᠨᠢ ᠤᠤ︖ ᠪᠢᠳᠡ ᠳᠠᠬᠢᠨ ᠵᠣᠯᠢᠵᠤ ᠠᠪᠬᠤ ᠬᠡᠷᠡᠭ ᠤᠤ︖》 ᠭᠡᠬᠦ ᠳᠦ᠂ ᠲᠡᠳᠡ ᠴᠢᠮᠡᠭᠡ ᠦᠭᠡᠢ ᠪᠣᠯᠵᠤ᠂ ᠬᠡᠯᠡᠬᠦ ᠦᠭᠡ ᠣᠯᠣᠭᠰᠠᠨ ᠦᠭᠡᠢ᠃ 9 ᠪᠢ ᠳᠠᠬᠢᠨ᠄ 《ᠲᠠ ᠨᠠᠷ ᠤᠨ ᠬᠢᠵᠦ ᠪᠤᠢ ᠵᠦᠢᠯ ᠵᠥᠪ ᠪᠢᠰᠢ᠃ ᠲᠠ ᠨᠠᠷ ᠬᠠᠷᠢᠴᠤᠳ ᠪᠣᠯᠣᠨ ᠳᠠᠢᠰᠤᠨ ᠨᠤᠭᠤᠳ ᠤᠨ ᠢᠶᠠᠨ ᠪᠠᠰᠤᠮᠵᠢᠯᠠᠯ ᠪᠣᠯᠬᠤ ᠦᠭᠡᠢ ᠶᠢᠨ ᠲᠤᠯᠠᠳᠠ ᠪᠢᠳᠡᠨ ᠦ ᠪᠤᠷᠬᠠᠨ ᠠᠴᠠ ᠡᠮᠢᠶᠡᠵᠦ ᠠᠮᠢᠳᠤᠷᠠᠬᠤ ᠶᠣᠰᠣᠲᠠᠢ ᠪᠢᠰᠢ ᠤᠤ︖ 10 ᠪᠢ ᠥᠪᠡᠷ ᠢᠶᠡᠨ ᠴᠤ᠂ ᠮᠢᠨᠦ ᠠᠬ᠎ᠠ ᠳᠡᠭᠦᠦ ᠨᠠᠷ ᠪᠣᠯᠣᠨ ᠦᠢᠯᠡᠴᠢᠯᠡᠭᠴᠢᠳ ᠮᠢᠨᠢ ᠴᠤ ᠠᠷᠠᠳ ᠣᠯᠠᠨ ᠳᠤ ᠮᠥᠩᠭᠥ ᠪᠠ ᠠᠮᠤ ᠬᠦᠨᠡᠰᠦ ᠵᠢᠭᠡᠯᠡᠭᠦᠯᠵᠦ ᠪᠠᠢᠨ᠎ᠠ︕ ᠣᠳᠣ ᠪᠢᠳᠡ ᠪᠦᠭᠦᠳᠡᠭᠡᠷ ᠢᠶᠡᠨ ᠬᠦᠦ ᠮᠥᠩᠭᠥ ᠠᠪᠬᠤ ᠪᠠᠨ ᠪᠣᠯᠢᠵᠠᠭᠠᠶᠠ᠃ 11 ᠶᠠᠭ ᠥᠨᠥᠳᠥᠷ ᠲᠡᠳᠡᠨ ᠦ ᠲᠠᠷᠢᠶᠠᠨ ᠲᠠᠯᠠᠪᠠᠢ᠂ ᠦᠵᠦᠮ ᠦᠨ ᠬᠦᠷᠢᠶᠡᠯᠡᠩ᠂ ᠴᠢᠳᠦᠨ ᠦ ᠬᠦᠷᠢᠶᠡᠯᠡᠩ ᠪᠣᠯᠣᠨ ᠣᠷᠣᠨ ᠰᠠᠭᠤᠴᠠ ᠶᠢ᠂ ᠮᠥᠨ ᠲᠡᠳᠡᠨ ᠡᠴᠡ ᠱᠠᠭᠠᠷᠳᠠᠵᠤ ᠠᠪᠤᠭᠰᠠᠨ ᠮᠥᠩᠭᠥ᠂ ᠠᠮᠤ ᠬᠦᠨᠡᠰᠦ᠂ ᠰᠢᠨ᠎ᠡ ᠳᠠᠷᠠᠰᠤ᠂ ᠲᠣᠰᠣᠨ ᠤ ᠬᠦᠦ ᠪᠣᠯᠬᠤ ᠵᠠᠭᠤᠨ ᠤ ᠨᠢᠭᠡ ᠶᠢ ᠲᠡᠳᠡᠨ ᠳᠦ ᠪᠤᠴᠠᠭᠠᠵᠠᠭᠠ》 ᠭᠡᠰᠡᠨ ᠳᠦ᠂ 12 ᠲᠡᠳᠡ᠄ 《ᠪᠢᠳᠡ ᠲᠠᠨ ᠤ ᠬᠡᠯᠡᠭᠰᠡᠨ ᠶᠣᠰᠣᠭᠠᠷ ᠶᠠᠭᠤ ᠴᠤ ᠱᠠᠭᠠᠷᠳᠠᠯ ᠦᠭᠡᠢ ᠪᠤᠴᠠᠭᠠᠨ ᠥᠭᠭᠥᠶ᠎ᠡ》 ᠭᠡᠪᠡ᠃ ᠲᠡᠭᠡᠭᠡᠳ ᠪᠢ ᠲᠠᠬᠢᠯᠴᠢᠳ ᠢ ᠳᠠᠭᠤᠳᠠᠵᠤ᠂ ᠨᠣᠶᠠᠳ ᠲᠦᠰᠢᠮᠡᠳ ᠢᠶᠡᠷ ᠠᠮᠠᠯᠠᠯᠲᠠ ᠶᠢᠨ ᠢᠶᠠᠨ ᠳᠠᠭᠠᠤ ᠭᠦᠢᠴᠡᠳᠬᠡᠬᠦ ᠲᠠᠩ᠋ᠭᠠᠷᠢᠭ ᠬᠢᠯᠭᠡᠪᠡ᠃ 13 ᠪᠢ ᠮᠥᠨ ᠬᠤᠪᠴᠠᠰᠤᠨ ᠤ ᠪᠠᠨ ᠬᠣᠷᠮᠣᠢ ᠶᠢ ᠰᠡᠭᠰᠦᠷᠴᠦ᠄ 《ᠪᠤᠷᠬᠠᠨ ᠡᠨᠡ ᠠᠮᠠᠯᠠᠯᠲᠠ ᠶᠢ ᠪᠡᠶᠡᠯᠡᠭᠦᠯᠬᠦ ᠦᠭᠡᠢ ᠬᠥᠮᠦᠨ ᠪᠦᠷᠢ ᠶᠢ ᠭᠡᠷ ᠡᠴᠡ ᠨᠢ᠂ ᠡᠵᠡᠮᠰᠢᠯ ᠡᠴᠡ ᠨᠢ ᠢᠩᠭᠢᠵᠦ ᠰᠡᠭᠰᠦᠷᠦᠭ᠂ ᠲᠡᠷᠡ ᠬᠥᠮᠦᠨ ᠢᠩᠭᠢᠵᠦ ᠰᠡᠭᠰᠦᠷᠦᠭᠳᠡᠵᠦ ᠪᠦᠷ ᠬᠣᠭᠣᠰᠣᠷᠠᠭ》 ᠭᠡᠬᠦ ᠳᠦ᠂ ᠪᠦᠬᠦ ᠴᠢᠭᠤᠯᠭᠠᠨ᠄ 《ᠠᠮᠧᠨ》 ᠭᠡᠪᠡ᠃ ᠲᠡᠭᠡᠭᠡᠳ ᠲᠡᠳᠡ ᠶᠣᠬᠣᠸᠠ ᠶᠢ ᠮᠠᠭᠲᠠᠪᠠ᠃ ᠠᠷᠠᠳ ᠣᠯᠠᠨ ᠠᠮᠠᠯᠠᠭᠰᠠᠨ ᠶᠣᠰᠣᠭᠠᠷ ᠢᠶᠠᠨ ᠦᠢᠯᠡᠳᠦᠭᠰᠡᠨ ᠪᠠᠢᠨ᠎ᠠ᠃
14 ᠶᠦᠳᠠ ᠨᠤᠲᠤᠭ ᠤᠨ ᠵᠠᠬᠢᠷᠤᠭᠴᠢ ᠪᠠᠷ ᠲᠣᠮᠢᠯᠠᠭᠳᠠᠭᠰᠠᠨ ᠡᠳᠦᠷ᠂ ᠲᠤᠬᠠᠢᠯᠠᠪᠠᠯ ᠬᠠᠭᠠᠨ ᠠᠷᠲ᠋ᠠᠱᠠᠰᠲ᠋ᠠ ᠶᠢᠨ ᠬᠣᠷᠢᠳᠤᠭᠠᠷ ᠣᠨ ᠠᠴᠠ ᠭᠤᠴᠢᠨ ᠬᠣᠶᠠᠳᠤᠭᠠᠷ ᠣᠨ ᠬᠦᠷᠲᠡᠯᠡᠬᠢ ᠠᠷᠪᠠᠨ ᠬᠣᠶᠠᠷ ᠵᠢᠯ ᠤᠨ ᠲᠤᠷᠰᠢ ᠪᠢ ᠪᠣᠯᠣᠨ ᠮᠢᠨᠦ ᠠᠬ᠎ᠠ ᠳᠡᠭᠦᠦᠰ ᠵᠠᠬᠢᠷᠤᠭᠴᠢ ᠳᠤ ᠨᠣᠭᠳᠠᠬᠤ ᠬᠦᠨᠡᠰᠦ ᠶᠢ ᠢᠳᠡᠭᠰᠡᠨ ᠦᠭᠡᠢ᠃ 15 ᠨᠠᠳᠠ ᠠᠴᠠ ᠡᠮᠦᠨ᠎ᠡ ᠪᠠᠢᠭᠰᠠᠨ ᠤᠷᠢᠳᠤ ᠶᠢᠨ ᠵᠠᠬᠢᠷᠤᠭᠴᠢᠳ ᠠᠷᠠᠳ ᠲᠦᠮᠡᠨ ᠢ ᠠᠯᠪᠠᠳᠠᠨ ᠬᠣᠭᠣᠯᠠ᠂ ᠳᠠᠷᠠᠰᠤᠨ ᠠᠴᠠ ᠭᠠᠳᠠᠨ᠎ᠠ ᠳᠥᠴᠢᠨ ᠮᠥᠩᠭᠥᠨ ᠱᠧᠺᠧᠯ ᠠᠪᠳᠠᠭ ᠪᠥᠭᠡᠳ ᠵᠠᠷᠤᠴᠠ ᠨᠠᠷ ᠨᠢ ᠬᠦᠷᠲᠡᠯ᠎ᠡ ᠠᠷᠠᠳ ᠲᠦᠮᠡᠨ ᠢ ᠳᠠᠷᠤᠯᠠᠵᠤ ᠪᠠᠢᠭᠰᠠᠨ ᠪᠣᠯ᠂ ᠪᠢ ᠪᠤᠷᠬᠠᠨ ᠠᠴᠠ ᠡᠮᠢᠶᠡᠳᠡᠭ ᠤᠴᠢᠷ ᠠᠴᠠ ᠲᠡᠢᠨ ᠬᠦ ᠦᠢᠯᠡᠳᠦᠭᠰᠡᠨ ᠦᠭᠡᠢ᠃ 16 ᠬᠠᠷᠢᠨ ᠡᠨᠡ ᠬᠡᠷᠡᠮ ᠦᠨ ᠠᠵᠢᠯ ᠳᠤ ᠯᠠ ᠪᠦᠬᠦ ᠬᠦᠴᠦ ᠪᠡᠨ ᠵᠣᠷᠢᠭᠤᠯᠤᠭᠰᠠᠨ᠃ ᠮᠢᠨᠦ ᠵᠠᠷᠤᠴᠠ ᠨᠠᠷ ᠪᠦᠭᠦᠳᠡᠭᠡᠷ ᠢᠶᠡᠨ ᠲᠡᠨᠳᠡ ᠴᠤᠭᠯᠠᠷᠠᠭᠠᠳ ᠠᠵᠢᠯ ᠬᠢᠭᠰᠡᠨ᠂ ᠪᠢᠳᠡ ᠶᠠᠮᠠᠷ ᠴᠤ ᠭᠠᠵᠠᠷ ᠬᠤᠳᠠᠯᠳᠤᠵᠤ ᠠᠪᠤᠭ᠎ᠠ ᠦᠭᠡᠢ᠃ 17 ᠶᠦᠳᠠᠢᠴᠤᠳ ᠪᠣᠯᠣᠨ ᠳᠠᠭᠠᠭᠠᠮᠠᠯ ᠤᠳ ᠨᠡᠢᠲᠡ ᠵᠠᠭᠤ ᠲᠠᠪᠢᠨ ᠬᠥᠮᠦᠨ ᠡᠴᠡ ᠭᠠᠳᠠᠨ᠎ᠠ ᠡᠷᠭᠢᠨ ᠲᠣᠭᠣᠷᠢᠨ ᠤ ᠭᠦᠷᠦᠨ ᠨᠦᠭᠦᠳ ᠡᠴᠡ ᠢᠷᠡᠭᠰᠡᠨ ᠬᠥᠮᠦᠰ ᠮᠢᠨᠦ ᠰᠢᠷᠡᠭᠡᠨ ᠳᠦ ᠬᠣᠭᠣᠯᠠᠯᠳᠠᠭ ᠪᠠᠢᠪᠠ᠃ 18 ᠪᠢ ᠡᠳᠦᠷ ᠪᠦᠷᠢ ᠶᠢᠨ ᠬᠦᠨᠡᠰᠦᠨ ᠳᠦ ᠨᠢᠭᠡ ᠦᠬᠡᠷ᠂ ᠵᠢᠷᠭᠤᠭᠠᠨ ᠰᠠᠢᠨ ᠬᠣᠨᠢ ᠪᠣᠯᠣᠨ ᠣᠯᠠᠨ ᠲᠡᠵᠢᠭᠡᠪᠦᠷᠢ ᠵᠢᠭᠦᠷᠲᠡᠨ ᠢ ᠲᠥᠬᠥᠭᠡᠷᠴᠦ ᠪᠠᠢᠭᠰᠠᠨ ᠪᠥᠭᠡᠳ ᠪᠢ ᠥᠪᠡᠷ ᠢᠶᠡᠨ ᠠᠷᠪᠠ ᠬᠣᠨᠣᠭ ᠲᠤ ᠨᠢᠭᠡ ᠤᠳᠠᠭ᠎ᠠ ᠪᠦᠬᠦ ᠲᠥᠷᠥᠯ ᠦᠨ ᠳᠠᠷᠠᠰᠤ ᠶᠢ ᠡᠯᠪᠡᠭ ᠢᠶᠡᠷ ᠪᠡᠯᠡᠳᠬᠡᠵᠦ ᠪᠠᠢᠯ᠎ᠠ᠃ ᠡᠨᠡ ᠠᠷᠠᠳ ᠲᠦᠮᠡᠨ ᠦ ᠠᠵᠢᠯ ᠤᠨ ᠳᠠᠷᠤᠮᠲᠠ ᠬᠦᠨᠳᠦ ᠪᠣᠯᠬᠣᠷ ᠪᠢ ᠵᠠᠬᠢᠷᠤᠭᠴᠢ ᠶᠢᠨ ᠬᠦᠨᠡᠰᠦᠨ ᠦ ᠨᠣᠭᠳᠠᠯ ᠢ ᠱᠠᠭᠠᠷᠳᠠᠵᠤ ᠪᠠᠢᠭ᠎ᠠ ᠦᠭᠡᠢ᠃ 19 ᠪᠤᠷᠬᠠᠨ ᠮᠢᠨᠢ᠂ ᠡᠨᠡ ᠠᠷᠠᠳ ᠲᠦᠮᠡᠨ ᠦ ᠲᠥᠯᠥᠭᠡ ᠬᠢᠭᠰᠡᠨ ᠪᠦᠬᠦᠨ ᠢ ᠮᠢᠨᠢ ᠰᠠᠨᠠᠵᠤ᠂ ᠨᠠᠳᠠ ᠳᠤ ᠰᠠᠢᠨ ᠰᠠᠢᠬᠠᠨ ᠢᠶᠠᠨ ᠬᠠᠢᠷᠠᠯᠠᠭᠠᠴᠢ᠃